ᠭᠡᠭᠡᠨ ᠴᠠᠮᠬᠠᠭ
ᠨᠡᠶᠢᠲᠡᠯᠡᠭᠰᠡᠨ ᠴᠠᠭ᠄
2020/3/31
                     ᠭᠡᠭᠡᠨ ᠴᠠᠮᠬᠠᠭ     ᠴᠢᠩᠭᠢᠰ ᠬᠠᠭᠠᠨ ᠮᠣᠩᠭᠤᠯ ᠠᠶᠢᠮᠠᠭ ᠢ ᠨᠢᠭᠡᠳᠬᠡᠬᠦ ᠪᠠᠷ ᠭᠡᠶᠢᠷᠡᠳ ᠠᠶᠢᠮᠠᠭ ᠲᠠᠢ ᠪᠠᠶᠢᠯᠳᠤᠵᠦ ᠶᠠᠪᠤᠬᠤ ᠳᠠᠭᠠᠨ ᠨᠢᠭᠡ ᠤᠳᠠᠭ᠎ᠠ ᠮᠣᠷᠢ ᠪᠠᠨ ᠰᠦᠨᠢ ᠪᠠᠷ ᠪᠠᠴᠢᠮ ᠳᠦᠷᠭᠡᠨ ᠰᠢᠯᠵᠢᠬᠦᠯᠬᠦ ᠤᠴᠢᠷ ᠲᠤᠬᠢᠶᠠᠯᠲᠤᠵᠦ ᠭᠡᠨ᠎ᠡ᠃ ᠢᠩᠭᠢᠭᠡᠳ ᠴᠢᠩᠭᠢᠰ ᠬᠠᠭᠠᠨ ᠳᠡᠷᠨ ᠰᠦᠨᠢ ᠳᠡᠭᠡᠨ ᠴᠡᠷᠢᠭ ᠮᠣᠷᠢ ᠪᠠᠨ ᠴᠡᠭᠴᠡᠯᠡᠵᠦ ︽ᠮᠠᠭᠤ ᠦᠨᠳᠦᠷ ᠠᠭᠤᠯᠠ︾ ᠶᠢᠨ ᠠᠷᠤ ᠶᠢ ᠴᠢᠭᠯᠡᠨ ᠨᠡᠭᠦᠵᠡᠢ᠃ ᠰᠦᠨᠢ ᠤᠭᠳᠠᠷᠭᠤᠢ ᠳᠤ ᠭᠡᠨᠡᠳᠲᠡ ᠡᠭᠦᠯᠡ ᠪᠦᠷᠬᠦᠵᠦ᠂ ᠤᠳᠤᠨ ᠮᠡᠴᠢᠳ ᠦᠵᠡᠭᠳᠡᠬᠦ ᠪᠠᠨ ᠪᠠᠶᠢᠵᠦ ᠬᠠᠪ ᠬᠠᠷᠠᠩᠭᠤᠢ ᠪᠤᠯᠵᠦ᠂ ᠵᠦᠭ ᠴᠢᠭ ᠢᠯᠭᠠᠭᠳᠠᠬᠤ ᠪᠠᠨ ᠪᠤᠯᠢᠭᠠᠳ ᠤᠷᠤᠭᠰᠢᠯᠠᠬᠤ ᠳᠤ ᠪᠡᠷᠬᠡ ᠪᠤᠯᠪᠠ᠃ ᠶᠠᠭ ᠢᠩᠭᠢᠭᠡᠳ ᠰᠠᠨᠳᠤᠷᠴᠦ ᠪᠠᠶᠢᠬᠤ ᠳᠤ ᠠᠯᠤᠰ ᠲᠡᠷᠳᠡᠭᠡ ᠨᠢᠭᠡᠨ ᠭᠡᠭᠡᠨ ᠭᠡᠷᠡᠯ ᠰᠠᠴᠤᠷᠠᠵᠤ ᠵᠠᠮ ᠵᠢᠭᠠᠬᠤ ᠴᠠᠮᠬᠠᠭ ᠰᠢᠭ ᠭᠢᠯᠠᠯᠵᠠᠵᠠᠢ᠃  ᠴᠢᠩᠭᠢᠰ ᠬᠠᠭᠠᠨ ᠡᠭᠦᠨ ᠢ ᠦᠵᠡᠭᠡᠳ᠄ ︽ᠮᠦᠩᠭᠡ ᠳᠡᠭᠷᠢ ᠶᠢᠨ ᠠᠪᠤᠷᠠᠯ ᠡ︕  ᠳᠡᠭᠷᠢ ᠪᠢᠳᠡᠨ ᠳᠤ ᠵᠠᠮ ᠵᠢᠭᠠᠵᠦ ᠪᠠᠶᠢᠨ᠎ᠠ᠂ ᠳᠡᠷᠨ ᠭᠡᠭᠡ ᠶᠢ ᠠᠰᠯᠠᠭᠠᠳ ᠤᠷᠤᠭᠰᠢᠯᠠ︕︾ ᠭᠡᠵᠦ ᠵᠠᠷᠯᠢᠭ ᠪᠤᠯᠵᠦ ᠭᠡᠨ᠎ᠡ᠃  ᠢᠩᠭᠢᠭᠡᠳ ᠴᠢᠩᠭᠢᠰ ᠬᠠᠭᠠᠨ ᠲᠡᠷᠡ ᠭᠠᠵᠠᠷ ᠢ ︽ᠭᠡᠭᠡᠨ ᠴᠠᠮᠬᠠᠭ︾ ᠭᠡᠵᠦ ᠨᠡᠷ᠎ᠡ ᠬᠠᠶᠢᠷᠠᠯᠠᠭᠰᠠᠨ ᠠᠴᠠ ᠪᠠᠷᠠᠭᠤᠨ ᠦᠵᠦᠮᠦᠴᠢᠨ ᠬᠤᠰᠢᠭᠤᠨ ᠤ ᠬᠠᠷᠠᠭᠠᠨᠠᠳᠠᠢ ᠰᠤᠮᠤᠨ ᠤ ᠭᠤᠷᠤᠬᠠᠨ ᠬᠠᠨ ᠠᠭᠤᠯᠠ ᠶᠢᠨ ᠡᠩᠭᠡᠷ ᠤᠨ ᠨᠡᠭᠦᠷᠡᠰᠤᠨ ᠠᠭᠤᠷᠬᠠᠢ ᠶᠢᠨ ᠳᠡᠨᠳᠡᠬᠢ ᠭᠠᠵᠠᠷ ᠨᠢ ᠤᠳᠤ ᠪᠤᠯᠲᠠᠯ᠎ᠠ ᠭᠡᠭᠡᠨ ᠴᠠᠮᠬᠠᠭ ᠭᠡᠵᠦ ᠠᠯᠳᠠᠷᠰᠢᠭᠰᠠᠭᠠᠷ᠃  
 
ᠢᠷᠡᠯᠲᠡ᠄ ᠥᠩ ᠦᠷᠭᠡᠨ ᠦᠵᠦᠮᠦᠴᠢᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号