ᠱᠠᠪᠠᠷᠭᠠᠨ ᠬᠠᠨ ᠠᠭᠤᠯᠠ
ᠨᠡᠶᠢᠲᠡᠯᠡᠭᠰᠡᠨ ᠴᠠᠭ᠄
2020/4/29
                      ᠱᠠᠪᠠᠷᠭᠠᠨ ᠬᠠᠨ ᠠᠭᠤᠯᠠ      ᠱᠠᠪᠠᠷᠭᠠᠨ ᠬᠠᠨ ᠠᠭᠤᠯᠠ ᠪᠣᠯ ᠦᠵᠦᠮᠦᠴᠢᠨ ᠳᠠᠪᠤᠨ ᠬᠠᠨ ᠠᠭᠤᠯᠠ ᠶᠢᠨ ᠪᠠᠰᠠ ᠨᠢᠭᠡ ᠴᠢᠬᠤᠯᠠ ᠪᠦᠷᠢᠯᠳᠦᠬᠦᠨ ᠨᠢ ᠶᠤᠮ᠃ ᠲᠡᠷᠡ ᠦᠵᠦᠮᠦᠴᠢᠨ ᠠᠶᠢᠮᠠᠭ᠂ ᠰᠢᠯᠢ ᠶᠢᠨ ᠭᠤᠣᠯ ᠴᠢᠭᠤᠯᠭᠠᠨ ᠤ ᠬᠠᠮᠤᠭ ᠤᠨ ᠵᠡᠭᠦᠨ ᠪᠡᠶ᠎ᠡ ᠶᠢ ᠰᠠᠬᠢᠨ ᠬᠠᠮᠠᠭᠠᠯᠠᠵᠦ ᠰᠡᠬᠦᠶᠢᠨ ᠰᠦᠨᠳᠡᠷᠯᠡᠨ ᠳᠡᠯᠡᠭᠡᠢ ᠶᠢᠨ ᠪᠦᠮᠪᠦᠷᠴᠡᠭ ᠤᠨ ᠤᠮᠠᠷᠠᠳᠤ ᠦᠷᠭᠡᠷᠢᠭ ᠤᠨ 44·47 ᠭᠷᠡᠳᠦ᠋ᠰ ᠲᠤ ᠪᠠᠶᠢᠷᠢᠯᠠᠵᠦ᠂ ᠰᠦᠷ ᠦᠵᠡᠮᠵᠢ ᠪᠠᠳᠠᠷᠠᠩᠭᠤᠢ᠂ ᠡᠨᠡ ᠭᠠᠵᠠᠷ ᠪᠠᠯᠠᠷ ᠡᠷᠲᠡᠨ ᠤ ᠤᠢ ᠮᠤᠳᠤᠳ ᠰᠢᠭᠤᠶᠢᠷᠠᠨ᠂ ᠲᠠᠯᠠᠨ ᠬᠡᠯᠡᠲᠡᠨ᠂ ᠤᠷᠠᠨ ᠵᠢᠭᠦᠷᠳᠡᠨ ᠬᠠᠯᠢᠨ ᠲᠤᠩᠭᠤᠳᠤᠭᠰᠠᠨ᠂ ᠶᠠᠩᠵᠦ ᠪᠦᠷᠢ ᠶᠢᠨ ᠠᠷᠢᠶᠠᠳᠠᠨ ᠬᠦᠷᠦᠭᠡᠳᠡᠨ ᠰᠦᠯᠵᠢᠯᠳᠦᠨ ᠤᠷᠤᠩᠨᠠᠭᠰᠠᠨ ᠪᠠᠯᠠᠷ ᠡᠷᠲᠡᠨ ᠤ ᠦᠩᠬᠡ ᠦᠵᠡᠮᠵᠢ ᠪᠠᠨ ᠬᠠᠳᠠᠭᠠᠯᠠᠭᠰᠠᠨ ᠰᠠᠶᠢᠬᠠᠨ ᠠᠭᠤᠯᠠ᠂ ᠳᠡᠭᠦᠨ ᠤ ᠲᠠᠬᠢᠯᠭ᠎ᠠ ᠶᠢ ᠦᠵᠦᠮᠦᠴᠢᠨ ᠪᠠᠷᠠᠭᠤᠨ ᠬᠤᠰᠢᠭᠤᠨ ᠤ ᠭᠡᠶᠢᠳ ᠤᠨ ᠨᠢᠭᠡ ᠪᠤᠯᠬᠤ ᠢᠨᠵᠠᠭᠠᠨ ᠰᠦᠮ᠎ᠡ ᠬᠠᠷᠢᠭᠤᠴᠠᠵᠦ ᠵᠢᠯ ᠪᠦᠷᠢ ᠶᠢᠨ ᠪᠢᠯᠢᠭ ᠤᠨ ᠤᠯᠠᠷᠢᠯ ᠤᠨ ᠲᠠᠪᠤᠨ ᠰᠠᠷ᠎ᠠ ᠶᠢᠨ ᠠᠷᠪᠠ ᠶᠢᠰᠦᠨ ᠤ ᠡᠳᠦᠷ ᠭᠦᠢᠴᠡᠳᠬᠡᠳᠡᠭ᠃     ᠱᠠᠪᠠᠷᠭᠠᠨ ᠬᠠᠨ ᠠᠭᠤᠯᠠ ᠪᠠᠰᠠ ᠴᠦ ᠤᠢ ᠶᠢᠨ ᠳᠠᠯᠠᠢ ᠮᠦᠷᠳᠡᠭᠡᠨ ᠤᠰᠤᠨ ᠰᠠᠩ ᠶᠤᠮ᠃ ᠳᠡᠭᠦᠨ ᠤ ᠡᠷᠬᠢᠨ ᠳᠤᠭᠤᠷᠢᠨ ᠤ ᠰᠠᠯᠠᠭ᠎ᠠ ᠪᠦᠬᠦᠨ ᠠᠴᠠ ᠪᠤᠯᠠᠭ ᠤᠷᠭᠢᠯᠤᠨ ᠭᠤᠷᠤᠬ᠎ᠠ ᠬᠤᠷᠴᠢᠬᠢᠨᠠᠨ ᠵᠡᠭᠦᠨ ᠪᠠᠷᠠᠭᠤᠨ ᠬᠤᠶᠠᠷ ᠰᠤᠭᠤ ᠶᠢᠨ ᠪᠤᠯᠠᠭ ᠭᠤᠷᠤᠬ᠎ᠠ ᠤᠳ ᠨᠢ ᠬᠤᠯᠪᠤᠯᠳᠤᠨ ︿ᠨᠠᠷᠢᠨ ᠬᠤᠵᠢᠷ﹀ ᠤᠨ ᠭᠤᠣᠯ ᠢ ᠮᠡᠨᠳᠦᠯᠡᠬᠦᠯᠵᠦ᠂ ᠵᠢᠭᠠᠰᠤᠳᠠᠢ ᠶᠢᠨ ᠭᠤᠣᠯ ᠳᠤ ᠴᠢᠳᠬᠤᠨ ᠢᠨᠵᠠᠭᠠᠨ ᠭᠤᠣᠯ ᠢ ᠪᠦᠷᠢᠯᠳᠦᠭᠦᠯᠵᠡᠢ᠃ ᠡᠮᠦᠨ᠎ᠡ ᠡᠩᠭᠡᠷ ᠤᠨ ᠪᠤᠯᠠᠭ ᠭᠤᠷᠤᠬ᠎ᠠ ᠨᠤᠭᠤᠳ ᠵᠠᠯᠭᠠᠯᠳᠤᠨ ︽ᠪᠠᠶᠠᠨ ᠬᠠᠭᠠᠯᠭ᠎ᠠ︾ ᠶᠢᠨ ᠭᠤᠣᠯ ᠳᠤ ᠴᠢᠳᠬᠤᠨ᠂ ᠬᠠᠬᠢᠷ ᠤᠨ ᠭᠤᠣᠯ᠂ ᠦᠯᠵᠡᠶᠢᠮᠦ᠋ᠷᠡᠨ ᠢ ᠡᠭᠦᠰᠬᠡᠨ᠂ ᠰᠢᠷ᠎ᠠ ᠮᠦᠷᠡᠨ᠂ ᠯᠤᠤᠬ᠎ᠠ ᠶᠢᠨ ᠵᠡᠬᠦᠨ ᠤᠷᠤᠰᠬᠠᠯ ᠪᠤᠯᠤᠨ ᠨᠡᠶᠢᠯᠡᠳᠡᠭ᠃ ᠬᠠᠬᠢᠷ ᠤᠨ ᠭᠤᠣᠯ ᠪᠣᠯ ᠡᠷᠲᠡᠨ ᠠᠴᠠ ᠪᠠᠨ ᠠᠪᠤᠭᠠᠳ ᠦᠵᠦᠮᠦᠴᠢᠨ᠂ ᠪᠠᠭᠠᠷᠢᠨ᠂ ᠵᠠᠷᠤᠳ ᠬᠤᠰᠢᠭᠤᠨ ᠤ ᠵᠠᠬ᠎ᠠ ᠬᠡᠴᠡ᠂ ᠲᠠᠷᠬᠠᠨ ᠠᠭᠤᠯᠵᠠᠷ ᠪᠠᠶᠢᠪᠠ᠃ ᠤᠮᠠᠷᠠᠳᠤ ᠶᠤᠸᠠᠨ ᠤ ᠰᠡᠭᠦᠯᠴᠢ ᠶᠢᠨ ᠦᠶ᠎ᠡ ᠳᠤ ᠴᠠᠬᠠᠷ ᠳᠦᠮᠡᠨ ᠤ ᠦᠵᠦᠮᠦᠴᠢᠨ ᠠᠶᠢᠮᠠᠭ ᠲᠤ ᠳᠦᠪᠯᠡᠭᠰᠡᠨ ᠯᠢᠭᠳᠡᠨ ᠬᠤᠳᠤᠭᠳᠤ ᠬᠠᠭᠠᠨ ᠤ ᠵᠠᠰᠠᠭ ︽ᠵᠡᠭᠦᠨᠰᠢ ᠰᠡᠷᠭᠡᠶᠢᠯᠡᠬᠦ︾ ᠲᠡᠮᠡᠴᠡᠯ ᠤᠨ ᠬᠡᠷᠡᠭᠴᠡᠭᠡᠨ ᠠᠴᠠ ᠪᠣᠯᠵᠦ ᠡᠶᠢᠨ ᠬᠦ ᠭᠤᠷᠪᠠᠨ ᠬᠤᠰᠢᠭᠤᠨ ᠤ ᠠᠭᠤᠯᠵᠠᠷ᠂ ᠦᠵᠦᠮᠦᠴᠢᠨ ᠠᠶᠢᠮᠠᠭ ᠤᠨ ᠵᠠᠬ᠎ᠠ ᠬᠠᠬᠢᠷ ᠤᠨ ᠭᠤᠣᠯ ᠤᠨ ᠤᠷᠤᠰᠬᠠᠯ ᠤᠨ ᠤᠷᠤᠨ ᠪᠣᠯᠬᠤ ᠠᠪᠠᠭ᠎ᠠ ᠬᠠᠨ ᠠᠭᠤᠯᠠᠨ ᠳᠤ ᠨᠡᠶᠢᠰᠯᠡᠵᠦ᠂ ᠵᠡᠭᠦᠨ ᠮᠣᠩᠭᠤᠯ ᠤᠨ ᠬᠠᠭᠠᠴᠠᠯ ᠪᠠ ᠮᠠᠨᠵᠦ ᠶᠢᠨ ᠬᠠᠭᠠᠴᠠᠭᠤᠯᠤᠭ᠎ᠠ ᠨᠤᠷᠠᠭᠠᠯᠭ᠎ᠠ ᠶᠢ ᠰᠡᠷᠭᠡᠶᠢᠯᠡᠨ ᠬᠤᠷᠢᠭᠯᠠᠭᠰᠠᠨ ᠪᠠᠶᠢᠵᠠᠢ᠃ ᠭᠡᠪᠡᠴᠦ ᠵᠡᠭᠦᠨ ᠮᠣᠩᠭᠤᠯ ᠤᠨ ᠢᠵᠠᠭᠤᠷᠳᠠᠳ ᠤᠨ ᠳᠤᠷᠤᠶᠢᠲᠠᠯ᠂ ᠮᠠᠨᠵᠦ ᠶᠢᠨ ︽ᠫᠦᠩᠯᠦ︾ ᠪᠠ ︽ᠥᠩᠭᠡ︾᠂ ︽ᠡᠷᠭᠦᠮᠵᠢᠯᠡᠬᠦ︾ ᠳᠤ ᠳᠡᠲᠡᠨ ᠤ ᠰᠦᠭᠦᠳᠦᠨ ᠳᠠᠭᠠᠭᠰᠠᠨ ᠠᠵᠢᠯᠯᠠᠭ᠎ᠠ ᠨᠢ ᠤᠮᠠᠷᠠᠳᠤ ᠶᠤᠸᠠᠨ ᠤᠯᠤᠰ᠂ ᠯᠢᠭᠳᠡᠨ ᠬᠤᠲᠤᠭᠳᠤ ᠬᠠᠭᠠᠨ ᠤ ᠮᠣᠩᠭᠤᠯ ᠳᠦᠷᠦ ᠶᠢᠨ ᠨᠤᠶᠠᠷᠬᠠᠯ ᠢ ᠡᠴᠦᠰᠯᠡᠬᠦᠯᠦᠭᠰᠡᠨ ᠠᠴᠠ ᠮᠠᠨᠵᠢᠨ ᠢ ᠳᠠᠭᠠᠭᠰᠠᠨ ᠨᠤᠨ ᠮᠦᠷᠡᠨ ᠤ ᠠᠷᠤ ᠬᠤᠷᠴᠢᠨ ᠠᠶᠢᠮᠠᠭ ᠠᠳᠡ ᠰᠠᠭᠤᠷᠢᠰᠢᠭᠰᠠᠨ ᠪᠠᠶᠢᠨ᠎ᠠ᠃    ᠤᠳᠤ ᠱᠠᠪᠠᠷᠭᠠᠨ ᠬᠠᠨ ᠠᠭᠤᠯᠠ ᠰᠢᠯᠢ ᠶᠢᠨ ᠭᠤᠣᠯ ᠤᠨ ᠵᠠᠬ᠎ᠠ ᠬᠠᠷᠠᠭᠤᠯ᠂ ᠦᠵᠦᠮᠦᠴᠢᠨ ᠬᠤᠰᠢᠭᠤᠨ ᠤ ᠣᠢ ᠰᠢᠭᠤᠢ ᠶᠢᠨ ᠶᠡᠷᠤᠩᠬᠡᠢ ᠲᠠᠯᠠᠪᠠᠢ ᠶᠢᠨ ᠠᠯᠳᠠᠨ ᠦᠯᠦᠭᠡᠢ᠂ ᠠᠷᠤ ᠲᠥᠰᠢᠭ ᠨᠢ ᠪᠤᠯᠵᠦ ᠰᠦᠨᠳᠡᠷᠯᠡᠨ᠎ᠡ᠃    ᠱᠠᠪᠠᠷᠭᠠᠨ ᠬᠠᠨ ᠠᠭᠤᠯᠠ‌‍ᠲ᠋ᠡᠤᠬᠡᠨ ᠠᠴᠠ ᠠᠪᠤᠭᠠᠳ ᠮᠤᠩᠭᠤᠯᠴᠤᠳ ᠪᠠ ᠦᠵᠦᠮᠦᠴᠢᠨ ᠠᠶᠢᠮᠠᠭ ᠤᠨ ᠵᠢᠷᠭᠠᠯ ᠵᠣᠪᠠᠯᠠᠩ ᠲᠠᠢ ᠠᠮᠢᠰᠬᠤᠯ ᠨᠢᠭᠡᠳᠡᠢ᠂ ᠰᠤᠳᠠᠰᠤ ᠵᠠᠯᠭ᠎ᠠ ᠲᠠᠢ ᠳᠠᠶᠢᠴᠢᠨ ᠤᠷᠭᠢᠯ ᠪᠤᠯᠤᠨ᠎ᠠ᠃    ᠦᠵᠦᠮᠦᠴᠢᠨ ᠲᠠᠪᠤᠨ ᠬᠠᠨ ᠮᠢᠨᠢ ᠠᠯᠳᠠᠷᠳᠤ ᠮᠣᠩᠭᠤᠯ ᠤᠨ ᠦᠨᠳᠦᠷᠯᠢᠭ ᠲᠠᠢ ᠪᠠᠨ ᠠᠳᠠᠯᠢ ᠪᠠᠷ ᠬᠦᠮᠦᠨ ᠳᠦᠷᠦᠯᠬᠢᠳᠠᠨ ᠪᠠ ᠮᠣᠩᠭᠤᠯᠴᠤᠳ᠂ ᠰᠢᠯᠢ ᠶᠢᠨ ᠭᠤᠣᠯ᠂ ᠦᠵᠦᠮᠦᠴᠢᠨ ᠠᠶᠢᠮᠠᠭ ᠲᠤ ᠪᠠᠲᠦ ᠲᠦᠰᠢᠭ᠂ ᠡᠬᠡ ᠶᠢᠨ ᠡᠨᠡᠷᠢᠯ ᠲᠠᠢ ᠦᠯᠦᠭᠡᠢ ᠨᠤᠲᠤᠭ ᠪᠤᠯᠤᠭᠰᠠᠨ ᠠᠴᠠ ᠠᠳᠡᠬᠢ ᠬᠦᠮᠦᠰ ᠤᠨ ᠲᠠᠷᠬᠠᠨ ᠠᠮᠢᠳᠤᠷᠠᠯ ᠢ ᠪᠦᠪᠡᠶᠢᠯᠡᠨ᠂ ᠳᠡᠲᠡᠨ ᠤ ᠬᠠᠶᠢᠷ᠎ᠠ ᠬᠦᠨᠳᠦᠳᠬᠡᠯ ᠢ ᠨᠢ ᠤᠶᠢᠯᠠᠭᠠᠬᠤᠶ᠎ᠠ ᠪᠡᠷᠬᠡ ᠬᠤᠪᠢᠯᠭᠠᠨ ᠰᠢᠳᠢᠳᠡᠨ ᠢᠶᠠᠷ ᠪᠡᠶᠡᠯᠡᠭᠡᠳ᠂ ᠡᠷᠲᠡᠨ ᠤ ᠦᠶ᠎ᠡ ᠶᠢᠨ ᠪᠠᠯᠠᠷᠯᠢᠭ ᠤᠬᠠᠭᠠᠨ ᠮᠡᠳᠡᠷᠡᠮᠵᠢ ᠶᠢᠨ ᠰᠤᠶᠤᠯ ᠤᠨ ᠡᠷᠡᠨ ᠠᠴᠠ ᠳᠡᠲᠡᠨ ᠤ ᠲᠠᠬᠢᠵᠦ ᠰᠢᠳᠦᠳᠡᠭ ᠨᠤᠶᠠᠨ ᠤᠷᠭᠢᠯ ᠨᠤᠭᠤᠳ ᠨᠢ ᠪᠤᠯᠤᠭᠠᠳ᠂ ︽ᠦᠵᠦᠮᠦᠴᠢᠨ ᠳᠠᠪᠤᠨ ᠬᠠᠨ ᠠᠭᠤᠯᠠ︾ ᠭᠡᠵᠦ ᠬᠤᠷᠸ᠎ᠠ ᠶᠢᠨ ᠰᠤᠨᠦᠷ ᠲᠤ᠂ ᠬᠦᠮᠦᠨ ᠠᠷᠠᠳ ᠢᠶᠠᠨ ᠪᠠᠶᠠᠰᠬᠠᠨ ᠮᠦᠩᠬᠡᠷᠡᠵᠡᠢ᠃  
 
ᠢᠷᠡᠯᠲᠡ᠄ ᠪᠠᠷᠠᠭᠤᠨ ᠦᠵᠦᠮᠦᠴᠢᠨ ᠬᠤᠰᠢᠭᠤᠨ ᠤ ᠬᠠᠮ ᠵᠠᠭᠤᠴᠢᠯᠠᠭᠤᠷ ᠤᠨ ᠲᠦᠪ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号