ᠠᠵᠢᠯᠴᠢ ᠠᠶᠢᠯ ᠤᠨ ᠠᠮᠢᠳᠣᠷᠠᠯ ᠦᠭᠡᠳᠡ ᠪᠠᠨ
ᠨᠡᠶᠢᠲᠡᠯᠡᠭᠰᠡᠨ ᠴᠠᠭ᠄
2021/9/22
             ᠠᠵᠢᠯᠴᠢ ᠠᠶᠢᠯ ᠤᠨ ᠠᠮᠢᠳᠣᠷᠠᠯ ᠦᠭᠡᠳᠡ ᠪᠡ᠊‍ᠨ                                ᠡᠨᠡ ᠵᠢᠯ ᠰᠦᠬᠡᠪᠠᠭᠠᠳᠣᠷ ᠭᠡᠷᠭᠡᠢ ᠣᠷᠠᠨᠴᠡᠴᠡᠭ ᠲᠠᠢ ᠪᠠᠨ ᠵᠣᠷᠰᠢᠯ ᠶᠣᠰᠣᠭᠠᠷ ᠬᠠᠳᠣᠯᠠᠩ ᠤᠨ ᠲᠠᠯᠠᠪᠠᠢ ᠳᠤ ᠡᠯᠪᠡᠭ ᠬᠤᠷᠢᠶᠠᠯᠳᠠ ᠲᠠᠢ ᠠᠵᠢᠯᠯᠠᠨ᠎ᠠ᠃ ᠰᠦᠬᠡᠪᠠᠭᠠᠲᠣᠷ 3 ᠢᠵᠢ ᠬᠤᠣᠰ ᠬᠢᠳᠣᠭᠠᠲᠦ ᠲᠷᠠᠺᠲ᠋ᠣᠷ ᠮᠠᠰᠢᠨ ᠢᠶᠠᠨ ᠵᠠᠰᠠᠵᠦ ᠰᠡᠯᠪᠢᠨ ᠂ ᠬᠢᠳᠤᠭ᠎ᠠ ᠪᠢᠯᠡᠭᠦᠳᠡᠨ᠂ ᠬᠤᠭᠤᠯᠠ ᠣᠮᠳᠠ ᠬᠢᠬᠦ ᠠᠵᠢᠯ ᠢ ᠬᠠᠷᠢᠭᠤᠴᠠᠨ᠂ ᠣᠷᠠᠨᠴᠡᠴᠡᠭ ᠨᠢ ᠮᠠᠰᠢᠨ ᠤ ᠠᠩᠬᠢ ᠪᠠᠨ ᠲᠠᠭᠠᠭᠤᠯᠣᠨ ᠬᠠᠳᠣᠯᠠᠩ ᠬᠠᠳᠣᠨ᠎ᠠ᠃ ᠲᠡᠷᠡ ᠬᠤᠶᠠᠷ ᠮᠠᠨᠢ 2014 ᠣᠨ ᠠᠴᠠ ᠡᠬᠢᠯᠡᠨ ᠡᠪᠡᠰᠦ ᠬᠠᠳᠣᠯᠠᠩ ᠤᠨ ᠠᠵᠢᠯ  ᠳᠤ ᠭᠠᠷ ᠲᠡᠩᠴᠡᠨ ᠠᠵᠢᠯᠯᠠᠬᠤ ᠪᠣᠯᠵᠣ᠂ ᠣᠷᠭᠤᠬᠤ ᠨᠠᠷᠠ ᠲᠠᠢ ᠣᠷᠣᠯᠳᠣᠨ᠂ ᠥᠷᠯᠦᠭᠡ ᠣᠷᠣᠢ ᠶᠢ ᠠᠵᠢᠯ ᠤᠨ ᠣᠷᠮ᠎ᠠ  ᠪᠠᠷ ᠣᠭᠳᠣᠵᠣ ᠦᠳᠡᠨ ᠠᠷᠪᠠᠭᠠᠳ ᠵᠢᠯ ᠤᠨ ᠨᠢᠭᠤᠷ ᠢ ᠦᠵᠡᠵᠡᠢ᠃
     ᠣᠷᠠᠨᠴᠡᠴᠡᠭ ᠤᠨ ᠰᠣᠷᠪᠣᠯᠵᠢᠯᠠᠭ᠎ᠠ᠄ ︽ᠠᠵᠢᠯ ᠭᠤᠯᠣᠳᠠᠭ ᠦᠭᠡᠢ ᠬᠦᠮᠦᠨ ᠢ ᠠᠮᠢᠳᠣᠷᠠᠯ ᠭᠤᠯᠣᠳᠠᠭ ᠦᠬᠡᠢ︾ ᠭᠡᠵᠦ ᠠᠵᠦ ᠠᠮᠢᠳᠣᠷᠠᠯ ᠳᠠᠭᠠᠨ ᠪᠠᠷᠢᠮᠳᠠᠯᠠᠯ ᠪᠣᠯᠭᠠᠭᠰᠠᠭᠠᠷ ᠢᠷᠡᠭᠰᠡᠨ ᠲᠡᠷᠡ ᠬᠤᠶᠠᠷ ᠮᠠᠨᠢ ᠠᠮᠢᠳᠣᠷᠠᠯ ᠤᠨ ᠬᠠᠳᠠᠭᠤ ᠨᠣᠭᠤᠴᠠᠭᠠᠨ ᠳᠤ ᠰᠢᠨᠳᠠᠷᠠᠰᠢ ᠦᠬᠡᠢ ᠵᠣᠷᠢᠭ ᠢ ᠪᠠᠷᠢᠵᠦ᠂ ᠦᠢᠯᠡᠰ ᠤᠨ ᠲᠦᠷᠦᠭᠡ ᠴᠢᠩᠭᠠᠯᠠᠨ᠂ ᠲᠦᠷᠪᠡᠨ ᠴᠠᠭ ᠤᠨ ᠡᠭᠡᠯᠵᠢᠨ ᠳᠤ ᠮᠠᠯ ᠣᠨᠣᠭᠠᠨ ᠤ ᠠᠵᠢᠯ ᠬᠢᠳᠡᠯ ᠢᠶᠠᠨ ᠶᠠᠭᠠᠷᠠᠯᠳᠠᠶᠢᠬᠠᠨ ᠠᠮᠵᠢᠭᠤᠯᠴᠢᠬᠠᠭᠠᠳ ᠰᠣᠯᠠ ᠰᠡᠯᠡᠬᠦᠦ ᠴᠠᠭ ᠢᠶᠠᠷ  ᠢᠶᠠᠨ ᠭᠡᠷ᠂ ᠫᠧᠩ ᠬᠤᠷᠤᠭ᠎ᠠ ᠪᠠᠷᠢᠵᠦ ᠭᠠᠩᠨᠠᠨ᠂ ᠣᠶᠣᠳᠠᠯ ᠣᠶᠣᠵᠦ᠂ ᠡᠪᠡᠰᠦ ᠬᠠᠳᠣᠨ ᠣᠷᠣᠯᠭ᠎ᠠ ᠪᠠᠨ ᠨᠡᠮᠡᠭᠳᠡᠭᠦᠯᠵᠦ᠂ ᠠᠵᠢᠯ ᠤᠨ ᠲᠦᠷᠭᠡᠨ ᠠᠶᠢᠵᠡᠮ ᠲᠣᠮᠳᠠᠭᠤᠷ᠂ ᠰᠡᠳᠬᠢᠯ ᠣᠷᠮᠠᠳᠠᠢ᠂ ᠬᠢᠳᠡᠯ ᠣᠯᠠᠨᠳᠠᠶᠢᠬᠠᠨ  ᠴᠠᠭ ᠮᠦᠴᠡ ᠲᠠᠢ ᠣᠷᠣᠯᠳᠣᠨ  ᠶᠠᠪᠣᠨ᠎ᠠ᠃
   ᠰᠦᠬᠡᠪᠠᠭᠠᠲᠣᠷ ᠤᠨ ᠰᠣᠷᠪᠣᠯᠵᠢᠯᠠᠭ᠎ᠠ  ᠄ ︿ᠦᠭᠡᠳᠡᠯᠡᠬᠦ ᠠᠶᠢᠯ ᠤᠨ ᠦᠭᠡ ᠨᠢ ᠨᠢᠭᠡ ᠬᠡᠳᠡᠭ﹀ ᠢᠶᠠᠷ ᠠᠵᠢᠯ ᠠᠮᠢᠳᠣᠷᠠᠯ  ᠳᠤ ᠦᠵᠡᠯ ᠪᠣᠳᠣᠯ ᠨᠢᠭᠡᠳᠡᠢ ᠪᠠᠶᠢᠳᠠᠭ ᠠᠵᠢᠯᠴᠢ ᠬᠤᠶᠠᠷ ᠤᠨ ᠦᠢᠯᠡᠰ ᠬᠦᠭᠡᠭᠡᠴᠡᠯᠳᠦᠯ ᠢᠯᠭᠤᠮ ᠣᠷᠣᠭᠰᠢᠲᠠᠢ ᠪᠠᠶᠢᠵᠣ᠂ ᠰᠦᠬᠡᠪᠠᠭᠠᠲᠣᠷ ᠠᠶᠢᠯ ᠭᠡᠷ ᠤᠨ ᠨᠣᠶᠠᠨ ᠨᠢᠷᠣᠭᠤ ᠨᠢ ᠪᠣᠯᠵᠦ ᠶᠠᠪᠣᠬᠤ ᠳᠤ ᠣᠷᠠᠨᠴᠡᠴᠡᠭ ᠴᠦ ᠠᠷᠦ ᠲᠦᠰᠢᠭ ᠨᠢ ᠪᠣᠯᠵᠦ᠂ ᠬᠤᠶᠠᠭᠤᠯᠠ ᠬᠡᠷ ᠢᠶᠠᠨ ᠬᠡᠶᠢᠭᠦᠯᠵᠦ ᠠᠮᠢᠳᠣᠷᠠᠯ ᠢᠶᠠᠨ ᠬᠡᠷᠡᠯᠳᠦᠭᠦᠯᠦᠨ ᠬᠦᠳᠡᠯᠮᠤᠷᠢ ᠴᠢᠷᠮᠠᠶᠢᠯᠠᠭ᠎ᠠ ᠶᠢᠨ ᠢᠶᠠᠨ ᠦᠷ᠎ᠡ ᠪᠦᠳᠦᠭᠡᠯ ᠢᠶᠠᠷ ᠪᠠᠶᠠᠰᠴᠦ᠂ ᠨᠣᠳᠤᠭ ᠣᠰᠣ᠂ ᠬᠦᠮᠦᠨ ᠵᠣᠨ ᠤ ᠪᠠᠨ ᠲᠣᠮᠳᠠ ᠲᠠᠭᠤᠷᠢᠶᠠᠯ ᠵᠢᠱᠢᠶ᠎ᠠ ᠪᠣᠯᠵᠦ ᠶᠠᠪᠣᠨ᠎ᠠ᠃    
 
ᠢᠷᠡᠯᠲᠡ᠄ ᠪᠠᠷᠠᠭᠤᠨ ᠦᠵᠦᠮᠦᠴᠢᠨ ᠬᠤᠰᠢᠭᠤᠨ ᠤ ᠬᠠᠮ ᠵᠠᠭᠤᠴᠢᠯᠠᠭᠤᠷ ᠤᠨ ᠲᠥᠪ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号