ᠪᠠᠯᠭᠠᠷ ᠭᠤᠣᠯ
ᠨᠡᠶᠢᠲᠡᠯᠡᠭᠰᠡᠨ ᠴᠠᠭ᠄
2020/12/4
                ᠪᠠᠯᠭᠠᠷ ᠭᠤᠣᠯ   ᠪᠠᠯᠭᠠᠷ ᠭᠤᠣᠯ— ᠡᠷᠲᠡᠨ ᠤ ᠳᠣᠮᠤᠭ ᠶᠠᠷᠢᠶᠠᠨ ᠳᠤ ᠠᠷᠪᠠᠨ ᠭᠤᠣᠯ ᠨᠡᠶᠢᠯᠡᠵᠤ  ᠂ ᠨᠢᠭᠡ ᠪᠠᠯᠭᠠᠷ ᠪᠣᠯᠵᠤ᠂ ᠠᠷᠪᠠᠨ ᠪᠠᠯᠭᠠᠷ ᠨᠡᠶᠢᠯᠡᠪᠡᠯ ᠨᠢᠭᠡ ᠣᠯᠠᠭᠠᠢ ᠪᠣᠯᠵᠤ᠂ ᠠᠷᠪᠠᠨ ᠣᠯᠠᠭᠠᠢ ᠨᠡᠶᠢᠯᠡᠪᠡᠯ ᠨᠢᠭᠡ ᠮᠦᠷᠡᠨ ᠪᠣᠯᠤᠨ᠎ᠠ ᠭᠡᠳᠡᠭ᠃ ᠪᠠᠯᠭᠠᠷ ᠭᠤᠣᠯ ᠨᠢ᠄ ᠡᠮᠲᠤ᠂ ᠰᠦᠮᠡᠲᠦ ᠵᠡᠷᠭᠡ ᠠᠭᠤᠯᠠ ᠨᠢᠷᠤᠭᠤᠳ ᠠᠴᠠ ᠡᠬᠢ ᠠᠪᠤᠭᠰᠠᠨ ᠱᠠᠷᠢᠯ ᠤᠨ ᠭᠤᠣᠯ᠂ ᠵᠡᠭᠦᠨ ᠰᠢᠪᠡᠷᠲᠠᠢ ᠶᠢᠨ ᠭᠤᠣᠯ᠂ ᠳ᠋ᠢᠶᠠᠨ ᠭᠤᠣᠯ᠂ ᠬᠠᠯᠢᠭᠤᠲᠤ ᠶᠢᠨ ᠭᠤᠣᠯ ᠪᠠ ᠨᠣᠭᠤᠭᠠᠨ ᠪᠤᠯᠠᠭ ᠵᠡᠷᠭᠡ ᠤᠯᠠᠨ ᠪᠤᠯᠠᠭ ᠤᠳ ᠤᠷᠤᠰᠬᠠᠯ ᠪᠦᠷᠢᠯᠳᠦᠨ ᠳ᠋ᠢᠶᠠᠨ ᠰᠦᠮ᠎ᠡ ᠶᠢᠨ ᠬᠤᠶᠠᠷ ᠲᠠᠯ᠎ᠠ ᠪᠠᠷ ᠬᠤᠶᠠᠷ ᠪᠠᠭ᠎ᠠ ᠭᠤᠣᠯ ᠪᠣᠯᠣᠨ ᠬᠤᠶᠢᠰᠢ ᠤᠷᠤᠰᠴᠤ ᠡᠯᠡᠰᠦ ᠲᠤᠭᠤᠯᠤᠭᠠᠳ᠂ ᠭᠤᠷᠪᠠᠨ ᠭᠤᠣᠲᠣ ᠶᠢᠨ ᠵᠡᠭᠦᠨ ᠰᠤᠭᠤ ᠳᠠᠬᠢ ᠨᠦᠬᠡᠯᠭᠡᠨᠳᠦ ᠶᠢᠨ ᠣᠯᠣᠮ ᠪᠠ ᠴᠢᠯᠠᠭᠤᠲᠤ ᠶᠢᠨ ᠣᠯᠣᠮ ᠳᠤ ᠨᠡᠶᠢᠯᠡᠭᠡᠳ ᠰᠠᠶ᠋ᠢ ᠪᠠᠯᠭᠠᠷ ᠭᠤᠣᠯ ᠭᠡᠵᠦ ᠨᠡᠷᠡᠶᠢᠳᠦᠭᠳᠡᠨ᠎ᠡ᠃ ᠡᠨᠡ ᠭᠠᠵᠠᠷ ᠠᠴᠠ ᠬᠤᠶᠢᠰᠢᠯᠠᠭᠰᠠᠭᠠᠷ ᠰᠢᠨᠠᠭ᠎ᠠ ᠶᠢᠨ ᠭᠤᠣᠯ᠂ ᠤᠷᠲᠤ ᠶᠢᠨ ᠭᠤᠣᠯ᠂ ᠠᠯᠳᠠᠨ ᠭᠤᠣᠯ᠂ ᠬᠤᠭᠤᠯᠠᠲᠤ ᠶᠢᠨ ᠭᠤᠣᠯ ᠤᠳ ᠢᠷᠡᠵᠦ ᠨᠡᠶᠢᠯᠡᠨ ᠦᠵᠦᠮᠦᠴᠢᠨ ᠨᠤᠲᠤᠭ ᠢᠶᠠᠨ ᠲᠤᠭᠤᠯᠤᠨ ᠤᠷᠤᠰᠴᠤ ᠣᠯᠠᠭᠠᠢ ᠭᠤᠣᠯ ᠲᠠᠢ ᠪᠠᠨ ᠠᠭᠤᠯᠵᠠᠳᠠᠭ ᠶᠤᠮ᠃
 
ᠢᠷᠡᠯᠲᠡ᠄ ︽ᠦᠵᠦᠮᠦᠴᠢᠨ ᠠᠶᠢᠮᠠᠭ︾ ᠨᠣᠮ ᠠᠴᠠ ᠪᠠᠭᠤᠯᠭᠠᠪᠠ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号