ᠢᠳᠠᠮᠵᠠᠪ
ᠨᠡᠶᠢᠲᠡᠯᠡᠭᠰᠡᠨ ᠴᠠᠭ᠄
2017/3/10
                 ᠢᠳᠠᠮᠵᠠᠪ — ᠦᠵᠦᠮᠦᠴᠢᠨ ᠨᠤᠳᠤᠭ ᠤᠨ ᠮᠣᠩᠭᠤᠯ ᠣᠲᠠᠴᠢ       ᠠᠶᠢᠮᠠᠭ ᠣᠰᠣᠨ ᠤ ᠬᠢᠨᠢ ᠬᠡᠣᠬᠡᠳ ᠳᠡᠬᠦᠦ ᠨᠠᠷ ᠲᠠᠭᠠᠨ ︽ᠢᠳᠠ ᠠᠶ᠋ᠢ︾ ᠭᠡᠵᠣ ᠬᠦᠨᠳᠦᠳᠬᠡᠨ ᠳᠠᠭᠤᠳᠠᠭᠳᠠᠳᠠᠭ ᠢᠳᠠᠮᠵᠠᠪ ᠮᠠᠨᠷᠠᠮᠪᠠ ᠪᠣᠯ 1925 ᠣᠨ ︵ᠬᠦᠬᠡᠭᠴᠢᠨ ᠦᠬᠡᠷ ᠵᠢᠯ︶ ᠳᠤ ᠣᠣᠯ ᠤᠨ ᠰᠢᠯᠢ ᠶᠢᠨ ᠭᠤᠣᠯ ᠴᠢᠭᠤᠯᠭᠠᠨ ᠤ ᠦᠵᠦᠮᠦᠴᠢᠨ ᠪᠠᠷᠠᠭᠤᠨ ᠬᠤᠰᠢᠭᠤᠨ ᠤ ᠪᠦᠷᠢᠶᠠᠴᠢᠨ ᠰᠣᠮᠣᠨ ᠤ ᠨᠢᠭᠡᠨ ᠪᠦᠷᠢᠶᠡᠴᠢᠨ ᠣᠪᠣᠭᠳᠦ ᠶᠢᠨ ᠭᠡᠷ ᠲᠤ ᠲᠦᠷᠦᠵᠡᠢ       ᠲᠡᠷᠡ 6 ᠨᠠᠰᠣᠳᠠᠢ ᠲᠠᠭᠠᠨ ᠠᠪᠠᠭ᠎ᠠ ᠯᠠᠮ᠎ᠠ ᠲᠣᠭᠠᠷ ᠷᠠᠪᠵᠠᠮᠪᠠ ᠪᠠᠨ ᠲᠠᠭᠠᠵᠣ᠂ ᠬᠦᠷᠢᠶ᠎ᠠ ᠰᠦᠮ᠎ᠡ ᠳᠤ ᠭᠤᠷᠪᠠᠨ ᠵᠢᠯ ᠰᠠᠭᠤᠵᠣ᠂ 9 ᠨᠠᠰᠣᠳᠠᠢ ᠳᠠᠭᠠᠨ ᠰᠢᠨ᠎ᠡ ᠰᠦᠮ᠎ᠡ ᠳᠤ ᠢᠷᠡᠭᠡᠳ ᠪᠠᠨᠳᠠᠷᠠᠭᠴᠢ ᠬᠡᠪᠬᠦᠢ ᠶᠢᠨ ᠱᠠᠪᠢ ᠪᠣᠯᠪᠠ᠃ 22 ᠨᠠᠰᠣᠨ ᠳᠠᠭᠠᠨ ᠯᠠᠪᠷᠤᠩ ᠬᠡᠶᠢᠳ ᠲᠤ ᠬᠦᠷᠦᠭᠡᠳ ᠬᠤᠶᠠᠷ ᠵᠢᠯ ᠰᠠᠭᠤᠵᠣ᠂ ᠲᠡᠨᠳᠡ ᠠᠴᠠ ᠠᠯᠠᠱᠠ ᠶᠢᠨ ︽ᠠᠭᠯᠠᠭ ᠠᠭᠤᠯᠠᠳᠦ ᠠᠯᠳᠠᠨ ᠲᠡᠪᠰᠢ ᠶᠢᠨ ᠬᠡᠶᠢᠳ︾ ᠲᠤ ᠬᠦᠷᠴᠦ ᠵᠢᠷᠭᠤᠭᠠᠨ ᠵᠢᠯ ᠨᠣᠮ ᠦᠵᠡᠵᠣ᠂ ᠤᠷᠴᠢᠭᠤᠯᠤᠯᠭ᠎ᠠ᠂ ᠵᠢᠷᠣᠬᠠᠢ  ᠶᠢᠨ ᠣᠬᠠᠭᠠᠨ ᠵᠡᠷᠭᠡ ᠶᠢ ᠰᠣᠷᠪᠠ  ᠃1954 ᠣᠨ ᠳᠤ 30 ᠨᠠᠰᠣᠳᠠᠢ   ᠳᠠᠭᠠᠨ ᠨᠣᠳᠤᠭ ᠲᠠᠭᠠᠨ ᠪᠣᠴᠠᠵᠣ ᠢᠷᠡᠭᠡᠳ᠂ ᠡᠬᠡ ᠬᠡᠶᠢᠳ ᠰᠢᠨ᠎ᠡ ᠰᠦᠮ᠎ᠡ ᠳᠡᠭᠡᠨ ᠮᠠᠨᠪᠠ ᠶᠢᠨ ᠣᠮᠵᠠᠳ ᠭᠤᠷᠪᠠᠨ ᠵᠢᠯ ᠶᠡᠪᠣᠭᠰᠠᠨ ᠪᠦᠭᠡᠳ ᠰᠢᠨ᠎ᠡ ᠰᠦᠮ᠎ᠡ ᠠᠴᠠ ᠪᠠᠶᠢᠭᠤᠯᠣᠭᠰᠠᠨ ᠰᠣᠷᠭᠠᠭᠤᠯᠢ ᠳᠤ ᠮᠣᠩᠭᠤᠯ ᠪᠢᠴᠢᠭ ᠰᠣᠷᠣᠭᠰᠠᠨ ᠪᠠᠶᠢᠨ᠎ᠠ  ᠃       ᠢᠳᠠᠮᠵᠠᠪ ᠪᠣᠯ ᠬᠦᠷᠢᠶ᠎ᠡ ᠰᠦᠮ᠎ᠡ ᠶᠢᠨ ᠠᠯᠳᠠᠷᠳᠦ ᠮᠠᠨᠷᠠᠮᠪᠠ ᠠᠶᠣᠷᠵᠠᠨ᠎ᠠ ᠶᠢᠨ ᠬᠤᠶᠢᠴᠢ ᠦᠶ᠎ᠡ ᠪᠣᠯᠬᠤ ᠪᠦᠭᠡᠳ ᠰᠢᠨ᠎ᠡ ᠰᠦᠮ᠎ᠡ ᠶᠢᠨ ᠳᠡᠭᠡᠳᠦ ᠭᠡᠭᠡᠨ ᠤ ᠬᠡᠷᠡᠭᠯᠡᠵᠣ ᠪᠠᠶᠢᠭᠰᠠᠨ ᠮᠠᠩᠬᠠᠭ ᠲᠠᠢ ᠪᠦᠷᠢᠨ ᠡᠮ ᠢ ᠭᠡᠭᠡᠨ ᠠᠵᠢᠶ᠎ᠠ ᠠᠴᠠ ᠣᠯᠠᠮᠵᠢᠯᠠᠨ ᠠᠪᠣᠭᠰᠠᠨ ᠡᠮᠴᠢ ᠶᠣᠮ᠃ ᠲᠡᠷᠡ 1959 ᠣᠨ ᠳᠤ ᠤᠯᠠᠭᠠᠢ ᠨᠢᠭᠡᠳᠣᠯ ᠳᠤ ᠬᠢᠭᠰᠡᠨ ᠪᠠᠳᠣᠵᠢᠭᠤᠯᠣᠭᠴᠢ ᠶᠢᠨ ᠪᠣᠯᠪᠠᠰᠣᠷᠠᠯ ᠳᠤ ᠣᠨᠴᠠ ᠬᠢᠷᠢ ᠪᠦᠳᠦᠮᠵᠢ ᠪᠠᠷ ᠰᠣᠷᠣᠯᠴᠠᠭᠠᠳ ᠬᠠᠷᠠᠭᠠᠨᠠᠳᠦ ᠲᠠᠯᠠᠪᠠᠢ ᠶᠢᠨ ᠡᠮᠴᠢ ᠪᠣᠯᠪᠠ᠃ ᠢᠩᠬᠢᠭᠡᠳ 40 ᠰᠢᠬᠠᠮ ᠵᠢᠯ ᠬᠦᠮᠦᠨ ᠠᠷᠠᠳ ᠤᠨ ᠡᠷᠡᠭᠦᠯ ᠮᠡᠨᠳᠦ ᠶᠢᠨ ᠲᠦᠯᠦᠭᠡ ᠵᠢᠳᠬᠦᠵᠣ ᠶᠠᠪᠣᠭᠰᠠᠨ ᠢᠶᠠᠷ ᠲᠠᠭᠦᠨ ᠤ ᠡᠳᠡᠭᠡᠷᠡᠭᠦᠯᠦᠭᠰᠡᠨ ᠡᠪᠡᠳᠴᠢᠳᠡᠨ ᠲᠤᠭᠠᠯᠠᠰᠢ ᠦᠭᠡᠢ ᠣᠯᠠᠨ ᠪᠣᠯᠵᠠᠢ᠃ ᠵᠦᠪᠬᠡᠨ ᠬᠦᠷᠢᠶᠡᠳᠦᠨᠠᠭᠤᠷ ᠰᠣᠮᠣᠨ ᠠᠴᠠ ᠬᠡᠳᠣᠨ  ᠵᠢᠱᠢᠶ᠎ᠡ ᠲᠣᠷᠠᠳᠪᠠᠯ᠂ 1982 ᠤᠨ ᠳᠤ ᠠᠯᠳ᠋ᠬᠠᠮᠡᠭᠡᠯ ᠭᠠᠴᠠᠭᠠᠨ ᠤ ᠣᠳᠽᠠᠷ ᠤᠨ ᠬᠦᠦ ᠱᠣᠭᠠᠷ ᠠᠳᠡ ᠲᠡᠨᠳᠡ ᠬᠡᠳᠦ ᠣᠳᠠᠭ᠎ᠠ ᠮᠡᠰᠡ ᠵᠠᠰᠠᠯ ᠬᠢᠯᠭᠡᠭᠡᠳ ᠡᠰᠡ ᠡᠳᠡᠭᠡᠷᠡᠭᠰᠡᠨ ᠡᠪᠡᠳᠴᠢᠨ ᠢ ᠡᠯᠢᠭᠡᠨ ᠪᠣᠭᠯᠠᠭ᠎ᠠ ᠭᠡᠵᠣ ᠣᠨᠣᠰᠢᠯᠠᠵᠣ ᠡᠮᠴᠢᠯᠡᠭᠡᠳ ᠡᠳᠡᠭᠡᠷᠡᠭᠦᠯᠪᠡ᠃ ᠲᠣᠰ ᠭᠠᠴᠠᠭᠠᠨ ᠤ ᠵᠠᠮᠰᠣ ᠶᠢᠨ ᠬᠦᠪᠡᠭᠦᠨ ᠨᠠᠰᠣᠠᠠᠦ᠋ᠯᠵᠡᠢ ᠶᠢᠨ ᠰᠣᠯᠢᠶ᠎ᠠ ᠶᠢ ᠡᠮ ᠲᠣᠮ ᠢᠶᠠᠷ ᠡᠳᠡᠭᠡᠷᠡᠭᠦᠯᠦᠭᠰᠡᠨ᠃1982 ᠣᠨ ᠳᠤ ᠠᠷᠰᠯᠠᠩᠲᠦ ᠭᠠᠴᠠᠭᠠᠨ ᠤ ᠰᠣᠪᠣᠳ ᠤᠨ ᠡᠬᠡᠨᠡᠷ ᠵᠢᠭᠡᠮᠢ ᠶᠢᠨ ᠬᠤᠭᠤᠯᠠ ᠴᠠᠢ ᠣᠷᠣᠬᠤ ᠦᠭᠡᠢ ᠪᠣᠯᠣᠭᠰᠠᠨ ᠭᠡᠴᠡᠭᠦᠦ ᠡᠪᠡᠳᠴᠢᠨ ᠢ ᠬᠤᠳᠣᠭᠤᠳᠣᠨ ᠪᠣᠷᠣ ᠪᠠᠷ ᠣᠨᠣᠰᠢᠯᠠᠵᠣ ᠡᠳᠡᠭᠡᠷᠡᠭᠦᠯᠪᠡ᠃ 1963 ᠤᠨ ᠳᠤ ᠵᠢᠭᠠᠰᠣᠳᠠᠢ ᠭᠠᠴᠠᠭᠠᠨ ᠤ ᠰᠣᠳᠨᠠᠮ ᠤᠨ ᠬᠢᠨ ᠤ ᠭᠡᠨᠡᠳᠳᠡ ᠪᠠᠷ ᠦᠬᠦᠭᠰᠡᠨ ᠬᠤᠷᠠᠭᠠᠨ ᠮᠢᠬ᠎ᠠ ᠶᠢ ᠢᠳᠡᠭᠡᠳ ᠪᠦᠬᠦ ᠭᠡᠷ ᠤᠨ ᠬᠦᠮᠦᠰ ᠨᠢ ᠪᠡᠶ᠎ᠡ ᠰᠢᠷᠠᠯᠠᠵᠣ ᠡᠪᠡᠳᠴᠢᠯᠡᠭᠰᠡᠨ ᠳᠤ ᠰᠦᠰᠦ ᠲᠠᠷᠬᠠᠬᠤ ᠡᠪᠡᠳᠴᠢᠨ ᠭᠡᠵᠣ ᠲᠣᠳᠣᠯᠠᠭᠠᠳ ᠵᠠᠰᠠᠨ ᠡᠳᠡᠭᠡᠷᠡᠭᠦᠯᠣᠭ᠍ᠰᠡᠨ ᠪᠠᠶᠢᠨ᠎ᠠ᠃ ᠡᠨᠡ ᠲᠣᠬᠠᠢ ᠢᠳᠠᠮᠵᠠᠪ ᠮᠠᠨᠷᠠᠮᠪᠠ ᠬᠡᠯᠡᠭᠰᠡᠨ ᠨᠢ ︽ᠪᠢ ᠡᠮ ᠪᠠᠷᠢᠭᠰᠠᠨ ᠤ ᠲᠠᠷᠠᠭ᠎ᠠ ᠰᠢᠨ᠎ᠡ ᠰᠦᠮ᠎ᠡ ᠶᠢᠨ ᠮᠣᠬᠤᠷ ᠬᠤᠸᠠ ᠮᠠᠨᠷᠠᠮᠪᠠ ᠶᠢᠨ ᠳᠤ ᠬᠦᠷᠴᠦ᠂ ᠲᠡᠭᠦᠨ ᠤ ᠰᠦᠰᠦ ᠲᠠᠷᠬᠠᠬᠤ ᠡᠪᠡᠳᠴᠢᠨ ᠢ ᠡᠮᠴᠢᠯᠡᠳᠡᠭ ᠠᠷᠭ᠎ᠠ ᠲᠣᠷᠰᠢᠯᠭ᠎ᠠ ᠶᠢ ᠨᠢ ᠠᠰᠠᠭᠤᠭᠰᠠᠨ ᠳᠤ ᠲᠡᠷᠡ ᠨᠠᠳᠠᠳᠦ ᠲᠣᠷᠰᠢᠯᠭ᠎ᠠ ᠪᠠᠨ ᠲᠣᠩ ᠲᠣᠷᠠᠳᠠᠢ ᠮᠦᠷᠳᠡᠭᠡᠨ ᠪᠦᠷᠢᠨ ᠭᠦᠢᠴᠡᠳ ᠬᠡᠯᠡᠵᠣ ᠦᠭᠬᠦᠭᠰᠡᠨ ᠤ ᠬᠠᠮᠳᠦ ᠲᠡᠷᠡ ᠨᠢᠭᠡ ᠨᠠᠰᠣᠨ ᠳᠤ ᠪ᠊ ᠪᠠᠨ ᠰᠦᠰᠦ ᠲᠠᠷᠬᠠᠭᠰᠠᠨ ᠡᠪᠡᠳᠴᠢᠨ ᠢ ᠵᠠᠭᠤ ᠭᠠᠷᠣᠢ ᠵᠠᠰᠠᠭᠠᠳ ᠨᠢᠭᠡ ᠯᠠ ᠬᠦᠮᠦᠨ ᠢ ᠳᠡᠶᠢᠯᠦᠭᠰᠡᠨ ᠦᠭᠡᠢ ᠶᠣᠮ ᠭᠡᠵᠣ ᠬᠡᠯᠡᠭᠰᠡᠨ᠃ ᠪᠢ ᠪᠠᠰᠠ ᠰᠦᠰᠦ ᠲᠠᠷᠬᠠᠭᠰᠠᠨ ᠡᠪᠡᠳᠴᠢᠳᠡᠨ ᠢ ᠣᠳᠣ ᠪᠣᠯᠳᠠᠯ᠎ᠠ 70 ᠭᠠᠷᠣᠢ ᠵᠠᠰᠠᠭᠰᠠᠨ   ᠤ ᠲᠣᠳᠣᠷ᠎ᠠ ᠮᠦᠨ ᠨᠢᠭᠡ ᠯᠠ—  ᠯᠾᠠᠮᠣ ᠶᠢᠨ ᠨᠢᠮ᠎ᠠ ᠶᠢ 20 ᠭᠠᠷᠤᠢ ᠬᠤᠨᠤᠭ ᠡᠮᠨᠡᠭᠡᠳ ᠲᠡᠶᠢᠯᠣᠭ᠍ᠰᠡᠨ ᠦᠭᠡᠢ ᠭᠠᠳᠠᠭᠰᠢ ᠡᠮᠨᠡᠭᠦᠯᠬᠦ ᠪᠠᠷ ᠶᠠᠪᠣᠭᠤᠯᠣᠭᠰᠠᠨ ᠠᠴᠠ ᠪᠣᠰᠣᠳ  ᠢ ᠨᠢ ᠪᠦᠷ ᠡᠳᠡᠭᠡᠷᠡᠭᠦᠯᠣᠭ᠍ᠰᠡᠨ ᠵᠤᠮ᠃︾ ᠭᠡᠵᠣ ᠪᠠᠶᠢᠯ᠎ᠠ᠃        ᠢᠳᠠᠮᠵᠠᠪ 1979 ᠤᠨ ᠳᠤ ᠣᠯᠣᠰ ᠤᠨ ᠵᠢᠩᠬᠢᠨᠢ ᠡᠮᠴᠢ ᠪᠣᠯᠵᠣ᠂ ᠤᠯᠠᠭᠠᠢ ᠡᠮᠨᠡᠯᠭᠡ ᠶᠢᠨ ᠬᠤᠷᠢᠶᠠᠨ ᠤ ᠮᠤᠩᠭᠤᠯ ᠡᠮᠨᠡᠯᠭᠡ ᠶᠢᠨ ᠰᠠᠯᠠᠭᠠᠨ ᠤ ᠡᠷᠬᠢᠯᠡᠭᠴᠢ ᠪᠠᠶᠢᠬᠤ ᠳᠠᠭᠠᠨ ᠮᠤᠩᠭᠤᠯ ᠡᠮᠴᠢ ᠨᠠᠷ ᠤᠨ ᠪᠣᠯᠪᠠᠰᠣᠷᠠᠯ ᠤᠨ ᠠᠩᠭᠢ ᠶᠢ ᠡᠷᠬᠢᠯᠡᠵᠣ᠂ ᠣᠯᠠᠭᠠᠢ ᠣᠷᠣᠨ ᠤ ᠨᠢᠭᠡ ᠪᠦᠯᠦᠭ ᠵᠠᠯᠠᠭᠤ ᠡᠮᠴᠢ ᠳᠤ ᠡᠮᠴᠢᠯᠡᠭᠡᠨ ᠤ ᠮᠡᠳᠡᠯᠭᠡ ᠮᠡᠷᠭᠡᠵᠢᠯ ᠢᠶᠠᠨ ᠣᠯᠠᠮᠵᠢᠯᠠᠭᠰᠠᠨ ᠪᠠᠶᠢᠨ᠎ᠠ᠃ ᠡᠨᠡ ᠬᠤᠭᠤᠴᠠᠭᠠᠨ ᠳᠤ ᠪᠠᠰᠠ ᠱᠠᠭᠵᠠ᠂ ᠲᠣᠭᠠᠷ᠂ ᠰᠧᠮ᠎ᠠ᠂ ᠴᠣᠶᠢᠵᠢᠷ᠂ ᠨᠤᠮᠢᠨ ᠵᠡᠷᠭᠡ ᠡᠮᠴᠢ ᠨᠠᠷ ᠲᠠᠢ ᠬᠠᠮᠳᠣᠷᠠᠵᠣ᠂ ︽ᠣᠯᠠᠭᠠᠢ ᠮᠣᠩᠭᠤᠯ ᠡᠮᠴᠢ ᠶᠢᠨ  ᠲᠣᠷᠰᠢᠯᠭᠠᠳᠦ ᠵᠣᠷ︾ ᠢ ᠪᠢᠴᠢᠵᠣ ᠲᠠᠷᠬᠠᠭᠠᠭᠰᠠᠨ ᠶᠣᠮ᠃ ᠢᠳᠠᠮᠵᠠᠪ ᠮᠠᠨᠷᠠᠮᠪᠠ ᠣᠷᠢᠳ ᠬᠤᠵᠢᠳ 10 ᠭᠠᠷᠣᠢ ᠣᠳᠠᠭ᠎ᠠ ᠰᠠᠶᠢᠰᠢᠶᠠᠯ ᠬᠦᠬᠢᠭᠦᠯᠤᠯ ᠬᠦᠷᠳᠡᠵᠣ᠂ 1983 ᠣᠨ ᠳᠤ ᠡᠮᠴᠢ ᠶᠢᠨ ᠴᠤᠯᠠ ᠣᠯᠵᠠᠢ᠃        ᠢᠳᠠᠮᠵᠠᠪ ᠡᠮᠴᠢ 1985 ᠣᠨ ᠳᠤ ᠨᠠᠰᠣᠨ ᠤ ᠠᠮᠠᠷᠠᠯᠳᠠ ᠪᠠᠨ ᠠᠪᠴᠦ᠂ 1988 ᠣᠨ ᠳᠤ ᠡᠬᠡ ᠬᠡᠶᠢᠳ ᠰᠢᠨ᠎ᠡ ᠰᠦᠮ᠎ᠡ ᠳᠡᠭᠡᠨ ᠪᠣᠴᠠᠵᠣ᠂ ᠣᠯᠠᠨ ᠬᠤᠸᠠᠷᠠᠭ ᠲᠠᠢ ᠬᠠᠮᠳᠦ ᠰᠦᠮ᠎ᠡ ᠰᠠᠩ ᠢᠶᠠᠨ ᠰᠢᠨᠡᠳᠬᠡᠨ ᠰᠡᠷᠭᠦᠭᠡᠭᠰᠡᠨ ᠢᠶᠠᠷ ᠦᠯᠦ ᠪᠠᠷᠠᠮ ᠬᠤᠷᠠᠯ ᠨᠤᠮ ᠪᠠ ᠬᠠᠷ᠎ᠠ ᠰᠢᠷ᠎ᠠ ᠰᠦᠵᠢᠭᠳᠡᠨ ᠤ ᠢᠳᠡᠭᠡᠯ ᠢ ᠶᠣᠰᠣᠴᠢᠯᠠᠨ ᠭᠦᠢᠴᠡᠳᠬᠡᠵᠣ᠂ ᠭᠤᠣᠯᠯᠠᠭᠴᠢ ᠯᠠᠮ᠎ᠠ ᠶᠢᠨ ᠨᠢᠭᠡ ᠨᠢ ᠪᠣᠯᠵᠣ ᠶᠠᠪᠣᠭᠰᠠᠨ ᠢᠶᠠᠨ 1998 ᠣᠨ ᠤ ᠪᠢᠯᠢᠭ ᠤᠨ ᠣᠯᠠᠷᠢᠯ ᠤᠨ 5 ᠰᠠᠷ᠎ᠠ ᠶᠢᠨ 20 ᠤ ᠡᠳᠣᠷ 74 ᠨᠠᠰᠣᠳᠠᠢ ᠨᠠᠰᠣ ᠪᠠᠷᠠᠪᠠ᠃ ᠲᠡᠭᠦᠨ ᠤ ᠱᠠᠷᠢᠯ ᠢ ᠱᠠᠪᠢ ᠨᠠᠷ ᠨᠢ ᠣᠳᠠᠢ ᠳᠤ ᠠᠪᠠᠴᠢᠵᠣ ᠰᠣᠪᠣᠷᠭᠠᠯᠠᠪᠠ᠃        ︽ᠦᠵᠦᠮᠦᠴᠢᠨ ᠨᠣᠳᠤᠭ ᠤᠨ ᠮᠤᠩᠭᠤᠯ ᠣᠳᠠᠴᠢ ᠤᠳ︾         ᠷᠠ᠊ · ᠳᠠᠶᠢᠴᠢᠨᠬᠦᠦ᠂ ᠪᠠᠶᠠᠷᠳᠦ ᠡᠮᠬᠢᠳᠬᠡᠨ ᠨᠠᠶᠢᠷᠠᠭᠤᠯᠪᠠ      
 
ᠢᠷᠡᠯᠲᠡ᠄ ︽ᠦᠵᠦᠮᠦᠴᠢᠨ ᠨᠣᠳᠤᠭ ᠤᠨ ᠮᠤᠩᠭᠤᠯ ᠣᠳᠠᠴᠢ ᠤᠳ︾
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号