ᠴᠡᠩᠭᠡᠯ ᠮᠣᠳᠣᠨ ᠴᠤᠭᠤᠷ ᠤᠨ ᠳᠥᠷᠪᠡᠳᠦᠭᠡᠷ ᠬᠤᠭᠤᠴᠠᠭᠠᠨ ᠤ | ᠪᠣᠯᠪᠠᠰᠤᠷᠠᠯ ᠤᠨ ᠠᠩᠬᠢ ᠡᠬᠢᠯᠡᠯ᠎ᠡ | | | ᠤᠶᠢᠷ᠎ᠠ ᠶᠢᠨ ᠡᠳᠦᠷ᠂ ︽ᠠᠨᠳᠠ︾ ᠬᠠᠮᠲᠤᠯᠢᠭ ᠤᠨ ᠴᠡᠩᠭᠡᠯ ᠮᠣᠳᠣᠨ ᠴᠤᠭᠤᠷ ᠤᠨ ᠳᠥᠷᠪᠡᠳᠦᠭᠡᠷ | ᠬᠤᠭᠤᠴᠠᠭᠠᠨ ᠤ ᠪᠤᠯᠪᠠᠰᠤᠷᠠᠯ ᠤᠨ ᠠᠩᠬᠢ ᠨᠢ ᠪᠠᠷᠠᠭᠤᠨ ᠦᠵᠦᠮᠦᠴᠢᠨ ᠬᠤᠰᠢᠭᠤᠨ ᠤ ᠦᠵᠡᠰᠬᠦᠯᠡᠩᠲᠦ ᠰᠠᠶᠢᠬᠠᠨ | ᠲᠠᠯ᠎ᠠ ᠨᠤᠲᠤᠭ ᠲᠤ ᠬᠢᠴᠢᠶᠡᠯ ᠢᠶᠠᠨ ᠡᠬᠢᠯᠡᠭᠦᠯᠪᠡ᠃ ᠲᠤᠰ ᠤᠳᠠᠭᠠᠨ ᠤ ᠪᠣᠯᠪᠠᠰᠤᠷᠠᠯ ᠳᠤ ᠤᠯᠠᠭᠠᠨᠮᠥ᠋ᠴᠢᠷ ᠤᠨ | ᠲᠣᠭᠯᠠᠭᠴᠢᠳ᠂ ᠮᠣᠳᠣᠨ ᠴᠤᠭᠤᠷ ᠲᠤ ᠳᠤᠷ᠎ᠠ ᠪᠠᠬ᠎ᠠ ᠲᠠᠢ ᠬᠦᠮᠦᠰ ᠪᠣᠯᠣᠨ ᠳᠠᠭᠤᠤ ᠬᠥᠭᠵᠢᠮ ᠤᠨ ᠪᠠᠭ᠋ᠠᠳᠠᠳ | ᠣᠷᠣᠯᠴᠠᠵᠠᠢ᠃ | ᠮᠣᠳᠣᠨ ᠴᠤᠭᠤᠷ ᠪᠣᠯ ᠮᠣᠩᠭᠤᠯ ᠦᠨᠳᠦᠰᠦᠲᠡᠨ ᠤ ᠴᠤᠭᠤᠷ ᠬᠥᠭᠵᠢᠮ ᠤᠨ ᠲᠥᠷᠥᠯ ᠳᠠᠬᠢ ᠴᠣᠷ ᠤᠨ ᠭᠠᠭᠴᠠ | ᠣᠯᠠᠨ ᠬᠥᠭ ᠲᠠᠢ ᠦᠯᠢᠶᠡᠭᠦᠷ ᠬᠥᠭᠵᠢᠮᠳᠡᠭᠦᠷ ᠪᠣᠯᠣᠨ᠎ᠠ᠃ ᠮᠣᠳᠣᠨ ᠴᠤᠭᠤᠷ ᠤᠨ ᠠᠶᠠᠯᠭᠤ ᠥᠨᠢ ᠡᠷᠲᠡᠨ ᠤ | ᠣᠨᠴᠠᠯᠢᠭ ᠲᠠᠢ ᠮᠥᠷᠲᠡᠭᠡᠨ ᠢᠳᠡᠷᠡᠭᠦᠨ ᠵᠢᠪᠬᠤᠭᠠᠯᠢᠭ᠂ ᠰᠣᠨᠣᠰᠬᠤᠯᠠᠩ ᠲᠠᠢ ᠰᠠᠶᠢᠬᠠᠨ ᠪᠠᠶᠢᠳᠠᠭ᠃ ᠴᠠᠭ ᠦᠶ᠎ᠡ | ᠶᠢᠨ ᠬᠥᠭᠵᠢᠯᠲᠡ ᠶᠢ ᠳᠠᠭᠠᠯᠳᠤᠨ᠂ ᠮᠣᠳᠣᠨ ᠴᠤᠭᠤᠷ ᠨᠢ ᠠᠭᠠᠵᠢᠮ ᠢᠶᠠᠷ ᠰᠣᠶᠣᠯ ᠤᠷᠠᠯᠢᠭ ᠤᠨ ᠬᠦᠷᠢᠶ᠎ᠡ ᠴᠠᠷ᠎ᠠ | ᠳᠤ ᠰᠢᠩᠭᠡᠨ᠂ ᠥᠪᠡᠷᠮᠢᠴᠡ ᠬᠥᠭ ᠠᠶᠢᠵᠠᠮ ᠢᠶᠠᠷ ᠢᠶᠠᠨ ᠠᠳᠠᠯᠢ ᠪᠣᠰᠣ ᠦᠨᠳᠦᠰᠦᠲᠡᠨ ᠤ ᠮᠠᠰᠢ ᠣᠯᠠᠨ ᠳᠤᠷ᠎ᠠ | ᠪᠠᠭ᠋ᠠᠲᠠᠳ ᠪᠣᠯᠣᠨ ᠳᠠᠭᠤᠤ ᠬᠥᠭᠵᠢᠮᠴᠢᠳ ᠤᠨ ᠠᠩᠬᠠᠷᠤᠯ ᠢ ᠲᠠᠲᠠᠵᠤ᠂ ᠢᠷᠠᠭᠤ ᠠᠶᠠᠰ ᠢᠶᠠᠨ ᠴᠤᠤᠷᠢᠶᠠᠲᠤᠭᠤᠯᠵᠤ | ᠂ ᠠᠳᠠᠯᠢ ᠪᠣᠰᠤ ᠬᠡᠯᠡᠲᠡᠨ ᠤ ᠳᠤᠮᠳᠠ ᠡᠬᠡ ᠪᠠᠶᠢᠭᠠᠯᠢ ᠶᠢᠨ ᠦᠯᠢᠭᠡᠷ ᠢ ᠳᠠᠭᠤᠷᠢᠰᠬᠠᠭᠤᠯᠵᠤ᠂ ᠲᠠᠯ᠎ᠠ ᠨᠤᠲᠤᠭ ᠤᠨ | ᠲᠡᠦᠬᠡ ᠶᠢ ᠳᠡᠯᠡᠬᠡᠢ ᠶᠢᠨ ᠲᠦᠮᠡᠨ ᠳᠤ ᠲᠠᠨᠢᠭᠤᠯᠵᠤ ᠪᠠᠶᠢᠭ᠎ᠠ ᠶᠤᠮ᠃ ᠲᠤᠰ ᠤᠳᠠᠭᠠᠨ ᠤ ᠪᠤᠯᠪᠠᠰᠤᠷᠠᠯ ᠨᠢ | ᠮᠤᠳᠤᠨ ᠴᠤᠭᠤᠷ ᠤᠨ ᠪᠦᠲᠦᠴᠡ ᠪᠣᠯᠣᠨ ᠦᠯᠢᠶᠡᠨ ᠬᠥᠭᠵᠢᠮᠳᠡᠬᠦ ᠠᠷᠭ᠎ᠠ ᠬᠡᠯᠪᠡᠷᠢ ᠵᠡᠷᠭᠡ ᠥᠪᠡᠷᠮᠢᠴᠡ ᠣᠨᠴᠠᠯᠢᠭ | ᠪᠤᠯᠤᠨ ᠰᠤᠶᠤᠯ ᠤᠨ ᠠᠭᠤᠯᠤᠭᠳᠠᠬᠤᠨ ᠢ ᠬᠦᠮᠦᠰ ᠲᠤ ᠳᠠᠨᠢᠭᠤᠯᠵᠤ᠂ ᠤᠳᠬ᠎ᠠ ᠳᠡᠬᠦᠯᠳᠡᠷ ᠶᠠᠪᠤᠭᠳᠠᠭᠰᠠᠨ | ᠪᠠᠶᠢᠨ᠎ᠠ᠃ |