ᠠᠮᠢᠳᠣᠷᠠᠯ ᠤᠨ ᠰᠢᠨ᠎ᠡ ᠭᠠᠷᠣᠭᠠᠨ ᠳᠤ —— ᠮᠠᠯᠴᠢᠨ ᠪᠦᠭᠡᠴᠢᠯᠡᠭᠤ | | ᠬᠦᠳᠡᠭᠡ ᠨᠣᠳᠤᠭ ᠢᠶᠠᠷ ᠪᠣᠷᠣᠭᠠᠨ ᠬᠤᠷ᠎ᠠ ᠲᠡᠭᠰᠢᠷᠡᠨ ᠵᠣᠨᠰᠢᠯᠭᠠ ᠰᠠᠶᠢᠬᠠᠨ ᠪᠣᠯᠵᠣ᠂ ᠬᠡᠳᠦ ᠭᠤᠷᠪᠠ ᠪᠠᠷ ᠢᠶᠠᠨ | ᠣᠶᠢᠷᠠᠬᠠᠨ ᠰᠠᠭᠤᠳᠠᠭ ᠠᠶᠢᠯ ᠣᠰᠣᠨ ᠤ ᠬᠢᠨ᠂ ᠬᠤᠨᠢ ᠬᠠᠶᠢᠴᠢᠯᠠᠨ ᠬᠤᠷᠠᠭ᠎ᠠ ᠬᠢᠷᠭᠠᠬᠤ ᠬᠡᠳ ᠠᠵᠢᠯ ᠬᠢᠳᠡᠯ ᠳᠤ ᠲᠡᠮ | ᠳᠣᠰᠠ ᠪᠣᠯᠵᠠᠭᠠᠨ ᠶᠠᠭᠠᠷᠠᠵᠠᠭᠠᠨ᠎ᠠ᠃ | ᠪᠠᠶᠠᠩᠬᠤᠸᠠ ᠪᠠᠯᠭᠠᠰᠣᠨ ᠤ ᠪᠠᠶᠠᠨᠬᠤᠭᠤᠯᠠᠳᠣ ᠭᠠᠴᠠᠭᠠᠨ ᠤ ᠮᠠᠯᠴᠢᠨ ᠪᠦᠭᠡᠴᠢᠯᠡᠭᠤ ᠬᠡᠷᠬᠡᠢ ᠲᠠᠢ ᠪᠠᠨ ᠬᠤᠶᠠᠭᠤᠯᠠ ᠴᠣ᠋ | ᠥᠨᠦᠳᠦᠷ ᠤᠨ ᠢᠶᠠᠨ ᠠᠵᠢᠯ ᠢ ᠠᠮᠵᠢᠭᠤᠯᠬᠤ ᠭᠡᠵᠦ ᠶᠠᠭᠠᠷᠠᠯᠳᠠᠢ ᠠᠵᠢᠯᠯᠠᠨ᠎ᠠ᠃ ᠡᠨᠡ ᠵᠢᠯ ᠡᠳᠡᠨᠡᠶᠢᠬᠢ ᠨᠢ ᠬᠤᠶᠠᠷ | ᠵᠠᠭᠤ ᠭᠠᠷᠣᠢ ᠬᠤᠨᠢ ᠲᠠᠢ ᠪᠣᠯᠵᠣ᠂ ᠣᠣᠯ ᠤᠨ ᠰᠠᠭᠤᠷᠢ ᠨᠢᠮᠬᠡᠨ ᠠᠮᠢᠳᠣᠷᠠᠯ ᠨᠢ ᠦᠭᠡᠳᠡ ᠲᠠᠢ ᠥᠩᠭᠡ ᠲᠠᠢ ᠠᠮᠵᠢᠯᠲᠠ | ᠶᠢᠨ ᠡᠬᠢᠨ ᠤ ᠠᠯᠬᠤᠮ ᠢ ᠠᠯᠬᠤᠭᠰᠠᠨ ᠢᠶᠠᠷ ᠪᠦᠭᠡᠴᠢᠯᠠᠭᠤ ᠬᠡᠷᠭᠡᠢ ᠲᠠᠢ ᠪᠠᠨ ᠬᠤᠶᠠᠭᠤᠯᠠ ᠮᠠᠰᠢ ᠪᠠᠶᠠᠷᠲᠠᠢ ᠪᠠᠶᠢᠯ᠎ᠠ᠃ | ᠪᠦᠭᠡᠴᠢᠯᠠᠭᠤ ᠶᠢᠨ ᠬᠢ ᠣᠣᠯ ᠨᠢ ᠠᠬ᠎ᠠ ᠲᠡᠭᠦᠦ ᠠᠮᠠ ᠪᠦᠯᠢ ᠠᠷᠪᠢᠭᠤᠯᠠ ᠪᠠᠶᠢᠵᠣ᠂ ᠠᠶᠢᠯ ᠭᠡᠷ ᠢᠶᠠᠷ ᠢᠶᠠᠨ | ᠠᠰᠳᠠᠭᠠᠨ ᠭᠠᠷᠬᠤ ᠦᠶ᠎ᠡ ᠳᠤ ᠠᠮᠢᠳᠣᠷᠠᠯ ᠤᠨ ᠰᠠᠭᠤᠷᠢ ᠮᠠᠰᠢ ᠨᠢᠮᠭᠡᠨ ᠪᠠᠶᠢᠵᠣ᠂ ᠲᠡᠷᠡ ᠪᠠᠶᠢᠩᠭᠤ ᠠᠶᠢᠯ ᠳᠤ | ᠬᠦᠯᠦᠰᠦᠨ ᠠᠵᠢᠯ ᠬᠢᠬᠦ ᠵᠡᠷᠭᠡ ᠪᠠᠷ ᠠᠮᠢᠳᠣᠷᠠᠯ ᠳᠤ ᠪᠠᠨ ᠪᠠᠭ᠎ᠠ ᠰᠠᠭ᠎ᠠ ᠣᠷᠣᠯᠭ᠎ᠠ ᠣᠯᠵᠣ ᠪᠠᠶᠢᠵᠠᠢ᠃ | ᠡᠨᠡᠬᠦ ᠪᠠᠶᠢᠳᠠᠯ ᠳᠤ ᠪᠠᠶᠠᠩᠬᠤᠸᠠ ᠪᠠᠯᠭᠠᠰᠣ ᠪᠣᠯᠣᠨ ᠪᠠᠶᠠᠨᠬᠤᠭᠤᠯᠠᠳᠣ ᠭᠠᠴᠠᠭᠠᠨ ᠤ ᠡᠭᠦᠷ ᠵᠦᠪᠯᠡᠯ ᠨᠢ ᠬᠠᠮᠳᠣᠷᠠᠨ | ᠡᠳᠡᠨ ᠤ ᠠᠮᠢᠳᠣᠷᠠᠯ ᠢ ᠪᠦᠳᠦᠮᠵᠢᠲᠠᠢ ᠰᠠᠶᠢᠨ ᠲᠡᠭᠡᠭᠰᠢᠯᠡᠬᠦᠯᠬᠦ ᠠᠷᠭ᠎ᠠ ᠵᠠᠮ ᠰᠦᠪᠡᠭᠴᠢᠯᠡᠨ᠂2018 ᠣᠨ ᠳᠤ ᠲᠠᠪᠣᠨ | ᠲᠦᠮᠡᠨ ᠲᠦᠭᠦᠷᠢᠭ ᠤᠨ ᠬᠦᠦ ᠮᠥᠩᠭᠦ ᠦᠭᠡᠢ ᠵᠢᠭᠡᠯᠡᠯᠭᠡ ᠶᠢ ᠣᠯᠭᠤᠨ᠂ 50 ᠲᠣᠯᠣᠭᠠᠢ ᠬᠤᠨᠢ ᠠᠪᠴᠦ ᠦᠭᠭᠦᠨ᠂ | ᠴᠢᠨᠠᠷ ᠰᠠᠶᠢᠳᠠᠢ ᠰᠠᠭᠤᠷᠢ ᠡᠬᠡ ᠮᠠᠯ ᠲᠠᠢ ᠪᠣᠯᠬᠤ ᠶᠢ ᠨᠢ ᠪᠠᠳᠣᠯᠠᠵᠠᠢ᠃ ᠪᠦᠭᠡᠴᠢᠯᠠᠭᠤ ᠴᠦ ᠵᠣᠬᠢᠶᠠᠨ ᠪᠠᠶᠢᠭᠤᠯᠣᠯᠲᠠ ᠶᠢᠨ | ᠬᠠᠯᠠᠭᠤᠨ ᠲᠡᠮᠵᠢᠯᠭᠡ ᠶᠢ ᠬᠦᠷᠳᠡᠭᠰᠡᠨ ᠳᠤ ᠪᠠᠨ ᠣᠷᠮᠠᠰᠢᠨ ᠵᠣᠷᠢᠭᠵᠢᠵᠣ᠂ ᠭᠤᠷᠪᠠᠨ ᠵᠢᠯ ᠤᠨ ᠲᠣᠷᠰᠢ ᠡᠷᠳᠡᠯᠡᠵᠦ | ᠣᠷᠣᠶᠢᠯᠠᠨ ᠴᠢᠷᠮᠠᠶᠢᠵᠣ᠂ ᠵᠢᠯ ᠵᠢᠯ ᠤᠨ ᠲᠦᠯ ᠢᠶᠠᠨ ᠮᠡᠡᠳᠦ ᠰᠠᠶᠢᠬᠠᠨ ᠲᠣᠰᠴᠣ᠂ ᠠᠷᠠᠴᠢᠯᠠᠭ᠎ᠠ ᠳᠣᠳᠣᠮᠳᠣᠯᠭᠠ ᠳᠤ ᠪᠠᠨ | ᠴᠣ᠋ ᠰᠠᠨᠠᠭᠠᠲ᠋ᠠᠯᠪᠢᠵᠣ ᠢᠷᠡᠵᠡᠢ᠃ | ᠣᠶᠢᠷ᠎ᠠ ᠶᠢᠨ ᠬᠤᠶᠠᠷ ᠵᠢᠯ ᠬᠤᠨᠢ ᠬᠤᠷᠠᠭᠠᠨ ᠤ ᠦᠨ᠎ᠡ ᠬᠠᠩᠰᠢ ᠬᠠᠷᠢᠴᠠᠩᠭᠤᠢ ᠲᠣᠭᠳᠠᠪᠦᠷᠢᠲᠠᠢ ᠪᠠᠶᠢᠭ᠎ᠠ ᠨᠢ | ᠪᠦᠬᠡᠴᠢᠯᠠᠭᠤ ᠶᠢᠨ ᠣᠷᠣᠯᠭ᠎ᠠ ᠵᠠᠷᠣᠯᠭ᠎ᠠ ᠪᠠᠨ ᠲᠠᠩᠴᠡᠭᠦᠯᠦᠨ᠂ ᠠᠮᠢᠳᠣᠷᠠᠯ ᠢᠶᠠᠨ ᠦᠭᠡᠳᠡ ᠨᠢ ᠳᠠᠳᠠᠬᠤ ᠠᠰᠢᠭᠲᠠᠢ | ᠨᠦᠬᠦᠴᠡᠯ ᠢ ᠪᠦᠷᠢᠯᠳᠦᠭᠦᠯᠦᠨ ᠦᠭᠴᠦ᠂ ︿ ᠡᠨᠡ ᠵᠢᠯ ᠮᠠᠨᠠᠶᠢᠬᠢ ᠲᠠᠪᠣᠨ ᠲᠦᠮᠡᠨ ᠲᠦᠭᠦᠷᠢᠭ ᠢᠶᠠᠨ ᠰᠠᠨᠠᠭ᠎ᠠ ᠵᠣᠪᠠᠯᠳᠠ | ᠦᠭᠡᠢ ᠪᠣᠴᠠᠭᠠᠴᠢᠬᠠᠨᠠ ﹀ ᠭᠡᠵᠦ ᠪᠦᠭᠡᠴᠢᠯᠠᠭᠤ ᠪᠢᠳᠡᠨ ᠳᠤ ᠢᠳᠡᠭᠡᠯᠳᠡᠢ ᠶᠠᠷᠢᠵᠣ ᠪᠠᠶᠢᠯ᠎ᠠ᠃ | ᠬᠦᠳᠡᠭᠡ ᠨᠣᠳᠤᠭ ᠢᠶᠠᠷ ᠠᠵᠢᠯ ᠤᠨ ᠲᠦᠷᠬᠡᠨ ᠠᠶᠢᠵᠢᠮ ᠦᠷᠭᠦᠯᠵᠢᠯᠡᠭᠰᠡᠭᠡᠷ᠂ ᠪᠦᠬᠡᠴᠢᠯᠠᠭᠤ ᠬᠦᠮᠦᠰ ᠲᠠᠢ ᠮᠦᠷᠦ | ᠵᠡᠷᠭᠡᠴᠡᠨ ᠡᠳᠦᠷ ᠪᠦᠷᠢ ᠶᠢ ᠰᠡᠳᠬᠢᠯ ᠣᠷᠮᠠᠳᠠᠢ᠂ ᠬᠢᠳᠡᠯ ᠣᠯᠠᠨᠳᠠᠶᠢᠬᠠᠨ ᠲᠣᠭᠤᠯᠵᠣ ᠶᠠᠪᠣᠨ᠎ᠠ᠃ |