ᠰᠢᠪᠠᠭᠤᠳᠤ ᠬᠠᠶᠢᠷᠬᠠᠨ
ᠨᠡᠶᠢᠲᠡᠯᠡᠭᠰᠡᠨ ᠴᠠᠭ᠄
2020/4/7
                ᠰᠢᠪᠠᠭᠤᠳᠤ ᠬᠠᠶᠢᠷᠬᠠᠨ    ᠰ᠊ᠵᠪᠠᠭᠤᠳᠤ ᠬᠠᠶᠢᠷᠬᠠᠨ — ᠡᠷᠲᠡ ᠤᠷᠢᠳᠤ ᠶᠢᠨ ᠴᠠᠭ ᠲᠤ ᠦᠵᠦᠮᠦᠴᠢᠨ ᠤ ᠨᠤᠲᠤᠭ ᠤᠰᠤ ᠪᠦᠷᠢᠨ ᠰᠠᠶᠢᠨ ᠲᠤᠭᠲᠠᠨᠢᠭᠠᠳᠤᠢ ᠦᠶ᠎ᠡ ᠳᠤ ᠶᠤᠮ ᠭᠡᠨ᠎ᠡ᠃ ᠬᠠᠯᠬ᠎ᠠ ᠨᠤᠲᠤᠭ ᠠᠴᠠ ᠨᠢᠭᠡᠨ ᠴᠠᠭᠠᠨ ᠠᠷᠰᠯᠠᠨ ᠤ ᠰᠢᠨᠵᠢ ᠲᠠᠢ ᠲᠣᠮᠦ ᠬᠠᠶᠢᠷᠬᠠᠨ ᠨᠡᠭᠦᠳᠡᠯᠯᠡᠨ ᠢᠷᠡᠭᠰᠡᠨ ᠪᠠᠶᠢᠵᠠᠢ᠃ ᠲᠡᠷᠡ ᠦᠶ᠎ᠡ ᠶᠢᠨ ᠰᠢᠨᠵᠢᠭᠰᠡᠳ ᠤᠨ ᠦᠵᠡᠬᠦ ᠪᠠᠷ ᠡᠨᠡ ᠠᠭᠤᠯᠠ ᠦᠷᠭᠦᠯᠵᠢᠯᠡᠨ ᠨᠡᠭᠦᠪᠡᠯ ᠴᠠᠭᠠᠨ ᠬᠡᠷᠡᠮ ᠤᠷᠤᠬᠤ ᠶᠤᠮ ᠭᠡᠨ᠎ᠡ᠃    ᠡᠨᠡ ᠠᠭᠤᠯᠠ ᠰᠦᠷ ᠰᠦᠯᠲᠡ ᠶᠡᠬᠡᠮᠰᠦᠭ᠂ ᠬᠠᠭᠠᠨ ᠰᠢᠨᠵᠢ ᠶᠢᠨ ᠯᠤᠤᠰ ᠪᠤᠯᠬᠤᠷ ᠡᠷᠳᠡᠮᠳᠡᠨ ᠮᠡᠷᠭᠡᠳ ᠢ ᠵᠠᠯᠠᠵᠦ ᠬᠠᠷᠠᠭᠠᠳᠤ ᠶᠢᠨ ᠠᠭᠤᠯᠠ ᠶᠢᠨ ᠤᠷᠴᠢᠮ ᠬᠤᠷᠢᠭᠯᠠᠨ ᠵᠤᠭᠰᠤᠭᠠᠭᠰᠠᠨ ᠶᠤᠮ ᠭᠡᠨ᠎ᠡ᠃ ᠭᠡᠳᠡᠯ᠎ᠡ ᠡᠨᠡ ᠠᠭᠤᠯᠠ ᠰᠡᠭᠦᠯ ᠢᠶᠠᠨ ᠬᠤᠷᠢᠶᠠᠵᠦ ᠳᠡᠶᠢᠯᠦᠭᠰᠡᠨ ᠦᠭᠡᠢ ᠮᠦᠷᠳᠡᠭᠡᠨ ᠦᠷᠭᠦᠯᠵᠢᠯᠡᠨ ᠨᠡᠭᠦᠵᠦ ᠪᠠᠶᠢᠵᠠᠢ ︵ᠤᠳᠤ ᠶᠢᠨ ᠰᠡᠭᠦᠯ ᠲᠤᠰᠢ ᠳᠡᠭᠡᠵᠦ ᠭᠠᠷᠤᠯ᠎ᠠ ᠭᠡᠳᠡᠭ︶᠃ ᠢᠩᠭᠢᠭᠡᠳ ᠬᠤᠰᠢᠭᠤ ᠵᠠᠰᠠᠭ ᠳᠡᠭᠡᠷ᠎ᠡ ᠶᠡᠭᠡ ᠴᠢᠭᠤᠯᠭᠠᠨ ᠬᠢᠵᠦ᠂ ᠡᠨᠡ ᠬᠦ ᠰᠦᠷᠯᠢᠭ ᠬᠠᠶᠢᠷᠬᠠᠨ ᠢ ᠦᠵᠦᠮᠦᠴᠢᠨ ᠨᠤᠲᠤᠭ ᠲᠠᠭᠠᠨ ᠤᠷᠤᠰᠢᠭᠤᠯᠤᠨ ᠲᠤᠭᠲᠠᠭᠠᠬᠤ ᠲᠤᠬᠠᠢ ᠵᠦᠪᠳᠡᠭᠡᠳ᠂ ᠡᠴᠦᠰ ᠲᠤ ᠪᠠᠨ ᠡᠵᠡᠨ ᠬᠠᠭᠠᠨ ᠳᠤ ᠮᠡᠳᠡᠬᠦᠯᠬᠦ ᠪᠤᠯᠤᠭᠰᠠᠨ ᠭᠡᠨ᠎ᠡ᠃ ᠡᠵᠡᠨ ᠬᠠᠭᠠᠨ ᠠᠴᠠ ᠬᠤᠯᠪᠤᠭᠠᠰᠤ ᠭᠢᠨᠵᠢᠨ ᠳᠡᠭᠡᠰᠤ ᠢᠯᠡᠭᠡᠵᠦ᠂ ᠡᠨᠡ ᠳᠡᠭᠡᠰᠤ ᠶᠢ ᠰᠢᠪᠠᠭᠤᠲᠦ ᠬᠠᠶᠢᠷᠠᠬᠠᠨ ᠤ ᠤᠷᠤᠢ ᠳᠡᠭᠡᠷ᠎ᠡ ᠤᠷᠬᠢᠭᠰᠠᠨ ᠠᠴᠠ ᠡᠨᠡ ᠨᠤᠲᠤᠭ ᠲᠤ ᠲᠤᠭᠲᠠᠭᠰᠠᠨ ᠭᠡᠨ᠎ᠡ᠃ ᠰᠢᠪᠠᠭᠤᠳᠤ ᠬᠠᠶᠢᠷᠬᠠᠨ ᠤ ᠭᠢᠨᠵᠢ ᠲᠠᠢ ᠪᠠᠶᠢᠭᠰᠠᠨ ᠨᠢ ᠳᠡᠶᠢᠮᠦ ᠤᠴᠢᠷ ᠶᠤᠮ ᠭᠡᠨ᠎ᠡ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号