ᠪᠠᠶᠠᠵᠢᠯ ᠤᠨ ᠬᠠᠷᠭᠤᠢ ᠦᠯᠮᠡᠢ ᠲᠣᠣᠷ᠎ᠠ ᠠᠴᠠ ᠡᠬᠢᠯᠡᠨ᠎ᠡ | | | ᠪᠠᠶᠠᠩᠬᠤᠸᠠ ᠪᠠᠯᠭᠠᠰᠣ ᠪᠠᠷ ᠥᠩᠭᠡᠷᠡᠳᠡᠭ ᠦᠷᠬᠡᠨ ᠴᠠᠷᠳᠠᠮᠠᠯ ᠵᠠᠮ ᠠᠴᠠ ᠣᠶᠢᠷᠠᠬᠠᠨ ᠮᠠᠯᠴᠢᠨ ᠠᠶᠢᠯ ᠤᠨ ᠭᠡᠷ | ᠪᠠᠷᠢᠯᠭ᠎ᠠ᠂ ᠬᠡᠷᠡᠮ ᠬᠠᠰᠢᠶ᠎ᠠ ᠨᠤᠭᠤᠳ ᠤᠨ ᠲᠠᠰᠣᠯᠬᠠᠨ ᠪᠠᠷ᠎ᠠ ᠲᠣᠮᠳᠠ ᠨᠢᠭᠡᠨ ᠠᠶᠢᠯ ᠤᠨ ᠪᠦᠳᠦᠭᠡᠨ ᠪᠠᠶᠢᠭᠤᠯᠣᠯᠲᠠ | ᠤᠨᠴᠠᠭᠠᠢ ᠳᠣᠳᠣᠬᠠᠨ ᠬᠠᠷᠠᠭᠳᠠᠳᠠᠭ᠂ ᠡᠨᠡ ᠪᠣᠯ ᠰᠠᠶᠢᠨᠨ᠋ᠦ᠋ᠨᠳᠦᠷ ᠭᠠᠴᠠᠭᠠᠨ ᠤ ᠮᠠᠯᠴᠢᠨ ᠵᠠᠯᠠᠭᠤ ᠪᠣᠶᠠᠨᠨᠡᠭᠡᠭᠡᠭᠴᠢ ᠶᠢᠨ ᠬᠢ | ᠪᠢᠯᠡ᠃ | ᠪᠢᠳᠡᠨ ᠢ ᠬᠦᠷᠬᠦ ᠳᠤ ᠵᠢᠰᠦᠮ ᠢᠶᠠᠷ ᠢᠶᠠᠨ ᠢᠵᠢᠯᠬᠡᠨ ᠴᠠᠭᠠᠨ ᠦᠭᠡᠷ ᠤᠳ ᠪᠡᠯᠴᠢᠭᠡᠷ ᠵᠦᠭ ᠢᠶᠠᠨ ᠠᠯᠭᠤᠷᠬᠠᠨ | ᠬᠦᠳᠡᠯᠵᠦ᠂ ᠨᠣᠭᠤᠭᠠᠨ ᠲᠠᠯ᠎ᠠ ᠳᠤ ᠣᠨᠴᠠ ᠶᠢᠨ ᠦᠵᠡᠮᠵᠢ ᠲᠠᠢ ᠬᠠᠷᠠᠭᠳᠠᠨ᠎ᠠ᠃ ᠬᠡᠷ ᠤᠨ ᠡᠵᠡᠨ ᠪᠣᠶᠠᠨᠨᠡᠭᠡᠭᠡᠭᠴᠢ ᠬᠡᠷᠭᠡᠢ | ᠲᠠᠢ ᠪᠠᠨ ᠬᠤᠶᠠᠭᠤᠯᠠ ᠣᠷᠴᠢᠮ ᠤᠨ ᠡᠬᠢᠯᠡᠭᠦᠯᠦᠭᠰᠡᠨ ᠰᠢᠨᠡᠬᠡᠨ ᠪᠠᠷᠢᠯᠭ᠎ᠠ ᠪᠠᠨ ᠡᠷᠬᠢᠵᠦ ᠲᠣᠭᠤᠷᠢᠵᠣ ᠦᠵᠡᠬᠦ ᠶᠢᠨ ᠲᠠᠭᠠᠣ | ᠡᠷᠬᠢᠨ ᠲᠣᠭᠤᠷᠢᠨ ᠢ ᠨᠢ ᠴᠡᠪᠡᠷᠯᠡᠵᠦ ᠪᠠᠶᠢᠯ᠎ᠠ᠃ | | | | | ᠪᠣᠶᠠᠨᠨᠡᠭᠡᠭᠡᠭᠴᠢ ᠨᠠᠰᠣ ᠵᠠᠯᠠᠭᠤ ᠭᠡᠰᠡᠨ ᠴᠦ ᠡᠷᠳᠡ ᠠᠴᠠ ᠡᠭᠦᠯᠳᠡᠷ ᠤᠨ ᠦᠭᠡᠷ ᠮᠠᠯᠵᠢᠭᠰᠠᠨ ᠲᠣᠷᠰᠢᠯᠭ᠎ᠠ ᠲᠠᠢ ᠪᠠᠶᠢᠯ᠎ᠠ᠃ | 2007 ᠣᠨ ᠳᠤ ᠡᠳᠡᠨᠠᠶᠢᠬᠢᠨ ᠬᠤᠰᠢᠭᠤᠨ ᠠᠴᠠ ᠦᠭᠡᠷ ᠤᠨ ᠡᠭᠦᠯᠳᠡᠷ ᠢ ᠰᠠᠶᠢᠵᠢᠷᠠᠭᠤᠯᠬᠤ᠂ ᠰᠢᠯᠢᠳᠡᠭ ᠡᠭᠦᠯᠳᠡᠷ ᠤᠨ | ᠦᠭᠡᠷ ᠮᠠᠯᠵᠢᠬᠤ ᠶᠢ ᠤᠷᠢᠶᠠᠯᠠᠬᠤ ᠲᠦᠷᠦ ᠶᠢᠨ ᠪᠣᠳᠣᠯᠭ᠎ᠠ ᠡᠬᠢᠯᠡᠨ ᠬᠡᠷᠡᠭᠵᠢᠬᠦᠯᠦᠭᠳᠡᠵᠦ ᠪᠠᠶᠢᠬᠤ ᠳᠤ ᠬᠤᠷᠢᠭᠠᠳ | ᠲᠤᠯᠤᠭᠠᠢ ᠱᠠᠷᠦ᠋ᠯᠠᠢ ᠦᠭᠡᠷ ᠠᠪᠴᠦ ᠮᠠᠯᠵᠢᠵᠣ ᠪᠠᠶᠢᠭᠰᠠᠨ ᠠᠴᠠ ᠢᠶᠠᠨ ᠦᠬᠡᠷ ᠤᠨ ᠲᠤᠭ᠎ᠠ ᠲᠣᠯᠣᠭᠠᠢ ᠪᠠᠨ ᠨᠡᠮᠡᠭᠳᠡᠭᠦᠯᠦᠨ᠂ | ᠴᠢᠨᠠᠷ ᠴᠢᠨᠰᠠᠭ᠎ᠠ ᠶᠢ ᠨᠢ ᠰᠢᠯᠢᠳᠡᠭᠵᠢᠬᠦᠯᠬᠦ ᠶᠢ ᠠᠩᠬᠠᠷᠣᠭᠰᠠᠭᠠᠷ ᠢᠷᠡᠵᠡᠢ᠃ ᠮᠥᠨ ᠴᠦ ᠰᠢᠯᠢᠳᠡᠭ ᠡᠭᠦᠯᠳᠡᠷ ᠤᠨ | ᠦᠭᠡᠷ ᠮᠠᠯᠵᠢᠬᠤ ᠳᠤ ᠲᠣᠬᠢᠷᠠᠬᠤ ᠦᠨᠳᠦᠰᠦᠨ ᠨᠦᠬᠦᠴᠡᠯ᠂ ᠠᠷᠠᠴᠢᠯᠠᠭ᠎ᠠ ᠲᠡᠵᠢᠭᠡᠯᠬᠡ ᠶᠢᠨ ᠠᠷᠭ᠎ᠠ ᠶᠢ ᠰᠣᠷᠠᠵᠣ | ᠰᠣᠷᠣᠯᠴᠠᠨ᠂ ᠬᠦᠢᠳᠡᠨ ᠣᠯᠠᠷᠢᠯ ᠳᠤ ᠵᠣᠬᠢᠴᠠᠬᠤ ᠲᠣᠯᠠᠭᠠᠨ ᠰᠠᠷᠠᠪᠴᠢ᠂ ᠡᠪᠦᠯ ᠤᠨ ᠣᠯᠠᠷᠢᠯ ᠳᠤ ᠨᠢᠯᠬ᠎ᠠ ᠲᠣᠭᠤᠯ ᠬᠢᠬᠦ | ᠳᠣᠯᠠᠭᠠᠯᠠᠭ᠎ᠠ ᠲᠠᠢ ᠬᠠᠰᠢᠶ᠎ᠠ᠂ ᠣᠶᠠᠵᠣ ᠲᠡᠵᠢᠬᠡᠬᠦ ᠲᠤᠰᠬᠠᠢ ᠬᠤᠷᠤᠭ᠎ᠠ ᠶᠢ ᠵᠢᠯ ᠠᠴᠠ ᠵᠢᠯ ᠪᠦᠷᠢᠨᠰᠢᠬᠦᠯᠦᠨ᠂ ᠡᠨᠡ ᠵᠢᠯ | ᠮᠦᠨ ᠪᠠᠶᠢᠭᠠᠯᠢᠯᠢᠭ ᠢᠯᠴᠢ ᠪᠠᠷ ᠬᠠᠯᠠᠬᠤ ᠲᠣᠭᠤᠯ ᠤᠨ ᠲᠤᠰᠬᠠᠢ ᠫᠧᠩ᠂ ᠨᠣᠭᠤᠭᠠᠨ ᠲᠠᠷᠣᠰᠢ ᠬᠠᠳᠠᠭᠠᠯᠠᠬᠤ ᠵᠣᠭᠤᠷᠢ | ᠵᠡᠷᠭᠡ ᠶᠢ ᠪᠠᠷᠢᠵᠣ᠂ ᠡᠪᠦᠯ ᠲᠣᠭᠤᠯ ᠢᠶᠠᠨ ᠡᠷᠳᠡ ᠲᠣᠰᠴᠣ ᠮᠡᠨᠳᠦ ᠣᠨᠳᠣᠷᠣᠭᠤᠯᠬᠤ᠂ ᠦᠭᠡᠷ ᠤᠨ ᠢᠶᠠᠨ ᠲᠡᠵᠢᠭᠡᠯ | ᠡᠪᠡᠰᠦᠨ ᠤ ᠴᠢᠨᠡᠷ ᠰᠢᠮ᠎ᠡ ᠶᠢ ᠪᠠᠳᠣᠯᠠᠬᠤ ᠳᠤ ᠤᠯᠠᠮ ᠰᠠᠶᠢᠨ ᠨᠦᠬᠦᠴᠡᠯ ᠢ ᠪᠦᠷᠢᠯᠳᠣᠭᠦᠯᠦᠭᠰᠡᠨ ᠪᠠᠶᠢᠯ᠎ᠠ᠃ | | | | | ᠬᠢᠵᠦ ᠪᠠᠶᠢᠭ᠎ᠠ ᠵᠦᠢᠯ ᠳᠤ ᠪᠠᠨ ᠢᠳᠡᠭᠡᠯ ᠵᠣᠷᠢᠯᠭ᠎ᠠ ᠶᠢ ᠠᠯᠳᠠᠯ ᠦᠭᠡᠢ ᠪᠠᠷᠢᠳᠠᠭ ᠮᠠᠯᠴᠢᠨ ᠵᠠᠯᠠᠭᠤ ᠪᠣᠶᠠᠨᠨᠡᠭᠡᠭᠡᠭᠴᠢ᠂ | ᠵᠦᠪᠬᠡᠨ ᠪᠣᠰᠣᠳ ᠢ ᠲᠠᠭᠤᠷᠢᠶᠠᠨ᠂ ᠠᠵᠣ ᠦᠢᠯᠡᠰ ᠢᠶᠠᠨ ᠡᠷᠬᠢᠯᠡᠬᠦ ᠶᠢ ᠵᠣᠷᠢᠭᠰᠠᠨ ᠦᠭᠡᠢ᠂ ᠥᠪᠡᠷᠳᠡᠭᠡᠨ ᠲᠡᠵᠢᠭᠡᠯ | ᠪᠣᠷᠳᠤᠭ᠎ᠠ ᠬᠡᠮᠬᠡᠯᠡᠵᠦ ᠨᠠᠶᠢᠷᠠᠭᠤᠯᠬᠤ᠂ ᠰᠢᠮ᠎ᠡ ᠲᠡᠵᠢᠭᠡᠯ ᠲᠠᠢ ᠡᠪᠡᠰᠦ ᠲᠡᠵᠢᠭᠡᠯ ᠦᠭᠴᠦ ᠡᠬᠡ ᠮᠠᠯ ᠤᠨ ᠢᠶᠠᠨ ᠲᠠᠷᠭᠤ | ᠬᠦᠴᠦ ᠠᠪᠴᠦ᠂ ᠡᠷᠳᠡ ᠣᠷᠤᠭ᠎ᠠ ᠣᠷᠣᠬᠤ ᠶᠢ ᠪᠠᠳᠣᠯᠠᠬᠤ᠂ ᠮᠥᠨ ᠴᠦ ᠡᠪᠦᠯ ᠲᠦᠯ ᠢᠶᠠᠨ ᠳᠣᠰᠴᠣ᠂ ᠪᠣᠶᠢᠵᠢᠯᠲᠠ ᠶᠢ | ᠨᠢ ᠪᠠᠳᠣᠯᠠᠨ᠂ ᠡᠷᠳᠡ ᠭᠠᠷᠭᠠᠯᠲᠠ ᠳᠤ ᠭᠠᠷᠭᠠᠬᠤ ᠵᠡᠷᠭᠡ ᠬᠠᠷᠢᠯᠴᠠᠨ ᠬᠤᠯᠪᠣᠭ᠎ᠠ ᠲᠠᠢ ᠠᠵᠣ ᠠᠬᠤᠢ ᠶᠢᠨ ᠦᠷ᠎ᠡ ᠠᠰᠢᠭ ᠢ | ᠨᠠᠷᠢᠨ ᠪᠣᠳᠣᠨ ᠨᠢᠮᠪᠡᠢ ᠬᠡᠷᠡᠭᠵᠢᠭᠦᠯᠵᠦ᠂ ᠣᠷᠴᠢᠮ ᠤᠨ ᠵᠢᠯ᠂ ᠵᠢᠯ ᠪᠦᠷᠢ 50 ᠠᠴᠠ 70 ᠲᠣᠯᠣᠭᠠᠢ ᠲᠣᠭᠤᠯ ᠲᠣᠰᠴᠣ᠂ | ᠨᠠᠮᠣᠷ ᠲᠠᠭᠠᠨ ᠲᠣᠭᠤᠯ ᠢᠶᠠᠨ ᠶᠡᠷᠦᠩᠬᠡᠢ ᠳᠡᠭᠡᠨ 13000 ᠲᠦᠭᠦᠷᠢᠭ ᠣᠷᠴᠢᠮ ᠢᠶᠠᠷ ᠪᠣᠷᠣᠯᠠᠭᠤᠯᠵᠣ ᠪᠠᠶᠢᠭ᠎ᠠ ᠪᠦᠭᠡᠳ | ᠣᠷᠴᠢᠮᠬᠠᠨ ᠪᠠᠰᠠ ᠦᠷ᠎ᠡ ᠶᠢᠨ ᠮᠠᠯ ᠠᠪᠬᠤ ᠬᠦᠮᠦᠰ ᠵᠠᠬᠢᠶᠠᠯᠠᠭ᠎ᠠ ᠦᠭᠴᠦ᠂ ᠲᠣᠯᠣᠭᠠᠢ ᠪᠦᠷᠢ ᠨᠢ 20000 ᠲᠦᠭᠦᠷᠢᠭ | ᠲᠤ ᠬᠦᠷᠦᠭᠰᠡᠨ ᠭᠡᠵᠦ ᠪᠢᠳᠡᠨ ᠳᠤ ᠶᠠᠷᠢᠯ᠎ᠠ᠃ | | | ᠪᠣᠶᠠᠨᠨᠡᠭᠡ᠊ᠭᠡᠭᠴᠢ ︽ᠦᠢᠯᠡᠰ ᠤᠨ ᠵᠢᠯᠣᠭᠤ︾ ᠬᠡᠮᠡᠬᠦ ᠭᠡᠷ ᠪᠦᠯᠢ ᠶᠢᠨ ᠮᠠᠯᠵᠢᠯ ᠤᠨ ᠲᠠᠯᠠᠪᠠᠢ ᠪᠠᠨ ᠲᠠᠩᠰᠠᠯᠠᠭᠤᠯᠣᠭᠠᠳ | ᠬᠡᠳᠦᠨ ᠵᠢᠯ ᠤᠨ ᠨᠢᠭᠤᠷ ᠢ ᠦᠵᠡᠵᠡᠢ᠃ ᠮᠠᠯ ᠠᠵᠣ ᠠᠬᠤᠢ ᠪᠠᠨ ᠴᠢᠨᠠᠷᠯᠢᠭ ᠰᠠᠶᠢᠨ ᠡᠷᠬᠢᠯᠡᠬᠦ ᠳᠤ ᠨᠣᠳᠤᠭ ᠪᠡᠯᠴᠢᠭᠡᠷ | ᠬᠠᠮᠤᠭ ᠪᠦᠬᠦᠨ ᠤ ᠦᠨᠳᠦᠰᠦ ᠪᠣᠯᠬᠤ ᠶᠢ ᠰᠠᠶᠢᠨ ᠣᠶᠢᠯᠠᠭᠠᠳᠠᠭ ᠲᠡᠷᠡ᠂ ᠡᠨᠡ ᠨᠣᠳᠤᠭ ᠲᠠᠭᠠᠨ ᠪᠦᠳᠦᠭᠡᠨ | ᠪᠠᠶᠢᠭᠤᠯᠣᠯᠲᠠ ᠬᠢᠵᠦ ᠡᠬᠢᠯᠡᠭᠰᠡᠨ ᠴᠠᠭ ᠠᠴᠠ ᠪᠠᠨ ᠰᠠᠯᠬᠢᠨ ᠤ ᠢᠳᠡᠭᠳᠡᠯ ᠠᠴᠠ ᠪᠣᠯᠵᠣ ᠰᠣᠯᠠ ᠰᠦᠪᠡᠷᠭᠡᠭ ᠪᠣᠯᠣᠭᠰᠠᠨ | ᠭᠠᠵᠠᠷ ᠲᠠᠭᠠᠨ ᠮᠣᠳᠣ ᠪᠣᠷᠭᠠᠰᠣ ᠲᠠᠷᠢᠬᠤ ᠶᠢ ᠵᠣᠷᠢᠵᠣ᠂ ᠭᠡᠷᠬᠡᠢ ᠲᠠᠢ ᠪᠠᠨ ᠬᠤᠶᠠᠭᠤᠯᠠ ᠶᠡᠭᠡ ᠠᠵᠢᠯ ᠤᠨ ᠢᠶᠠᠨ ᠴᠢᠯᠦᠭᠡ | ᠵᠠᠢ ᠶᠢ ᠵᠠᠶᠢᠴᠢᠯᠠᠵᠣ᠂ ᠬᠡᠳᠦᠨ ᠲᠦᠷᠦᠯ ᠤᠨ ᠮᠣᠳᠣ᠂ ᠪᠣᠳᠠ ᠪᠣᠷᠭᠠᠰᠣ ᠲᠠᠷᠢᠵᠣ ᠠᠷᠠᠴᠢᠯᠠᠭᠰᠠᠨ ᠨᠢ ᠥᠨᠥ ᠪᠣᠯᠬᠤ ᠳᠤ | ᠰᠠᠯᠬᠢ ᠰᠢᠭᠤᠷᠭ᠎ᠠ ᠶᠢ ᠬᠠᠯᠬᠠᠯᠠᠳᠠᠭ ᠨᠥᠮᠦᠷᠢ ᠨᠥᠭᠡᠯᠭᠡ ᠪᠣᠯᠵᠣ ᠨᠣᠭᠤᠭᠠᠨ ᠥᠩᠬᠡ ᠪᠠᠷ ᠨᠣᠳᠤᠭ᠂ ᠰᠡᠳᠬᠢᠯ ᠬᠤᠶᠠᠷ ᠢ | ᠨᠢ ᠵᠡᠷᠭᠡ ᠴᠢᠮᠡᠵᠡᠢ᠃ | | | ᠵᠠᠯᠠᠭᠤ ᠬᠦᠮᠦᠨ ᠤ ᠰᠠᠨᠠᠵᠣ ᠪᠣᠳᠣᠭᠰᠠᠨ ᠵᠦᠢᠯ ᠳᠡᠭᠡᠨ ᠵᠠᠪᠠᠯ ᠬᠦᠷᠬᠦ ᠢᠳᠡᠭᠡᠯ ᠵᠣᠷᠢᠭ᠂ ᠬᠦᠰᠡᠯ ᠲᠡᠮᠡᠦᠯᠡᠯ ᠨᠢ | ᠪᠣᠶᠠᠨᠨᠡᠭᠡᠭᠡᠭᠴᠢ ᠶᠢ ᠣᠯᠠᠨ ᠵᠢᠯ ᠤᠨ ᠡᠮᠦᠨ᠎ᠡ ᠠᠴᠠ ᠰᠢᠯᠢᠳᠡᠭ ᠡᠭᠦᠯᠳᠡᠷ ᠤᠨ ᠦᠭᠡᠷ ᠮᠠᠯᠵᠢᠬᠤ ᠲᠣᠮᠣ ᠠᠵᠢᠯ ᠤᠨ | ᠭᠠᠷᠣᠭᠠᠨ ᠳᠤ ᠵᠣᠷᠢᠭᠳᠠᠢ ᠠᠯᠬᠤᠭᠤᠯᠵᠣ ᠪᠠᠶᠢᠭᠰᠠᠨ ᠪᠦᠭᠡᠳ ᠣᠳᠣ ᠡᠳᠡᠭᠡᠷ ᠪᠦᠬᠦᠨ ᠢᠶᠠᠨ ᠨᠡᠩ ᠪᠦᠳᠦᠮᠵᠢᠲᠡᠢ ᠰᠠᠶᠢᠨ | ᠬᠢᠵᠦ᠂ ᠵᠦᠪᠬᠡᠨ ᠲᠤᠭ᠎ᠠ ᠲᠣᠯᠣᠭᠠᠢ ᠶᠢ ᠯᠡ ᠪᠢᠰᠢ᠂ ᠴᠢᠨᠡᠷ ᠴᠢᠨᠰᠠᠭ᠎ᠠ ᠶᠢ ᠨᠢ ᠪᠠᠳᠣᠯᠠᠨ᠂ ᠪᠡᠯᠴᠢᠭᠡᠷ ᠣᠰᠣ ᠬᠦᠳᠡᠯᠮᠦᠷᠢ | ᠬᠦᠴᠦᠨ ᠤ ᠪᠠᠨ ᠪᠠᠶᠢᠳᠠᠯ ᠳᠤ ᠵᠣᠬᠢᠴᠠᠭᠤᠯᠣᠨ᠂ ᠬᠤᠨᠢ ᠪᠣᠯᠣᠨ ᠠᠳᠣᠭᠤ ᠪᠠᠨ ᠬᠠᠷᠢᠴᠠᠩᠭᠤᠢ ᠴᠦᠭᠡᠳᠬᠡᠨ᠂ | ᠭᠤᠣᠯᠳᠠᠯᠭ᠎ᠠ ᠲᠠᠢ ᠨᠢᠭᠡ ᠲᠦᠷᠦᠯ ᠤᠨ ᠮᠠᠯ ᠢ ᠠᠳᠬᠤᠨ ᠮᠠᠯᠵᠢᠬᠤ ᠠᠷᠭ᠎ᠠ ᠵᠠᠮ ᠢᠶᠠᠷ ᠠᠯᠬᠤᠨ᠂ ᠦᠡᠨᠡᠬᠦ ᠵᠢᠩᠬᠢᠨᠢ ᠰᠠᠶᠢᠨ | ᠦᠷ᠎ᠡ ᠠᠰᠢᠭ ᠢ ᠬᠦᠷᠳᠡᠬᠦ ᠲᠣᠬᠠᠢ ᠪᠣᠳᠣᠯ ᠣᠬᠠᠭᠠᠨ ᠰᠡᠯᠪᠢᠵᠦ᠂ ᠬᠢᠵᠦ ᠪᠦᠳᠦᠭᠡᠬᠦ᠂ ᠰᠣᠷᠴᠣ ᠰᠣᠳᠣᠯᠬᠤ ᠶᠡᠬᠡᠬᠡᠨ | ᠠᠵᠢᠯ ᠲᠠᠢ ᠶᠠᠪᠣᠨ᠎ᠠ᠃ |