︽ᠮᠢᠩᠭᠠᠲᠤ ᠶᠢᠨ ᠡᠷᠥᠬᠡ︾ — ᠪᠥᠷᠢᠨᠪᠢᠯᠢᠭ ᠤᠨ ᠬᠢᠨ | | ᠥᠨᠢᠷ ᠳᠠᠩᠰᠤᠭ ᠳᠡᠯᠭᠡᠷ ᠵᠣᠨ᠂ ᠰᠢᠯᠢ ᠶᠢᠨ ᠲᠡᠨᠵᠢᠨ ᠳᠤ ᠪᠠᠶᠠᠨ ᠲᠠᠷᠭᠤᠨ ᠵᠣᠰᠠᠭᠠ ᠡᠨᠡ ᠠᠶᠢᠯ ᠪᠣᠯ | ᠣᠯᠠᠭᠠᠨᠨᠬᠠᠭᠠᠯᠭ᠎ᠠ ᠰᠣᠮᠣᠨ ᠤ ᠪᠠᠶᠠᠨᠴᠠᠶᠢᠳᠠᠮ ᠭᠠᠴᠠᠭᠠᠨ ᠤ ᠮᠠᠯᠴᠢᠨ ᠪᠥᠷᠢᠨᠪᠢᠯᠢᠭ ᠤᠨ ᠬᠢ ᠪᠢᠯᠡ᠃ | | | ᠪᠥᠷᠢᠨᠪᠢᠯᠢᠭ ᠤᠨ ᠬᠢᠨ ᠤ ᠭᠡᠷ ᠬᠥᠷᠢᠶ᠎ᠡ᠂ ᠬᠤᠲᠠ ᠬᠠᠰᠢᠶᠠᠨ ᠤ ᠬᠢᠨᠢ ᠠᠯᠢ ᠨᠢᠭᠡ ᠦᠨᠴᠦᠭ ᠪᠤᠯᠤᠩ ᠢ ᠬᠠᠷᠠᠬᠤ ᠳᠤ | ᠴᠤ ᠭᠢᠯ᠎ᠠ ᠴᠢᠯᠠ᠂ ᠳᠡᠷᠢ ᠲᠡᠭᠰᠢ ᠵᠢᠭᠳᠡᠷᠡᠵᠦ᠂ ᠠᠵᠢᠯᠴᠢ ᠬᠥᠳᠡᠯᠮᠦᠷᠢᠴᠢ ᠠᠶᠢᠯ ᠪᠣᠯᠬᠤ ᠨᠢ ᠠᠷᠭ᠎ᠠ ᠦᠭᠡᠢ ᠲᠠᠨᠢᠭᠳᠠᠵᠤ | ᠪᠠᠶᠢᠯ᠎ᠠ᠃ | | | ᠦᠩᠭᠡᠷᠡᠭᠰᠡᠨ ᠤᠨ ᠵᠢᠯ ᠳᠤ ᠮᠠᠯᠴᠢᠨ ᠬᠦᠮᠦᠨ ᠮᠡᠷᠡᠶᠢᠨ ᠴᠢᠷᠮᠠᠶᠢᠳᠠᠭ ᠤᠨ ᠨᠢᠭᠡ ᠬᠠᠷᠠᠯᠲᠠ ᠨᠢ ︽ᠮᠢᠩᠭᠠᠲᠤ ᠶᠢᠨ | ᠡᠵᠡᠨ︾ ᠪᠣᠯᠬᠤ ᠮᠥᠷᠦᠭᠡᠳᠦᠯ ᠪᠠᠶᠢᠭᠰᠠᠨ ᠪᠣᠯ᠂ ᠥᠨᠤᠳᠦᠷ ᠪᠥᠷᠢᠨᠪᠢᠯᠢᠭ ︽ᠮᠢᠩᠭᠠᠲᠤ ᠶᠢᠨ ᠡᠵᠡᠨ︾ ᠤ ᠠᠯᠳᠠᠷ | ᠬᠦᠨᠳᠦ ᠶᠢ ᠡᠷᠭᠦᠵᠦ᠂ ᠨᠤᠮᠢᠨ ᠨᠤᠭᠤᠭᠠᠨ ᠲᠠᠯ᠎ᠠ ᠳᠤ ᠮᠢᠩᠭᠠᠨ ᠬᠤᠨᠢᠳ ᠪᠡᠯᠴᠢᠭᠡᠵᠦ᠂ ᠮᠠᠩᠨᠠᠢ ᠲᠡᠨᠢᠢᠨ ᠪᠠᠶᠠᠰᠴᠣ | ᠶᠠᠪᠤᠨ᠎ᠠ᠃ | ᠡᠳᠡᠨᠡᠶᠢᠬᠢᠨ ᠥᠪᠡᠷ ᠤᠨ ᠬᠤᠪᠢᠳᠠᠭᠰᠠᠨ4000 ᠭᠠᠷᠣᠢ ᠮᠦ ᠪᠡᠯᠴᠢᠭᠡᠷ ᠪᠣᠯᠣᠨ ᠪᠤᠰᠣᠳ ᠠᠴᠠ | ᠳᠦᠷᠢᠶᠡᠰᠦᠯᠡᠭᠰᠡᠨ13000 ᠮᠦ ᠨᠤᠲᠤᠭ ᠪᠡᠯᠴᠢᠭᠡᠷ ᠳᠡᠭᠡᠷ᠎ᠡ ᠪᠠᠨ ᠲᠥᠯ ᠲᠠᠢ ᠪᠠᠨ 1000 ᠭᠠᠷᠣᠢ ᠬᠤᠨᠢ᠂ ᠠᠷᠪᠠᠭᠠᠳ | ᠦᠬᠡᠷ᠂ ᠬᠤᠷᠢ ᠭᠠᠷᠣᠢ ᠠᠳᠣᠭᠤ ᠮᠠᠯᠵᠢᠳᠠᠭ ᠪᠠᠶᠢᠵᠤ᠂ ᠮᠠᠯ ᠤᠨ ᠳᠤᠯᠠᠭᠠᠨ ᠫᠧᠩ ᠰᠠᠷᠠᠪᠴᠢ᠂ ᠡᠪᠡᠰᠦ ᠬᠠᠳᠣᠵᠤ | ᠬᠠᠮᠤᠬᠤ ᠮᠠᠰᠢᠨ᠂ ᠪᠤᠭᠤᠵᠢᠯᠠᠬᠤ ᠮᠠᠰᠢᠨ᠂ ᠪᠠᠭ᠎ᠠ ᠲᠡᠷᠭᠡ᠂ ᠠᠴᠢᠶᠠᠨ ᠤ ᠮᠠᠰᠢᠨ ᠢ ᠢᠵᠢ ᠪᠥᠷᠢᠯᠳᠦᠭᠦᠯᠵᠦ᠂ ᠮᠠᠯ ᠠᠵᠤ | ᠠᠬᠤᠢ ᠶᠢᠨ ᠤᠳᠤᠬᠢᠴᠢᠯᠠᠯᠲᠠ ᠶᠢᠨ ᠰᠢᠨ᠎ᠡ ᠴᠠᠭ ᠦᠶ᠎ᠡ ᠳᠠᠬᠢ ︽ᠮᠢᠩᠭᠠᠲᠤ ᠶᠢᠨ ᠡᠷᠥᠬᠡ︾ ᠪᠤᠯᠵᠠᠢ᠃ | | | | | | ᠬᠤᠨᠢ᠂ ᠠᠳᠣᠭᠤ ᠪᠡᠯᠴᠢᠭᠡᠷ ᠲᠤ ᠬᠠᠯᠠᠲᠠᠢ᠂ ᠦᠬᠡᠷ ᠮᠠᠯᠵᠢᠬᠤ ᠨᠢ ᠦᠷ᠎ᠡ ᠠᠰᠢᠭ ᠦᠨᠳᠦᠷ ᠭᠡᠳᠡᠭ ᠴᠤ ᠦᠵᠦᠮᠦᠴᠢᠨ | ᠨᠤᠲᠤᠭ ᠤᠨ ᠮᠢᠨᠢ ᠣᠳᠣᠮᠳᠣ ᠮᠠᠩ ᠤᠨ ᠦᠷ᠎ᠡ ᠲᠥᠯ ᠭᠡᠮᠡᠨ ᠥᠨᠢᠷ ᠥᠰᠬᠦ ᠶᠢ ᠨᠢ ᠪᠡᠯᠭᠡᠰᠢᠶᠡᠳᠡᠭ ᠪᠥᠷᠢᠨᠪᠢᠯᠢᠭ 2000 | ᠤᠨ ᠠᠴᠠ ᠨᠠᠰᠢ ᠬᠤᠨᠢᠨ ᠰᠦᠷᠦᠭ ᠤᠨ ᠢᠶᠠᠨ ᠡᠭᠦᠯᠳᠡᠷ ᠤᠭᠰᠠᠭ᠎ᠠ ᠶᠢ ᠨᠢ ᠰᠢᠯᠢᠨ ᠰᠤᠩᠭᠤᠵᠤ᠂ ᠦᠷ᠎ᠡ ᠶᠢᠨ ᠮᠠᠯ᠂ ᠡᠬᠡ | ᠮᠠᠯ ᠤᠨ ᠡᠭᠦᠯᠳᠡᠷ ᠢ ᠵᠡᠷᠭᠡᠪᠡᠷ ᠰᠢᠯᠢᠳᠡᠭᠵᠢᠭᠦᠯᠦᠨ᠂ ᠦᠵᠦᠮᠦᠴᠢᠨ ᠬᠤᠨᠢ ᠭᠤᠣᠯᠯᠠᠨ ᠮᠠᠯᠵᠢᠵᠤ᠂ 2020 ᠣᠨ ᠳᠤ ︽ | ᠴᠠᠭᠠᠨ ᠬᠦᠨᠳᠡᠢ ᠶᠢᠨ ᠶᠡᠭᠡ︾ ᠦᠵᠦᠮᠦᠴᠢᠨ ᠬᠤᠨᠢᠨ ᠤ ᠭᠡᠷ ᠪᠦᠯᠢ ᠶᠢᠨ ᠮᠠᠯᠵᠢᠯ ᠤᠨ ᠲᠠᠯᠠᠪᠠᠢ ᠡᠷᠡᠮᠡᠯᠵᠡᠵᠦ᠂ | ᠬᠡᠪᠴᠢᠶᠡᠵᠢᠭᠦᠯᠦᠨ ᠮᠠᠯᠵᠢᠬᠤ ᠶᠢ ᠵᠣᠷᠢᠭᠰᠠᠨ ᠪᠠᠶᠢᠨ᠎ᠠ᠃ | | | | | ᠢᠩᠭᠢᠬᠦ ᠳᠤ ᠣᠷᠣᠨ ᠨᠣᠲᠤᠭ ᠤᠨ ᠵᠠᠰᠠᠭ ᠤᠨ ᠣᠷᠳᠦᠨ ᠤ ᠦᠵᠦᠮᠦᠴᠢᠨ ᠡᠭᠦᠯᠳᠡᠷ ᠤᠨ ᠦᠷ᠎ᠡ ᠶᠢᠨ ᠮᠠᠯ᠂ | ᠦᠵᠦᠮᠦᠴᠢᠨ ᠡᠭᠦᠯᠳᠡᠷ ᠤᠨ ᠪᠡᠯᠡᠳᠭᠡᠯ ᠡᠬᠡ ᠮᠠᠯ ᠤᠨ ᠨᠦᠬᠦᠪᠦᠷᠢ ᠮᠦᠩᠭᠦᠨ ᠤ ᠲᠥᠷᠦ ᠶᠢᠨ ᠪᠣᠳᠣᠯᠭ᠎ᠠ ᠶᠢᠨ | ᠵᠤᠷᠢᠭᠵᠢᠭᠤᠯᠤᠯ ᠨᠢ ᠪᠥᠷᠢᠨᠪᠢᠯᠢᠭ ᠤᠨ ᠣᠷᠣᠨ ᠨᠤᠲᠤᠭ ᠤᠨ ᠰᠢᠯᠢᠳᠡᠭ ᠡᠭᠦᠯᠳᠡᠷ ᠤᠨ ᠦᠵᠦᠮᠦᠴᠢᠨ ᠬᠤᠨᠢ ᠮᠠᠯᠵᠢᠬᠤ | ᠵᠣᠷᠢᠯᠲᠠ ᠶᠢ ᠨᠢ ᠪᠠᠲᠤᠳᠬᠠᠵᠤ᠂ ᠪᠡᠯᠴᠢᠭᠡᠷ ᠨᠤᠲᠤᠭ ᠤᠨ ᠢᠶᠠᠨ ᠡᠪᠡᠰᠦ ᠣᠷᠭᠤᠴᠠ ᠳᠤ ᠨᠢ ᠵᠤᠬᠢᠴᠠᠭᠤᠯᠤᠨ᠂ ᠴᠤᠯ | ᠪᠠᠶᠢᠭᠠᠯᠢᠯᠢᠭ ᠪᠡᠯᠴᠢᠭᠡᠷᠯᠡᠨ ᠮᠠᠯᠵᠢᠵᠤ ᠢᠷᠡᠭᠰᠡᠨ ᠠᠴᠠ ᠰᠢᠯᠢᠳᠡᠭ ᠰᠦᠷᠦᠭ ᠭᠡᠮᠡᠨ ᠣᠶᠢᠷ᠎ᠠ ᠬᠠᠪᠢ ᠳᠠᠭᠠᠨ ᠠᠯᠳᠠᠷᠰᠢᠵᠤ ᠂ | ᠵᠢᠯ ᠳᠠᠷᠠᠭᠠᠯᠠᠨ ᠮᠢᠩᠭ᠎ᠠ ᠶᠢ ᠳᠠᠪᠠᠵᠤ᠂ ᠠᠵᠤ ᠠᠬᠤᠢ ᠶᠢᠨ ᠣᠷᠣᠯᠭ᠎ᠠ 40 ᠭᠠᠷᠣᠢ ᠲᠥᠮᠡᠨ ᠲᠥᠭᠦᠷᠢᠭ ᠲᠤ ᠬᠦᠷᠳᠡᠭ | ᠪᠠᠶᠢᠵᠠᠢ ᠃ | ᠬᠤᠨᠢ ᠮᠠᠯᠵᠢᠬᠤ ᠨᠢ ᠡᠪᠡᠰᠦᠨ ᠤ ᠰᠣᠷᠭᠤᠭ ᠣᠰᠣᠨ ᠤ ᠲᠤᠩᠭᠠᠯᠠᠭ ᠢ ᠰᠢᠯᠢᠳᠡᠭ ᠲᠤᠯᠠ ᠮᠠᠯ ᠰᠦᠷᠥᠭ ᠤᠨ ᠢᠶᠠᠨ | ᠢᠳᠡᠰᠢᠯᠡᠬᠦ ᠪᠡᠯᠴᠢᠭᠡᠷ ᠨᠤᠲᠤᠭ ᠢ ᠠᠭᠤᠵᠢᠮ ᠪᠠᠶᠢᠯᠭᠠᠵᠤ᠂ ᠪᠠᠶᠢᠭᠠᠯᠢᠯᠢᠭ ᠡᠪᠡᠰᠦ ᠲᠡᠵᠢᠭᠡᠯ ᠢᠶᠠᠷ ᠲᠠᠷᠭᠤ ᠬᠦᠴᠦ ᠶᠢ ᠨᠢ | ᠪᠠᠲᠤᠯᠠᠬᠤ ᠶᠢ ᠪᠤᠳᠤᠵᠤ᠂ ᠪᠥᠷᠢᠨᠪᠢᠯᠢᠭ ᠪᠤᠰᠣᠳ ᠠᠴᠠ 13000 ᠮᠦ ᠪᠡᠯᠴᠢᠭᠡᠷ ᠲᠥᠷᠢᠶᠡᠰᠦᠯᠡᠵᠦ᠂ ᠮᠠᠯ ᠰᠦᠷᠥᠭ ᠢᠶᠠᠨ | ᠠᠭᠤᠵᠢᠮ ᠪᠡᠯᠴᠢᠭᠡᠷᠯᠡᠭᠦᠯᠵᠦ᠂ ᠬᠠᠳᠣᠯᠠᠩ ᠬᠠᠳᠤᠵᠤ ᠬᠤᠷᠢᠶᠠᠨ ᠬᠦᠷᠦᠯᠴᠡᠭᠡᠲᠡᠢ ᠡᠪᠡᠰᠦ ᠨᠦᠭᠡᠨᠯᠡᠬᠦ ᠶᠢᠨ ᠵᠡᠷᠭᠡᠪᠡᠷ | ᠥᠯᠡᠳᠡᠭᠰᠡᠨ ᠭᠡᠰᠡᠭ ᠢ ᠨᠢ ᠬᠠᠳᠣᠵᠤ ᠬᠤᠳᠠᠯᠳᠣᠭᠠᠳ ᠵᠢᠯ ᠳᠡᠭᠡᠨ 30 ᠭᠠᠷᠣᠢ ᠲᠥᠮᠡᠨ ᠲᠥᠭᠦᠷᠢᠭ ᠤᠨ ᠴᠡᠪᠡᠷ ᠤᠷᠤᠯᠭ᠎ᠠ | ᠣᠯᠵᠤ᠂ ᠮᠠᠯᠵᠢᠯ ᠤᠨ ᠪᠣᠰᠤ ᠣᠷᠣᠯᠭ᠎ᠠ ᠡᠭᠦᠳᠳᠡᠭ ᠪᠠᠶᠢᠵᠠᠢ᠃ | ᠡᠶᠢᠨᠬᠦ ᠪᠥᠷᠢᠨᠪᠢᠯᠢᠭ ᠦᠵᠦᠮᠦᠴᠢᠨ ᠬᠤᠨᠢ ᠪᠠᠨ ᠥᠨᠢᠷ ᠥᠳᠭᠡᠨ ᠥᠰᠭᠡᠨ᠂ ᠡᠭᠦᠯᠳᠡᠷ ᠤᠳᠤᠮ ᠢ ᠨᠢ ᠬᠠᠮᠠᠭᠠᠯᠠᠵᠤ᠂ | ᠪᠡᠯᠴᠢᠭᠡᠷ ᠨᠤᠲᠤᠭ ᠲᠠᠭᠠᠨ ᠵᠣᠬᠢᠴᠠᠭᠤᠯᠣᠨ ᠮᠠᠯᠵᠢᠵᠤ᠂ ᠠᠵᠤ ᠠᠬᠤᠢ᠂ ᠠᠮᠢ ᠠᠬᠤᠢ ᠶᠢᠨ ᠥᠷ᠎ᠡ ᠠᠰᠢᠭ ᠢ ᠵᠡᠷᠭᠡᠪᠡᠷ | ᠨᠡᠮᠡᠭᠳᠡᠭᠦᠯᠦᠨ᠂ ᠳᠠᠩᠰᠠ ᠪᠤᠳᠣᠵᠤ ᠠᠵᠢᠯᠴᠢ ᠠᠷᠪᠢᠴᠢ ᠠᠮᠢᠳᠤᠷᠠᠬᠤ ᠳᠠᠭᠠᠭᠤᠯᠤᠭᠴᠢ ᠬᠤᠰᠢᠭᠤᠴᠢ ᠪᠤᠯᠵᠣ᠂ ᠠᠵᠤ | ᠠᠮᠢᠳᠤᠷᠠᠯ ᠢᠶᠠᠨ ᠤᠯᠠᠮ ᠥᠭᠡᠳᠡ ᠨᠢ ᠲᠠᠲᠠᠵᠤ ᠶᠠᠪᠤᠨ᠎ᠠ᠃ | | | |