ᠨᠤᠲᠤᠭ ᠤᠨ ᠰᠦᠯᠳᠡ — ᠶᠤᠯᠤ ᠬᠠᠶᠢᠷᠬᠠᠨ | | | ᠳᠦᠷᠦᠭᠰᠡᠨ ᠨᠤᠲᠤᠭ ᠤᠨ ᠮᠢᠨᠢ ᠰᠦᠯᠲᠡ᠂ ᠳᠦᠷᠦ ᠭᠦᠷᠦᠨ ᠤ ᠵᠤᠭᠠᠴᠠᠯ ᠤᠨ ᠦᠵᠡᠮᠵᠢ᠂ ᠳᠦᠮᠡᠨ | ᠠᠷᠠᠳ ᠤᠨ ᠢᠶᠠᠨ ᠨᠤᠲᠤᠭ ᠤᠨ ᠬᠡᠶᠢᠮᠦᠷᠢ ᠪᠤᠯᠤᠭᠰᠠᠨ ᠶᠤᠯᠤ ᠬᠠᠶᠢᠷᠬᠠᠨ ᠪᠣᠯ ᠡᠭᠦᠯᠡ ᠮᠠᠨᠠᠨ ᠢᠶᠠᠷ ᠬᠡᠯᠬᠢᠶᠡᠯᠳᠦᠨ | ᠵᠠᠯᠭᠠᠯᠳᠤᠭᠰᠠᠨ ᠦᠨᠳᠦᠷ ᠰᠦᠷᠯᠢᠭ ︿ᠭᠤᠷᠪᠠᠨ ᠬᠠᠷ᠎ᠠ﹀ ᠶᠢᠨ ᠠᠷᠤ ᠳᠤ ᠤᠳᠠ ᠪᠤᠷᠭᠠᠰᠤ ᠨᠤᠭᠤᠭᠠᠷᠠᠨ | ᠭᠠᠩᠬᠤᠭᠰᠠᠨ᠂ ᠤᠷᠤᠰᠬᠠᠯ ᠤᠰᠤ ᠨᠢ ᠲᠤᠩᠭᠠᠯᠠᠭᠵᠢᠨ ᠮᠡᠯᠮᠡᠯᠵᠡᠭᠰᠡᠨ ᠱᠠᠷᠢᠯ ᠭᠤᠣᠯ ᠤᠨ ᠵᠡᠭᠦᠨᠳᠡᠬᠢ ᠥᠩᠭᠡ ᠶᠢᠨ | ᠴᠡᠴᠡᠭ ᠮᠢᠷᠠᠯᠵᠠᠨ ᠳᠡᠯᠭᠡᠷᠡᠭᠰᠡᠨ᠂ ᠦᠷᠭᠡᠨ ᠲᠠᠯ᠎ᠠ ᠶᠢᠨ ᠲᠣᠮᠲᠠ᠂ ᠠᠯᠤᠰ ᠤᠨ ᠬᠤᠯᠠ ᠶᠢᠨ ᠬᠢᠯᠢ ᠰᠠᠬᠢᠨ | ᠬᠠᠮᠠᠭᠠᠯᠠᠵᠦ ᠪᠠᠶᠢᠬᠤ ᠠᠪᠤᠷᠭᠤ ᠲᠤᠮᠤ ᠪᠦᠷᠭᠦᠳ ᠤᠨ ᠰᠢᠨᠵᠢ ᠪᠠᠷ ᠠᠯᠳᠠᠨ ᠭᠤᠣᠯ ᠰᠤᠮᠤᠨ ᠤ ᠨᠤᠭᠤᠭᠠᠨ ᠪᠤᠯᠠᠭ | ᠭᠠᠴᠠᠭ᠎ᠠ ᠶᠢᠨ ᠨᠤᠲᠤᠭ ᠳᠡᠪᠢᠰᠬᠡᠷ ᠳᠡᠭᠡᠷ᠎ᠡ ᠪᠠᠶᠢᠷᠢᠯᠠᠵᠦ ᠪᠠᠶᠢᠭ᠎ᠠ ᠰᠦᠷᠯᠢᠭ ᠪᠡᠷ᠎ᠠ ᠲᠠᠢ᠂ ᠰᠦᠯᠲᠠ ᠬᠡᠶᠢᠮᠦᠷᠢ ᠲᠠᠢ | ᠤᠯᠤᠰ ᠤᠷᠤᠨ ᠪᠠ ᠭᠠᠳᠠᠭᠠᠳᠤ ᠶᠢᠨ ᠵᠣᠴᠢᠳ ᠤᠨ ᠲᠣᠷ᠎ᠠ ᠰᠤᠨᠢᠷᠬᠠᠯ ᠢ ᠡᠷᠬᠡ ᠦᠭᠡᠢ ᠲᠠᠳᠠᠳᠠᠭ ᠦᠵᠡᠮᠵᠢᠳᠤ | ᠰᠠᠶᠢᠬᠠᠨ ᠠᠭᠤᠯᠠ ᠶᠤᠮ ᠰᠠᠨ᠃ | ᠶᠤᠯᠤ ᠬᠠᠶᠢᠷᠬᠠᠨ ᠪᠣᠯ ᠳᠤᠮᠤᠭ ᠳᠡᠤᠬᠡ ᠲᠠᠢ ᠲᠤᠩ ᠰᠦᠷᠯᠢᠭ ᠰᠠᠶᠢᠬᠠᠨ ᠦᠵᠡᠮᠵᠢ ᠲᠠᠢ᠂ ᠡᠷᠡᠰ ᠡᠭᠴᠡ | ᠡᠩᠭᠡᠷ ᠲᠠᠢ᠂ ᠡᠩᠨᠡᠷᠡᠭᠰᠡᠨ ᠦᠨᠳᠦᠷ ᠬᠠᠲᠠᠨ ᠬᠢᠷ᠎ᠠ ᠲᠠᠢ ᠠᠭᠤᠯᠠ ᠶᠤᠮ᠃ ᠡᠭᠦᠨ ᠢ ᠪᠠᠰᠠ ︿ᠬᠠᠮ ᠪᠠᠶᠠᠨ﹀ | ᠭᠡᠵᠦ ᠴᠦ ᠳᠠᠭᠤᠳᠠᠳᠠᠭ ᠪᠠᠶᠢᠵᠠᠢ᠃ | 1.ᠠᠯᠢ ᠡᠷᠲᠡ ᠨᠠᠢᠮᠠᠨ ᠵᠠᠭᠤᠭᠠᠳ ᠣᠨ ᠤ ᠦᠶ᠎ᠡ ᠳᠤ ᠡᠵᠡᠨ ᠴᠢᠩᠭᠢᠰ ᠬᠠᠭᠠᠨ ᠠᠵᠢᠨᠠᠢ ᠬᠦᠯᠦᠭ ᠢᠶᠠᠨ | ᠡᠷᠢᠭᠡᠳ ᠡᠭᠦᠨ ᠢᠶᠠᠷ ᠦᠩᠭᠡᠷᠡᠬᠦ ᠳᠡᠭᠡᠨ ᠶᠤᠯᠤ ᠬᠠᠶᠢᠷᠬᠠᠨ ᠠᠴᠠ ᠨᠢᠭᠡ ᠺᠢᠯᠤᠮᠧᠲᠷ ᠵᠠᠢ ᠲᠠᠢ ᠪᠠᠶᠢᠬᠤ ︿ᠭᠤᠷᠪᠠᠨ | ᠬᠠᠷ᠎ᠠ﹀ ᠶᠢᠨ ᠤᠷᠬᠢᠯ ᠳᠡᠭᠡᠷ᠎ᠡ ᠭᠠᠷᠴᠦ ᠠᠵᠢᠨᠠᠢ ᠬᠦᠯᠦᠭ ᠢᠶᠠᠨ ᠪᠠᠷᠠᠯᠠᠬᠤ ᠳᠤ ᠡᠭᠴᠡ ᠦᠨᠳᠦᠷ ᠶᠤᠯᠤ ᠬᠠᠶᠢᠷᠬᠠᠨ | ᠡᠵᠡᠨ ᠤ ᠨᠢᠳᠦ ᠶᠢ ᠬᠠᠯᠠᠭᠯᠠᠬᠤ ᠳᠤ ᠡᠵᠡᠨ ᠴᠢᠩᠭᠢᠰ ᠬᠢᠯᠢᠩᠨᠡᠵᠦ᠂ ᠡᠷᠳᠡᠨᠢ ᠶᠢᠨ ᠨᠤᠮᠤ ᠪᠠᠨ ᠲᠡᠯᠢᠵᠦ᠂ ᠶᠤᠯᠤ | ᠬᠠᠶᠢᠷᠬᠠᠨ ᠤ ᠪᠠᠷᠠᠭᠤᠨ ᠮᠦᠷᠦ ᠶᠢ ᠬᠠᠷᠪᠤᠭᠰᠠᠨ ᠳᠤ ᠦᠰᠦᠷᠴᠦ ᠭᠠᠷᠤᠭᠰᠠᠨ ᠪᠠᠷᠠᠭᠤᠨ ᠮᠦᠷᠦ ᠨᠢ ᠶᠤᠯᠤ | ᠬᠠᠶᠢᠷᠬᠠᠨ ᠤ ᠠᠷᠤ ᠳᠤ ᠨᠢᠭᠡ ᠭᠠᠵᠠᠷ ᠵᠠᠢ ᠲᠠᠢ ᠭᠠᠵᠠᠷ᠂ ᠪᠤᠷᠭᠠᠰᠤ ᠮᠤᠳᠤᠨ ᠤ ᠳᠤᠮᠳᠠ ᠨᠤᠮᠢᠨ ᠨᠤᠭᠤᠭᠠᠨ | ᠵᠦᠯᠭᠡᠨ ᠳᠤ ᠪᠤᠲᠠᠷᠠᠵᠦ ᠲᠤᠰᠤᠭᠰᠠᠨ ᠬᠡᠪ ᠢᠶᠠᠷ ᠢᠶᠠᠨ ᠭᠦᠢᠰᠦ ᠠᠳᠠᠯᠢ ᠪᠠᠶᠢᠷᠢᠯᠠᠭᠰᠠᠨ ᠢ ︽ᠬᠦᠢᠰᠤ ᠬᠠᠲᠠ︾ | ᠬᠡᠮᠡᠨ ᠨᠡᠷᠡᠯᠡᠳᠡᠭ ᠪᠦᠭᠡᠳ ᠡᠭᠦᠨ ᠢ ᠣᠣᠯ ᠤᠷᠤᠨ ᠳᠤ ᠨᠢ ᠠᠪᠠᠴᠢᠵᠦ ᠲᠠᠯᠪᠢᠪᠠᠯ ᠶᠤᠯᠤ ᠬᠠᠶᠢᠷᠬᠠᠨ ᠲᠡᠭᠰᠢ ᠬᠢᠷ᠎ᠠ | ᠲᠠᠢ ᠣᠣᠯ ᠬᠡᠪ ᠢᠶᠠᠷ ᠢᠶᠠᠨ ᠪᠤᠯᠠᠴᠢᠬᠠᠨ᠎ᠠ ᠭᠡᠨ᠎ᠡ᠃ ᠢᠩᠭᠢᠭᠡᠳ ᠡᠵᠡᠨ ᠴᠢᠩᠭᠢᠰ ᠠᠵᠢᠨᠠᠢ ᠬᠦᠯᠦᠭ ᠤᠨ ᠢᠶᠠᠨ | ᠪᠠᠷ᠎ᠠ ᠶᠢ ᠣᠯᠵᠦ ᠬᠠᠷᠠᠭᠰᠠᠨ ᠠᠴᠠ ᠮᠦᠰᠢᠶᠡᠨ ᠪᠠᠶᠠᠷᠯᠠᠵᠦ ︽ᠭᠤᠷᠪᠠᠨ ᠬᠠᠷ᠎ᠠ︾ ᠶᠢ ︽ᠪᠠᠶᠠᠨ ᠬᠠᠷᠠᠭᠠᠴᠢ︾ | ᠭᠡᠰᠡᠨ ᠨᠡᠷ᠎ᠡ ᠬᠠᠶᠢᠷᠠᠯᠠᠭᠰᠠᠨ ᠭᠡᠨ᠎ᠡ᠃ | 2.ᠶᠤᠯᠤ ᠬᠠᠶᠢᠷᠬᠠᠨ ᠳᠤ ᠪᠠᠶᠢᠭ᠎ᠠ ᠬᠠᠳᠠᠨ ᠠᠭᠤᠢ ᠣᠣᠯ ᠨᠢ ᠮᠠᠩ ᠮᠣᠭᠠᠢ ᠲᠠᠢ ᠪᠠᠶᠢᠵᠦ ᠠᠮᠢᠳᠠᠨ | ᠭᠤᠤᠯᠳᠠᠨ ᠢ ᠬᠤᠤᠷᠯᠠᠨ ᠬᠦᠨᠦᠭᠡᠵᠦ ᠪᠠᠶᠢᠬᠤ ᠳᠤ ᠠᠯᠤᠰ ᠤᠨ ᠪᠠᠷᠠᠭᠤᠨ ᠤᠷᠤᠨ ᠠᠴᠠ ᠠᠪᠤᠷᠭᠤ ᠲᠤᠮᠤ ᠶᠤᠯᠤ | ᠰᠢᠪᠠᠭᠤ ᠢᠷᠡᠵᠦ᠂ ᠮᠠᠩ ᠮᠣᠭᠠᠢ ᠶᠢ ᠠᠷᠢᠯᠭᠠᠭᠰᠠᠨ ᠠᠴᠠ ᠠᠭᠤᠢ ᠨᠢ ᠦᠯᠡᠳᠡᠵᠦ ︽ᠶᠤᠯᠤ︾ ᠭᠡᠰᠡᠨ ᠠᠯᠳᠠᠷ ᠡᠨᠡ | ᠬᠠᠶᠢᠷᠬᠠᠨ ᠳᠤ ᠤᠷᠤᠰᠢᠵᠠᠢ᠃ ᠵᠠᠭᠤ ᠳᠦᠴᠢᠭᠡᠳ ᠵᠢᠯ ᠤᠨ ᠡᠮᠦᠨ᠎ᠡ ᠡᠨᠡ ᠬᠦ ᠠᠭᠤᠢ ᠳᠤ ᠨᠢᠭᠡᠨ ︽ᠲᠢᠶᠠᠨᠴᠢ | ᠯᠠᠮᠠ︾ ᠨᠣᠮ ᠪᠢᠰᠢᠯᠭᠠᠵᠦ᠂ ᠠᠵᠤ ᠳᠦᠷᠦᠨ ᠰᠠᠭᠤᠵᠦ᠂ ᠲᠠᠪᠤᠨ ᠬᠠᠷ᠎ᠠ ᠢᠮᠠᠭ᠎ᠠ ᠲᠠᠢ ᠠᠮᠢᠳᠤᠷᠠᠵᠦ ᠪᠠᠶᠢᠭᠰᠠᠨ | ᠭᠡᠨ᠎ᠡ᠃ ᠨᠤᠲᠤᠭ ᠤᠨ ᠪᠤᠭᠤᠷᠤᠯᠴᠤᠳ ᠤᠨ ᠬᠠᠭᠤᠴᠢ ᠲᠤᠮᠤᠭ ᠠᠴᠠ ᠡᠰᠢᠯᠡᠬᠦ ᠳᠤ ᠳᠡᠭᠡᠷ᠎ᠡ ᠳ᠋ᠢᠶᠠᠨ ᠯᠠᠮᠠ ᠶᠢᠨ | ᠰᠡᠭᠦᠯ ᠤᠨ ᠬᠤᠪᠢᠯᠭᠠᠨ ᠪᠣᠯᠬᠤ ︽ᠲᠤᠨᠳᠤᠭ ᠯᠠᠮᠠ︾ ᠭᠡᠰᠡᠨ ᠲᠠᠷᠭᠤᠨ ᠯᠠᠮᠠ ᠳ᠋ᠢᠶᠠᠨ ᠰᠦᠮ᠎ᠡ ᠳᠤ ᠪᠠᠶᠢᠵᠦ | ᠭᠠᠭᠴᠠ ᠲᠡᠮᠦᠷ ᠬᠥᠬᠡ ᠪᠣᠬ᠎ᠠ ᠲᠠᠢ ᠡᠵᠢ ᠪᠠᠨ ᠳᠡᠭᠡᠭᠡᠵᠦ ᠰᠦᠮᠡᠳᠦ ᠶᠢᠨ ᠠᠭᠤᠯᠠᠨ ᠠᠴᠠ ᠲᠦᠯᠡᠭᠡ ᠵᠦᠭᠡᠭᠡᠵᠦ | ᠪᠠᠶᠢᠭᠰᠠᠨ ᠲᠤᠮᠤᠭ ᠲᠠᠢ᠃ ᠡᠨᠡ ᠬᠦ ᠨᠠᠰᠤᠳᠠᠨ ᠤᠳᠤ ᠪᠠᠶᠢᠪᠠᠯ ᠵᠠᠭᠤ ᠠᠷᠪᠠᠭᠠᠳ ᠨᠠᠰᠤᠨ ᠤ ᠳᠦᠯᠥᠪ ᠲᠠᠢ ᠪᠠᠶᠢᠵᠦ | ᠂ ᠮᠢᠨᠦ ᠠᠪᠤ ᠶᠢᠨ ᠶᠠᠰᠤ ᠶᠢ ᠬᠦᠳᠡᠯᠭᠡᠵᠦ ᠬᠤᠪᠴᠠᠯᠠᠭᠰᠠᠨ ᠠᠴᠠ ᠪᠢ ᠴᠦ ︽ᠠᠪᠤ ᠮᠠᠮᠠ︾ ᠭᠡᠵᠦ ᠳᠠᠭᠤᠳᠠᠳᠠᠭ | ᠪᠠᠶᠢᠭᠰᠠᠨ ᠶᠤᠮ᠃ | 3.ᠶᠣᠯᠤ ᠬᠠᠶᠢᠷᠬᠠᠨ ᠠᠴᠠ ᠪᠠᠷᠠᠭᠤᠨᠰᠢ ᠲᠠᠪᠤᠨ ᠺᠢᠯᠤᠮᠧᠲᠷ ᠤᠨ ᠵᠠᠢ ᠲᠠᠢ ᠭᠠᠵᠠᠷ ᠲᠤ ᠡᠷᠳᠡᠨᠢ ᠶᠢᠨ ᠴᠠᠭᠠᠨ | ᠵᠠᠭᠠᠨ᠂ ᠰᠦᠵᠢ ᠶᠢᠨ ᠭᠤᠣᠯ ᠠᠴᠠ ᠤᠰᠤ ᠤᠤᠭᠤᠵᠦ ᠪᠠᠶᠢᠬᠤ ᠰᠢᠨᠵᠢ ︵ᠰᠢᠨᠵᠢᠭᠡᠴᠢ ᠶᠢᠨ ᠦᠭᠡ︶ ᠲᠠᠢ ᠤᠷᠳᠤ | ᠪᠦᠳᠦᠭᠦᠨ ᠴᠠᠭᠠᠨ ᠨᠢᠷᠤᠭᠤ ᠶᠢ ︽ᠡᠷᠬᠢᠮ ᠲᠤᠯᠤᠭᠠᠢ︾ ᠭᠡᠵᠦ ᠡᠩᠭᠡᠷ ᠲᠤᠨᠢ ᠪᠦᠬᠦᠢ ᠠᠯᠲᠠᠨ ᠭᠠᠨᠵᠢᠷ᠎ᠠ ᠨᠢ | ᠠᠯᠤᠰ ᠬᠤᠯᠠ ᠠᠴᠠ ᠣᠢ ᠮᠤᠳᠤᠨ ᠳᠤᠮᠳᠠᠭᠤᠷ ᠬᠢᠯᠠᠯᠵᠠᠨ ᠬᠠᠷᠠᠭᠳᠠᠳᠠᠭ ᠳ᠋ᠢᠶᠠᠨ ᠰᠦᠮ᠎ᠡ ᠠᠳᠡ ᠪᠠᠶᠢᠷᠢᠯᠠᠵᠦ | ᠪᠠᠶᠢᠪᠠ᠃ | ᠡᠨᠡ ᠬᠦ ᠳ᠋ᠢᠶᠠᠨ ᠰᠦᠮ᠎ᠡ ᠶᠢᠨ ︽ᠳ᠋ᠢᠶᠠᠨ︾ ᠭᠡᠰᠡᠨ ᠨᠡᠷ᠎ᠡ ᠨᠢ ᠶᠤᠯᠤ ᠶᠢᠨ ᠠᠭᠤᠢ ᠳᠤ ᠪᠠᠶᠢᠭᠰᠠᠨ ︽ᠳ᠋ᠢᠶᠠᠨᠴᠢ | ᠯᠠᠮᠠ︾ ᠶᠢᠨ ᠳ᠋ᠢᠶᠠᠨ ᠭᠡᠰᠡᠨ ᠨᠡᠷ᠎ᠡ ᠠᠴᠠ ᠢᠷᠡᠯᠲᠡ ᠲᠠᠢ ᠶᠤᠮ ᠤᠤ︖ ᠭᠡᠵᠦ ᠪᠤᠳᠤᠵᠤ ᠪᠠᠶᠢᠬᠤ ᠪᠦᠭᠡᠳ | ᠰᠡᠭᠦᠯ ᠤᠨ ᠬᠤᠪᠢᠯᠭᠠᠨ ︽ᠲᠤᠨᠳᠤᠭ ᠯᠠᠮᠠ︾ ᠴᠦ ᠡᠨᠡ ᠰᠦᠮ᠎ᠡ ᠳᠤ ᠪᠠᠶᠢᠭᠰᠠᠨ ᠶᠤᠮ᠃ |