ᠬᠠᠭᠠᠰ ᠵᠠᠭᠤᠨ ᠤ ᠡᠷᠢᠯᠬᠢᠯᠡᠯ ᠨᠠᠰᠤᠨ ᠲᠤᠷᠰᠢᠲᠠ ᠶᠢᠨ ᠪᠠᠷᠢᠮᠳᠠᠯᠠᠯ
ᠨᠡᠶᠢᠲᠡᠯᠡᠭᠰᠡᠨ ᠴᠠᠭ᠄
2021/7/13
       ᠬᠠᠭᠠᠰ ᠵᠠᠭᠤᠨ ᠤ ᠡᠷᠢᠯᠬᠢᠯᠡᠯ ᠨᠠᠰᠤᠨ ᠲᠤᠷᠰᠢᠲᠠ ᠶᠢᠨ ᠪᠠᠷᠢᠮᠳᠠᠯᠠᠯ                     ᠨᠠᠮ ᠤᠨ ᠲᠦᠪ ᠬᠤᠷᠢᠶᠠᠨ ᠤ ᠠᠩᠬᠠᠳᠠᠭᠴᠢ ︽ᠨᠠᠮ  ᠤᠨ ᠭᠡᠰᠢᠭᠦᠨ ᠪᠤᠯᠤᠭᠰᠠᠨ ᠢᠷᠠᠭᠤ ᠠᠯᠳᠠᠷᠲᠠᠢ 50 ᠵᠢᠯ︾  ᠤᠨ ᠲᠤᠷᠠᠰᠬᠠᠯ ᠤᠨ ᠲᠡᠮᠳᠡᠭ ᠢ ᠭᠠᠷᠳᠠᠨ᠂ ᠡᠨᠡ ᠨᠠᠰᠤᠨ ᠤ ᠬᠠᠮᠤᠭ ᠲᠡᠭᠡᠳᠦ ᠢᠷᠠᠭᠤ ᠠᠯᠲᠠᠷ ᠬᠡᠮᠡᠨ ᠡᠷᠬᠢᠮᠨᠡᠨ ᠨᠠᠨᠳᠢᠩᠨᠠᠵᠤ᠂ ᠬᠠᠭᠠᠰ ᠵᠠᠭᠤᠨ ᠤ ᠲᠤᠷᠰᠢᠬᠢ ᠨᠠᠮ ᠤᠨ ᠦᠢᠯᠡᠰ ᠲᠤ ᠵᠢᠳᠬᠦᠨ ᠲᠡᠮᠡᠦᠯᠡᠭᠰᠡᠨ ᠠᠮᠢᠳᠣᠷᠠᠯ ᠦᠢᠯᠡᠰ ᠤᠨ ᠤᠯᠠ ᠮᠦᠷ ᠢᠶᠠᠨ ᠡᠷᠬᠢᠴᠡᠬᠦᠯᠦᠨ ᠰᠠᠨᠠᠭᠠᠯᠵᠠᠵᠤ᠂ ᠲᠣᠷᠠᠰᠣᠨ ᠰᠠᠭᠤᠭ᠎ᠠ ᠨᠠᠰᠣᠳᠠᠨ ᠨᠣᠷᠪᠣᠰᠠᠩ ᠭᠤᠸᠠᠢ ᠪᠣᠯ ᠪᠠᠷᠠᠭᠤᠨ ᠦᠵᠦᠮᠦᠴᠢᠨ ᠬᠤᠰᠢᠭᠤᠨ ᠤ ᠬᠤᠭᠤᠯᠠᠲᠦ ᠶᠢᠨ ᠭᠤᠣᠯ ᠪᠠᠯᠭᠠᠰᠣᠨ ᠤ ᠠᠯᠳᠠᠩᠭᠤᠣᠯ ᠭᠠᠴᠠᠭᠠᠨ ᠤ ᠠᠬᠠᠮᠠᠳ ᠨᠠᠮ ᠤᠨ ᠬᠡᠰᠢᠭᠦᠨ ᠪᠣᠯᠣᠨ᠎ᠠ᠃    ᠨᠣᠷᠪᠣᠰᠠᠩ ᠭᠤᠸᠠᠢ 1947 ᠣᠨ ᠳᠤ ᠲᠦᠷᠦᠵᠦ᠂ 1969 ᠣᠨ ᠳᠤ ᠪᠠᠶᠠᠠᠨᠠᠭᠤᠷ ᠠᠶᠢᠮᠠᠭ ᠤᠨ ᠡᠦ ᠶᠣᠸᠠᠨ ᠰᠢᠶᠠᠨ ᠳᠤ ᠪᠠᠶᠢᠷᠢᠯᠠᠭ᠎ᠠ ᠥᠪᠥᠷ ᠮᠣᠩᠭᠤᠯ ᠤᠨ ᠴᠡᠷᠢᠭ ᠤᠨ ᠲᠣᠭᠤᠷᠢᠭ ᠤᠨ ᠲᠣᠰᠠᠭᠠᠷᠯᠠᠭᠰᠠᠨ ᠮᠣᠷᠢᠲᠦ ᠴᠡᠷᠢᠭ ᠤᠨ ᠪᠦᠯᠬᠦᠮ 1786 ᠴᠡᠷᠢᠭ ᠠᠩᠬᠢ ᠳᠤ ᠡᠯᠰᠡᠭᠳᠡᠨ᠂ 5 ᠵᠢᠯ ᠤᠨ ᠴᠡᠷᠢᠭ ᠤᠨ ᠠᠯᠪᠠ ᠬᠠᠭᠠᠵᠠᠢ᠃ ᠵᠠᠯᠠᠭᠤ ᠽᠠᠨᠳᠠᠨ ᠨᠠᠰᠤᠨ  ᠳᠠᠭᠠᠨ ᠰᠢᠷᠭᠠᠠᠭᠤ ᠴᠢᠷᠮᠠᠶᠢᠯᠭ᠎ᠠ ᠪᠠᠷ ᠪᠠᠷᠢᠮᠳᠡᠯᠠᠯ ᠪᠤᠯᠤᠨ ᠪᠡᠶᠡᠯᠡᠯ ᠪᠤᠯᠭᠠᠳᠠᠭ ᠲᠡᠬᠦᠨ ᠤ ᠡᠷᠡᠰ ᠰᠢᠭᠤᠷᠬᠠᠢ ᠵᠠᠩ ᠴᠢᠨᠠᠷ ᠨᠢ ᠨᠡᠶᠢᠲᠡ ᠤᠯᠠᠨ ᠳᠤ ᠮᠡᠳᠡᠷᠡᠭᠳᠡᠨ᠂ ᠰᠠᠯᠠᠭᠠᠨ ᠲᠠᠷᠤᠭ᠎ᠠ ᠶᠢᠨ ᠢᠶᠠᠨ ᠲᠠᠨᠢᠯᠴᠠᠭᠤᠯᠭ᠎ᠠ ᠪᠠᠷ ᠨᠠᠮ ᠳᠤ ᠡᠷᠡᠮᠡᠯᠵᠡᠯᠡᠨ᠂ 1971 ᠣᠨ ᠤ 3 ᠰᠠᠷ᠎ᠠ ᠶᠢᠨ 8 ᠤ ᠡᠳᠦᠷ᠂ ᠦᠩᠭᠡ ᠬᠡᠷᠡᠯᠳᠠᠢ ᠪᠠᠷ ᠲᠣᠮᠳᠠᠳᠦ ᠣᠯᠣᠰ ᠤᠨ ᠡᠪ ᠬᠠᠮᠲᠦ ᠨᠠᠮ ᠤᠨ ᠨᠢᠭᠡᠨ ᠬᠡᠰᠢᠭᠦᠨ ᠪᠤᠯᠤᠭᠰᠠᠨ ᠪᠠᠶᠢᠵᠠᠢ᠃    ᠡᠶᠢᠨᠬᠦ ᠰᠢᠵᠢᠷ ᠨᠠᠨᠳᠢᠨ ᠴᠠᠭ ᠦᠶ᠎ᠡ ᠪᠠᠨ ᠡᠬᠡ ᠣᠯᠣᠰ ᠤᠨ ᠪᠠᠳᠣᠯᠠᠨ ᠬᠠᠮᠠᠭᠠᠯᠠᠯᠳᠠ ᠶᠢᠨ ᠠᠷᠢᠭᠤᠨ‌ᠦᠢᠯᠡᠰ ᠲᠤ ᠵᠤᠷᠢᠭᠤᠯᠵᠤ ᠶᠠᠪᠤᠭᠰᠠᠨ ᠨᠤᠷᠪᠤᠰᠠᠩ ᠭᠤᠸᠠᠢ᠂ 1975 ᠣᠨ ᠳᠤ ᠨᠣᠳᠤᠭ ᠲᠠᠭᠠᠨ ᠪᠣᠴᠠᠵᠦ᠂ ᠨᠠᠮ ᠤᠨ ᠬᠡᠰᠢᠬᠦᠨ ᠲᠠᠭᠠᠭᠤᠯᠣᠭᠴᠢ ᠮᠠᠯᠴᠢᠨ ᠤ ᠦᠢᠯᠡᠳᠦᠯ ᠴᠢᠳᠠᠪᠬᠢ ᠪᠠᠨ ᠬᠦᠢᠴᠡᠳ ᠪᠠᠳᠠᠷᠠᠭᠤᠯᠵᠤ᠂ ᠲᠠᠯ᠎ᠠ ᠨᠣᠳᠤᠭ ᠤᠨ ᠢᠶᠠᠨ ᠭᠠᠷᠮᠠᠭᠠᠢ ᠮᠠᠯᠴᠢᠨ ᠤ ᠨᠢᠭᠡ ᠨᠢ ᠪᠣᠯᠵᠠᠢ᠃ 1988 ᠤᠨ —1996 ᠣᠨ ᠪᠤᠯᠳᠠᠯᠠᠬᠢ ᠬᠤᠭᠤᠴᠭᠠᠨ ᠳᠤ᠂ ᠠᠯᠳᠠᠩᠭᠤᠤᠯ ᠭᠠᠴᠠᠭᠠᠨ ᠤ ᠪᠠᠨ ᠨᠠᠮ ᠤᠨ ᠡᠭᠦᠷ ᠤᠨ ᠱᠦᠵᠢ ᠪᠠᠷ ᠠᠵᠢᠯᠯᠠᠨ᠂ ᠭᠠᠴᠠᠭᠠᠨ ᠤ ᠪᠠᠨ ᠮᠠᠯᠴᠢᠨ ᠲᠦᠮᠡᠨ ᠢ ᠲᠠᠶᠢᠴᠢᠯᠠᠨ ᠲᠠᠭᠠᠭᠠᠣᠯᠵᠦ᠂ ᠨᠣᠳᠤᠭ ᠣᠰᠣᠨ ᠤ ᠪᠠᠨ ᠠᠯᠳᠠᠷ ᠢ ᠡᠷᠭᠦᠨ᠂ ᠦᠢᠯᠡᠰ ᠤᠨ ᠠᠶᠠᠨ ᠳᠠᠭᠠᠨ ᠦᠨᠳᠦᠰᠦᠨ ᠱᠠᠳᠣᠨ ᠤ ᠨᠠᠮ  ᠤᠨ ᠬᠡᠰᠢᠭᠦᠨ ᠤ ᠡᠭᠦᠷᠬᠡ ᠬᠠᠷᠢᠭᠤᠴᠠᠯᠭ᠎ᠠ ᠪᠠᠨ ᠲᠤᠷᠠᠶᠢᠳᠠᠯ᠎ᠠ ᠪᠢᠴᠢᠭᠯᠡᠨ᠂ ᠦᠨᠢ ᠡᠬᠦᠷᠢᠲᠡ ᠨᠠᠮ ᠢᠶᠠᠨ ᠲᠠᠭᠠᠨ᠂ ᠬᠦᠰᠡᠯᠡᠩ ᠢᠳᠡᠭᠡᠯ ᠪᠢᠰᠢᠷᠡᠯ ᠢᠶᠠᠨ  ᠪᠠᠲᠤᠳᠬᠠᠵᠤ᠂ ᠨᠠᠰᠤᠨ ᠦᠨᠳᠦᠷ ᠪᠤᠯᠤᠭᠰᠠᠨ ᠴᠦ ᠨᠠᠮ ᠤᠨ ᠦᠢᠯᠡᠰ ᠢᠶᠠᠨ ᠲᠡᠭᠡᠳᠦᠯᠡᠨ᠂ ᠠᠴᠢᠲᠤ ᠨᠠᠮ ᠳᠠᠭᠠᠨ ᠬᠦᠨᠳᠦᠳᠭᠡᠯ ᠢᠶᠠᠨ ᠡᠷᠬᠦᠨ᠎ᠡ᠃
 
ᠢᠷᠡᠯᠲᠡ᠄ ᠪᠠᠷᠠᠭᠤᠨ ᠦᠵᠦᠮᠦᠴᠢᠨ ᠬᠤᠰᠢᠭᠤᠨ ᠤ ᠬᠠᠮ ᠵᠠᠭᠤᠴᠢᠯᠠᠭᠤᠷ ᠤᠨ ᠲᠥᠪ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号