ᠪᠤᠭᠤᠷᠤᠯ ᠨᠠᠰᠣᠳᠠᠨ ᠤ ᠠᠷᠢᠭᠤᠨ ᠦᠢᠯᠡ | | ᠴᠠᠭ ᠤᠨ ᠰᠠᠶᠢᠬᠠᠨ ᠳᠤ ᠪᠠᠶᠠᠰᠤᠨ᠂ ᠠᠵᠠ ᠵᠢᠷᠭᠠᠯᠲᠤ ᠠᠮᠢᠳᠤᠷᠠᠯ ᠢᠶᠠᠨ ᠤᠳᠬ᠎ᠠ ᠲᠡᠬᠦᠯᠳᠡᠷ ᠦᠩᠭᠡᠷᠡᠬᠦᠯᠵᠦ᠂ | ᠲᠤᠷᠠᠳᠠᠢ ᠪᠠᠭ᠋ᠠᠲᠠᠢ ᠦᠢᠯᠡ ᠤᠶᠤᠳᠠᠯ ᠢᠶᠠᠨ ᠤᠷᠠᠯᠠᠨ ᠰᠠᠭᠤᠭ᠎ᠠ ᠡᠨᠡ ᠨᠠᠰᠤᠳᠠᠨ ᠪᠤᠯ ᠪᠠᠷᠠᠭᠤᠨ ᠦᠵᠦᠮᠦᠴᠢᠨ ᠬᠤᠰᠢᠭᠤᠨ | ᠤ ᠤᠯᠠᠭᠠᠠᠬᠠᠭᠠᠯᠭ᠎ᠠ ᠰᠤᠮᠤᠨ ᠤ ᠰᠢᠨᠠᠭᠤᠤᠯ ᠭᠠᠴᠠᠭᠠᠨ ᠤ ᠵᠢᠷ ᠤᠨ ᠨᠢᠭᠡᠨ ᠮᠠᠯᠴᠢᠨ ᠪᠤᠯᠬᠤ ᠶᠤᠮ᠃ | ᠨᠠᠰᠤᠳᠠᠨ ᠭᠤᠸᠠᠢ ᠲᠠᠯᠠᠨ ᠨᠠᠰᠤ ᠶᠢ ᠲᠦᠬᠦᠵᠦ ᠶᠠᠪᠤᠭ᠎ᠠ ᠴᠦ ᠭᠠᠷ ᠤᠷᠠᠨ ᠨᠢᠭᠡᠨ ᠪᠠᠶᠢᠵᠤ᠂ ᠵᠠᠪ ᠯᠠ ᠭᠠᠷᠪᠠᠯ | ᠲᠤᠷᠠᠲᠠᠢ ᠪᠠᠭ᠋ᠠᠲᠠᠢ ᠦᠢᠯᠡ ᠤᠶᠤᠳᠠᠯ ᠢᠶᠠᠨ ᠤᠷᠠᠯᠠᠵᠤ᠂ ᠦᠳᠡᠯᠦᠭᠡ ᠨᠠᠰᠤ ᠪᠠᠨ ᠵᠤᠭ᠎ᠠ ᠴᠠᠩᠭᠡᠯ ᠲᠠᠢ ᠦᠩᠭᠡᠷᠡᠬᠦᠯᠵᠦ | ᠶᠠᠪᠤᠨ᠎ᠠ᠃ | ᠲᠡᠷᠡᠪᠡᠷ 2008 ᠤᠨ ᠳᠤ ᠬᠤᠰᠢᠭᠤᠨ ᠲᠦᠪ ᠪᠠᠯᠭᠠᠷᠭᠤᠤᠯ ᠪᠠᠯᠭᠠᠰᠤᠨ ᠳᠤ ᠤᠮᠪᠤᠯᠤ ᠪᠠᠨ ᠬᠠᠷᠠᠬᠤ ᠪᠠᠷ ᠤᠷᠤᠵᠤ | ᠢᠷᠡᠭᠰᠡᠨ ᠠᠴᠠ ᠨᠠᠰᠢ᠂ ᠦᠪᠡᠷ ᠤᠨ ᠲᠤᠷ᠎ᠠ ᠰᠣᠨᠢᠷᠬᠠᠯ᠂ ᠤᠷ᠎ᠠ ᠠᠪᠢᠶᠠᠰ ᠢᠶᠠᠷ ᠢᠶᠠᠨ ᠤᠯᠠᠨ ᠰᠠᠶᠢᠬᠠᠨ ᠢᠰᠡᠭᠡᠢ ᠣᠷᠠᠯᠠᠯ | ᠂ ᠢᠷ ᠲᠠᠷᠤᠭᠰᠠᠨ ᠠᠯᠴᠢᠭᠤᠷ᠂ ᠮᠠᠯᠠᠭᠠᠢ ᠵᠢᠴᠢ ᠮᠤᠩᠭᠤᠯ ᠬᠤᠪᠴᠠᠰᠤ ᠵᠠᠰᠠᠯ ᠵᠡᠷᠭᠡ ᠤᠶᠤᠶ᠎ᠠ ᠬᠡᠵᠦ ᠪᠤᠳᠤᠭᠰᠠᠨ | ᠵᠦᠢᠯ ᠪᠤᠯᠭᠠᠨ ᠢᠶᠠᠨ ᠭᠠᠷ ᠣᠷᠠᠯᠠᠯ ᠤᠨ ᠪᠦᠳᠦᠭᠡᠯ ᠪᠤᠯᠭᠠᠨ ᠨᠠᠷᠢᠯᠢᠭ ᠤᠷᠠᠯᠠᠵᠤ᠂ ᠠᠩᠬ᠎ᠠ ᠦᠷ᠎ᠡ ᠠᠴᠢᠨᠠᠷ᠂ ᠤᠶᠢᠷ᠎ᠠ | ᠰᠠᠳᠤᠨ ᠳᠠᠭᠠᠨ ᠲᠤᠷᠠᠰᠬᠠᠯ ᠪᠤᠯᠭᠠᠨ ᠦᠭᠴᠦ ᠪᠠᠶᠢᠭᠰᠠᠨ ᠪᠤᠯ ᠬᠤᠵᠢᠮ ᠨᠢ ᠬᠤᠯᠪᠤᠭ᠎ᠠ ᠰᠦᠯᠵᠢᠶ᠎ᠡ ᠵᠡᠷᠭᠡ ᠶᠢ ᠠᠰᠢᠭᠯᠠᠨ᠂ | ᠤᠶᠢᠷ᠎ᠠ ᠬᠠᠪᠢ ᠶᠢᠨ ᠬᠦᠮᠦᠰ᠂ ᠰᠦᠯᠵᠢᠶᠡᠨ ᠠᠨᠲᠠ ᠨᠠᠷ ᠤᠨ ᠠᠩᠬᠠᠷᠤᠯ ᠪᠠᠭ᠋ᠠᠷᠬᠠᠯ ᠢ ᠲᠠᠳᠠᠵᠤ᠂ ᠦᠵᠡᠵᠦ ᠲᠤᠭᠤᠭᠰᠠᠨ | ᠨᠢᠭᠡ ᠨᠢ ᠵᠠᠬᠢᠶᠠᠯᠠᠨ ᠠᠪᠳᠠᠭ ᠪᠠᠶᠢᠭᠰᠠᠨ ᠨᠢ ᠨᠠᠰᠤᠳᠠᠨ ᠤ ᠬᠤᠪᠢ ᠳᠤ ᠤᠯᠠᠮ ᠴᠦ ᠤᠷᠮᠠᠰᠢᠭᠤᠯᠤᠯ ᠵᠤᠷᠢᠭᠵᠢᠭᠤᠯᠤᠯ | ᠪᠤᠯᠤᠭᠰᠠᠨ ᠪᠠᠶᠢᠯ᠎ᠠ᠃ | ᠲᠦᠭᠡᠶᠢᠮ᠎ᠠ ᠨᠠᠰᠤᠳᠠᠨ ᠲᠠᠪᠤᠨ ᠬᠦᠦ᠂ ᠨᠢᠭᠡ ᠦᠬᠢᠨ ᠲᠠᠢ ᠪᠠᠶᠢᠵᠤ᠂ ᠦᠷ᠎ᠡ ᠬᠡᠦᠬᠡᠳ ᠨᠠᠷ ᠨᠢ ᠴᠦᠮ ᠲᠤᠰᠳᠠᠭᠠᠨ | ᠠᠶᠢᠯ ᠭᠡᠷ ᠪᠣᠯᠣᠭᠰᠠᠨ ᠢᠶᠠᠷ ᠨᠠᠰᠣᠳᠠᠨ ᠰᠡᠳᠬᠢᠯ ᠠᠯᠭᠠᠰᠬᠤ ᠵᠦᠢᠯ ᠦᠭᠡᠢ ᠪᠠᠶᠢᠵᠣ᠂ ︽ ᠵᠦᠭᠡᠷ ᠰᠠᠭᠤᠬᠤ ᠪᠠᠷ | ᠵᠦᠯᠬᠦᠵᠦ ᠰᠠᠭᠤᠶ᠎ᠠ︾ ᠬᠡᠮᠡᠨ᠂ ᠵᠠᠪ ᠯᠠ ᠤᠯᠳᠠᠪᠠᠯ ᠦᠢᠯᠡ ᠤᠶᠤᠳᠠᠯ ᠢᠶᠠᠨ ᠡᠷᠬᠢᠴᠡᠬᠦᠯᠵᠦ᠂ ᠤᠭᠠᠯᠵᠠ ᠵᠢᠷᠤᠭ | ᠵᠢᠷᠤᠵᠤ ᠡᠰᠬᠡᠬᠦ ᠠᠴᠠ ᠡᠬᠢᠯᠡᠨ ᠶᠠᠩᠵᠤ ᠬᠡᠯᠪᠡᠷᠢ ᠶᠢᠨ ᠰᠢᠨᠡᠴᠢᠯᠡᠯᠲᠡ ᠳᠤ ᠬᠦᠷᠳᠡᠯ᠎ᠡ ᠪᠦᠬᠦᠨ ᠢ ᠦᠪᠡᠷ ᠤᠨ ᠭᠠᠷ ᠢᠶᠠᠷ | ᠤᠷᠠᠯᠠᠨ ᠪᠦᠳᠦᠭᠡᠭᠰᠡᠨ ᠪᠠᠶᠢᠳᠠᠭ᠃ | ᠨᠠᠰᠤᠳᠠᠨ ᠤ ᠤᠷᠠᠯᠠᠭᠰᠠᠨ ᠢᠰᠡᠭᠡᠢ ᠤᠷᠠᠯᠠᠯ ᠪᠦᠳᠦᠭᠡᠭᠳᠡᠭᠦᠨ ᠳᠤ ᠨᠠᠮ ᠲᠦᠷᠦ ᠪᠠᠨ ᠮᠠᠭᠳᠠᠨ᠂ ᠤᠯᠤᠰ ᠤᠷᠤᠨ ᠤ | ᠬᠦᠭᠵᠢᠯᠲᠡ ᠶᠢ ᠬᠠᠷᠠᠭᠤᠯᠤᠭᠰᠠᠨ ᠢᠰᠡᠭᠡᠢ ᠣᠷᠠᠯᠠᠯ ᠤᠨ ᠪᠦᠳᠦᠭᠡᠯ ᠠᠴᠠ ᠭᠠᠳᠠᠨ᠎ᠠ ᠰᠢᠷᠢᠮᠡᠯ ᠰᠢᠷᠳᠡᠭ᠂ ᠠᠶᠠᠭᠠᠨ | ᠲᠠᠭᠠᠷᠴᠤᠭ᠂ ᠭᠤᠶᠤᠯᠠᠯ ᠤᠨ ᠪᠤᠭᠴᠤ ᠂ ᠲᠠᠪᠤᠨ ᠬᠤᠰᠢᠭᠤ ᠮᠠᠯ᠂ ᠠᠷᠪᠠᠨ ᠬᠤᠶᠠᠷ ᠵᠢᠯ᠂ ᠭᠡ ᠤᠭᠠᠯᠵᠠ ᠪᠠᠷ ᠴᠢᠮᠠᠵᠦ | ᠰᠢᠷᠢᠭᠰᠡᠨ ᠣᠯᠪᠣᠭ᠂ ᠢᠰᠡᠭᠡᠢ ᠪᠠᠷ ᠤᠷᠠᠯᠠᠭᠰᠠᠨ ᠠᠮᠢᠳᠠᠨ᠂ ᠮᠤᠩᠭᠤᠯ ᠭᠡᠷ ᠤᠨ ᠵᠠᠭᠪᠤᠷ᠂ ᠦᠯᠵᠡᠢ ᠤᠳᠠᠰᠤ ᠂ | ᠠᠮᠤᠷ ᠪᠠᠶᠠᠰᠬᠤᠯᠠᠩ ᠤᠨ ᠢᠰᠡᠭᠡᠢ ᠤᠷᠠᠯᠠᠯ ᠬᠡᠬᠦ ᠮᠡᠲᠦ ᠶᠢᠨ ᠤᠯᠠᠮᠵᠢᠯᠠᠯᠲᠤ ᠮᠤᠩᠭᠤᠯ ᠠᠮᠢᠳᠤᠷᠠᠯ ᠢᠶᠠᠷ ᠰᠡᠳᠦᠪᠯᠡᠭᠰᠡᠨ | ᠤᠯᠠᠨ ᠰᠠᠶᠢᠬᠠᠨ ᠢᠰᠡᠭᠡᠢ ᠤᠷᠠᠯᠠᠯ ᠤᠨ ᠪᠦᠳᠦᠭᠡᠯ ᠤᠳ ᠪᠠᠶᠢᠵᠣ᠂ ᠮᠦᠨ ᠴᠦ ᠲᠤᠨᠤᠯᠵᠢᠨ ᠬᠠᠳᠬᠤᠮᠠᠯ᠂ ᠲᠤᠪᠴᠢᠨ | ᠤᠷᠠᠯᠠᠯ ᠤᠨ ᠪᠦᠳᠦᠭᠡᠯ ᠤᠳ ᠨᠢ ᠨᠡᠶᠢᠲᠡ ᠤᠯᠠᠨ ᠤ ᠪᠠᠭ᠋ᠠᠷᠬᠠᠯ ᠪᠢᠰᠢᠷᠡᠯ ᠢ ᠬᠦᠷᠳᠡᠵᠦ᠂ ᠦᠳᠡᠯᠦᠭᠡ ᠨᠠᠰᠤ ᠪᠠᠨ | ᠡᠷᠡᠭᠡᠢ ᠶᠢᠨ ᠤᠷᠠᠨ ᠢᠶᠠᠷ ᠢᠶᠠᠨ ᠴᠢᠮᠡᠨ᠂ ᠤᠷᠤᠯᠳᠤᠭᠠᠨ ᠲᠡᠮᠡᠴᠡᠭᠡᠨ ᠳᠤ ᠢᠳᠡᠪᠬᠢᠯᠡᠨ ᠤᠷᠤᠯᠴᠠᠵᠤ᠂ ᠵᠠᠯᠠᠭᠤ ᠽᠠᠨᠳᠠᠨ | ᠨᠠᠰᠤᠨ ᠤ ᠲᠡᠮᠦᠷ ᠬᠡᠦᠬᠡᠨ ᠤ ᠵᠤᠷᠢᠭ ᠰᠠᠨᠠᠭ᠎ᠠ ᠪᠠᠨ ᠪᠠᠳᠠᠷᠠᠭᠤᠯᠵᠤ᠂ ᠬᠡᠦᠬᠡᠳ ᠲᠡᠬᠦᠦᠨᠠᠷ ᠲᠡᠭᠡᠨ ᠦᠪᠯᠡᠬᠦᠯᠵᠦ | ᠦᠯᠡᠳᠡᠭᠡᠬᠦ ᠨᠠᠨᠳᠢᠨ ᠦᠪ ᠪᠤᠯᠭᠠᠨ ᠤᠷᠠᠯᠠᠭᠰᠠᠭᠠᠷ ᠶᠠᠪᠤᠨ᠎ᠠ᠃ |