ᠠᠳᠣᠭᠤᠴᠢᠨ ᠤ ᠵᠢᠪᠬᠤᠭ᠎ᠠ
ᠨᠡᠶᠢᠲᠡᠯᠡᠭᠰᠡᠨ ᠴᠠᠭ᠄
2020/11/16
                   ᠠᠳᠣᠭᠤᠴᠢᠨ ᠤ ᠵᠢᠪᠬᠤᠭ᠎ᠠ      ᠬᠦᠳᠡᠭᠡ ᠨᠣᠳᠤᠭ ᠲᠤ ᠨᠠᠮᠣᠷ ᠤᠨ ᠰᠡᠭᠦᠯᠴᠢ ᠶᠢᠨ  ᠨᠠᠯᠠᠭᠠᠷᠬᠠᠨ ᠡᠳᠦᠷ  ᠦᠷᠬᠦᠯᠵᠢᠯᠡᠬᠦ ᠳᠤ᠂  ᠮᠠᠯᠴᠢᠨ ᠡᠷᠳᠡᠨᠢᠪᠠᠭᠠᠳᠣᠷ ᠦᠨᠦᠳᠦᠷ ᠤᠨ ᠰᠠᠶᠢᠬᠠᠨ ᠳᠤ ᠮᠥᠨ ᠵᠣᠷᠰᠢᠯ ᠶᠣᠰᠣᠭᠠᠷ ᠠᠳᠣᠭᠤᠨ   ᠳᠠᠭᠠᠨ ᠮᠣᠷᠳᠠᠵᠠᠢ᠃
       ᠬᠦᠳᠡᠭᠡ ᠨᠣᠳᠤᠭ ᠤᠨ ᠨᠠᠮ ᠲᠠᠶᠢᠪᠣᠩ ᠠᠮᠢᠳᠣᠷᠠᠯ ᠳᠤ ᠢᠳᠡᠭᠡᠯ ᠤᠨ ᠭᠠᠯ ᠢ ᠲᠦᠷᠡᠯᠵᠡᠳᠡᠯ᠎ᠡ  ᠠᠰᠠᠭᠠᠵᠣ᠂ ᠠᠮᠢᠳᠣᠷᠠᠯ ᠠᠬᠤᠢ ᠪᠠᠨ ᠬᠡᠨ ᠠᠴᠠ ᠴᠣ᠋ ᠳᠣᠳᠠᠯ ᠦᠭᠡᠢ ᠰᠠᠶᠢᠬᠠᠨ ᠠᠪᠴᠦ ᠶᠠᠪᠣᠳᠠᠭ ᠨᠢ ᠲᠡᠳᠡᠨ ᠤ ᠢᠳᠡᠭᠡᠯ ᠲᠡᠮᠡᠦᠯᠡᠯ  ᠤᠨ ᠬᠢᠨᠢ ᠢᠯᠡᠷᠡᠭᠦᠯᠦᠯ ᠪᠣᠯᠵᠣ ᠪᠠᠶᠢᠳᠠᠭ ᠪᠢᠯᠡ᠃
     ᠬᠡᠬᠡᠷ᠎ᠡ ᠭᠠᠳᠠᠨ᠎ᠠ ᠭᠠᠭᠴᠠᠭᠠᠷ ᠬᠤᠶᠠᠭᠤᠯᠠ ᠪᠣᠯᠣᠭᠰᠠᠨ ᠴᠣ᠋ ᠮᠣᠷᠢ ᠣᠨᠤᠭ᠎ᠠ ᠪᠠᠨ ᠢᠯᠭᠤᠮᠬᠠᠨ ᠣᠷᠭᠠᠯᠠᠭᠠᠳ ᠮᠣᠷᠢ  ᠪᠠᠨ ᠶᠡᠬᠦᠯᠡᠴᠢᠭᠡᠬᠦ᠂ ᠣᠷᠭ᠎ᠠ ᠲᠠᠰᠢᠭᠤᠷ᠂ ᠴᠢᠳᠦᠷ ᠨᠣᠭᠳᠣ ᠪᠠᠨ ᠡᠪᠯᠢᠭᠬᠡᠨ ᠳᠦᠭᠦᠭᠡᠷᠴᠢᠬᠡᠬᠦ᠂ ᠡᠮᠨᠢᠭ ᠲᠣᠭᠰᠢᠨ ᠢ ᠣᠨᠣᠭᠠᠳ ᠨᠣᠮᠣᠬᠠᠷᠠᠴᠢᠬᠠᠭᠤᠯᠬᠤ ᠭᠡᠳ ᠠᠳᠣᠭᠤᠴᠢᠨ ᠬᠦᠮᠦᠨ ᠳᠤ ᠪᠠᠶᠢᠳᠠᠭ ᠡᠭᠡᠯᠬᠡᠨ ᠮᠦᠷᠳᠡᠯ᠎ᠡ ᠪᠠᠭ᠋ᠠᠷᠬᠠᠯᠲᠠᠢ ᠮᠡᠷᠭᠡᠵᠢᠯ  ᠤᠳ   ᠢ  ᠡᠷᠳᠡᠨᠢᠪᠠᠭᠠᠳᠣᠷ ᠠᠯᠢ ᠢ ᠨᠢ ᠴᠣ᠋ ᠬᠤᠴᠣᠷᠣᠯ ᠦᠭᠡᠢ ᠰᠣᠷᠣᠭᠰᠠᠨ   ᠢᠶᠠᠷ ᠢᠶᠠᠨ᠂ ᠥᠨᠥᠳᠦᠷ ᠮᠦᠨ ᠣᠷᠭᠠᠨ ᠳᠤ ᠴᠠᠭᠠᠷᠠᠭᠰᠠᠨ ᠬᠦᠭᠰᠢᠨ ᠬᠤᠯᠠ   ᠲᠠᠢ ᠪᠠᠨ  ᠡᠪᠯᠢᠭᠬᠡᠨ ︿ᠬᠠᠮᠵᠢᠯᠴᠠᠵᠣ﹀ ᠮᠣᠷᠢ ᠪᠠᠨ ᠶᠡᠬᠦᠯᠡᠯ᠎ᠡ᠃
     ᠬᠦᠳᠡᠭᠡ ᠨᠣᠳᠤᠭ ᠲᠠᠭᠠᠨ ᠮᠠᠯ ᠠᠬᠤᠢ ᠳᠠᠭᠠᠨ ᠪᠠᠭ᠎ᠠ ᠨᠠᠰᠣᠨ ᠠᠴᠠ ᠢᠳᠡᠭᠡᠰᠢᠨ ᠲᠠᠰᠴᠣ᠂ ᠠᠷᠪᠠᠭᠠᠳ ᠨᠠᠰᠣᠨ  ᠠᠴᠠ ᠣᠨᠤᠭ᠎ᠠ ᠮᠣᠷᠢᠳ ᠤᠨ ᠲᠣᠭᠤᠰᠣᠨ ᠳᠤ ᠪᠣᠷᠣᠭᠰᠢᠨ ᠲᠣᠮᠣᠭᠠᠵᠢᠵᠣ ᠢᠷᠡᠭᠰᠡᠨ ᠮᠠᠯᠴᠢᠨ ᠬᠦᠮᠦᠰ ᠤᠨ ᠨᠢᠭᠡ ᠪᠣᠯ ᠡᠷᠳᠡᠨᠢᠪᠠᠭᠠᠳᠣᠷ ᠶᠣᠮ᠃ ᠬᠦᠯᠦᠭ ᠤᠨ ᠨᠢᠷᠣᠭᠤᠨ ᠳᠤ ᠠᠩᠬ᠎ᠠ ᠳᠣᠭᠳᠠᠵᠣ᠂ ᠰᠣᠮᠣ ᠶᠢᠨ ᠨᠠᠭᠠᠳᠣᠮ ᠳᠤ ᠠᠩᠬ᠎ᠠ ᠮᠣᠷᠢ  ᠪᠠᠨ ᠠᠶᠢᠷᠠᠭᠳᠠᠭᠤᠯᠵᠣ ᠪᠠᠶᠢᠭᠰᠠᠨ  ᠴᠠᠭ ᠮᠥᠴᠡ ᠤᠳ ᠠᠴᠠ ᠡᠬᠢᠯᠡᠨ ᠠᠳᠣᠭᠤ ᠮᠠᠯ ᠳᠤ ᠢᠯᠡᠭᠦᠦ ᠳᠣᠳᠣᠨᠣ ᠦᠰᠴᠦ᠂ ᠡᠳᠦᠭᠡ ᠲᠦᠴᠢ ᠶᠢᠨ  ᠲᠦᠷᠦᠭᠡᠨ ᠳᠤ ᠦᠨᠳᠡᠶᠢᠭᠰᠡᠨ ᠴᠣ᠋ ᠪᠠᠶᠢᠩᠭᠤ ᠮᠣᠷᠢ ᠣᠨᠤᠭ᠎ᠠ   ᠪᠠᠨ ᠣᠨᠣᠵᠣ ᠡᠳ᠋ᠯᠡᠨ᠂ᠵᠢᠯ ᠪᠦᠷᠢ ᠠᠳᠣᠭᠤᠨ ᠲᠡᠯᠯᠡᠭᠡ᠂ ᠨᠠᠶᠢᠷ ᠨᠠᠭᠠᠳᠣᠮ ᠢᠶᠠᠷ ᠮᠣᠷᠢ ᠣᠨᠤᠭ᠎ᠠ ᠣᠷᠭᠠᠯᠠᠵᠣ ᠠᠳᠣᠭᠤᠴᠢᠨ ᠬᠦᠮᠦᠨ ᠤ ᠬᠡᠶᠢᠮᠣᠷᠢ ᠰᠡᠷᠬᠦᠵᠦ ᠶᠠᠪᠣᠨ᠎ᠠ᠃
 
ᠢᠷᠡᠯᠲᠡ᠄ ᠪᠠᠷᠠᠭᠤᠨ ᠦᠵᠦᠮᠦᠴᠢᠨ ᠬᠤᠰᠢᠭᠤᠨ ᠤ ᠬᠠᠮ ᠵᠠᠭᠤᠴᠢᠯᠠᠭᠤᠷ ᠤᠨ ᠲᠥᠪ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号