ᠰᠢᠵᠢᠷᠲᠠᠢ ᠰᠦᠮ᠎ᠡ
ᠨᠡᠶᠢᠲᠡᠯᠡᠭᠰᠡᠨ ᠴᠠᠭ᠄
2020/12/4
                  ᠰᠢᠵᠢᠷᠲᠠᠢ ᠰᠦᠮ᠎ᠡ     ᠰᠢᠵᠢᠷᠲᠠᠢ ᠰᠦᠮ᠎ᠡ— ᠦᠪᠦᠷ ᠲᠠᠪᠢᠨ ᠳᠤ ᠲᠣᠮᠢᠯᠠᠭᠰᠠᠨ ᠦᠵᠦᠮᠦᠴᠢᠨ ᠤ ᠬᠠᠷᠠᠭᠤᠯ ᠤᠨ ᠠᠶᠢᠯ ᠤᠳ ᠢ ᠮᠢᠩᠭ᠎ᠠ ᠶᠢᠰᠤᠨ ᠵᠠᠭᠤ ᠭᠤᠴᠢᠭᠠᠳ ᠣᠨ ᠤ ᠡᠬᠢᠨ ᠳᠤ ᠳᠠᠲᠠᠵᠤ ᠠᠪᠴᠢᠷᠠᠭᠰᠠᠨ ᠤ ᠳᠠᠷᠠᠭ᠎ᠠ ᠬᠤᠰᠢᠭᠤ ᠶᠠᠮᠤᠨ ᠠᠴᠠ ᠶᠡᠭᠡ ᠮᠦᠡᠭᠭᠦ ᠭᠠᠷᠭᠠᠵᠤ ᠬᠤᠷᠢᠨ ᠨᠢᠭᠡᠨ ᠰᠣᠮᠣ ᠶᠢ ᠲᠠᠶᠢᠴᠢᠯᠠᠵᠤ᠂1936 ᠣᠨ ᠤ ᠦᠶ᠎ᠡ ᠳᠤ ᠡᠨᠡ ᠬᠦ 《ᠦᠯᠵᠡᠶᠢᠲᠦ ᠨᠣᠮ ᠤᠨ ᠬᠦᠷᠳᠦ ᠷᠠᠰᠢᠴᠣᠶᠢᠡᠭᠬᠤᠷᠯᠢᠩ》 ᠭᠡᠮᠡᠬᠦ ᠰᠦᠮ᠎ᠡ ᠶᠢ ᠪᠠᠶᠢᠭᠤᠯᠵᠣ᠂ ᠯᠠᠮ᠎ᠠ ᠨᠠᠷ ᠢ ᠨᠢ ᠰᠠᠭᠤᠯᠭᠠᠵᠤ᠂ ᠠᠷᠠᠳ ᠣᠯᠠᠨ ᠢ ᠨᠢ ᠡᠨᠡ ᠨᠤᠲᠤᠭ ᠲᠤ ᠳᠣᠭᠲᠠᠪᠤᠷᠢᠵᠢᠭᠤᠯᠵᠠᠢ᠃ ᠡᠨᠡ ᠬᠦ ᠰᠦᠮ᠎ᠡ ᠶᠢ ᠠᠯᠳᠠᠨ ᠭᠤᠣᠯ ᠤᠨ ᠬᠤᠶᠢᠳᠤ ᠳᠡᠭᠡᠷ᠎ᠡ ᠪᠠᠶᠢᠭᠤᠯᠤᠭᠰᠠᠨ ᠠᠴᠠ《 ᠰᠢᠵᠢᠷᠲᠠᠢ ᠰᠦᠮ᠎ᠡ》 ᠭᠡᠵᠤ ᠳᠠᠭᠤᠳᠠᠵᠤ ᠵᠠᠩᠰᠢᠭᠰᠠᠨ ᠪᠦᠭᠡᠳ ᠬᠤᠰᠢᠭᠤ ᠸᠠᠩ ᠤᠨ ᠠᠯᠲᠠᠨᠴᠡᠴᠡᠭ ᠬᠠᠲᠤᠨ ᠤ ᠨᠡᠷ᠎ᠡ ᠳᠠᠪᠬᠤᠴᠠᠭᠰᠠᠨ ᠪᠣᠯᠬᠤᠷ ᠠᠯᠳᠠ ᠶᠢ ᠴᠡᠭᠡᠷᠯᠡᠨ ᠰᠢᠵᠢᠷ ᠭᠡᠰᠡᠨ ᠠᠵᠤᠭᠤ᠃ ᠡᠨᠡ ᠰᠦᠮ᠎ᠡ ᠣᠳᠣᠬᠢ ᠠᠯᠳᠠᠨ ᠣᠳᠣ ᠭᠠᠴᠠᠭᠠᠨ ᠤ ᠨᠤᠲᠤᠭ ᠲᠤ ᠪᠠᠶᠢᠬᠤ ᠪᠦᠭᠡᠳ1958 ᠣᠨ ᠤ ᠦᠶ᠎ᠡ ᠳᠤ ᠪᠠᠯᠠᠷᠠᠨ ᠰᠤᠶᠢᠳᠴᠤ ᠣᠳᠣ ᠪᠠᠭᠤᠷᠢ ᠳᠡᠲᠦᠢ ᠯᠠ ᠪᠣᠯᠵᠠᠢ᠃
 
ᠢᠷᠡᠯᠲᠡ᠄ ︽ᠦᠵᠦᠮᠦᠴᠢᠨ ᠠᠶᠢᠮᠠᠭ︾ ᠠᠴᠠ ᠪᠠᠭᠤᠯᠭᠠᠪᠠ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号