ᠲᠣᠶᠢᠩᠺᠠᠷ ᠡᠩᠡ
ᠨᠡᠶᠢᠲᠡᠯᠡᠭᠰᠡᠨ ᠴᠠᠭ᠄
2017/3/8
                 ᠲᠣᠶᠢᠩᠺᠠᠷ ᠪᠣᠯ ᠮᠣᠩᠭᠤᠯ ᠦᠨᠳᠦᠰᠦᠲᠡᠨ ᠤ ᠣᠷᠴᠢᠨ ᠦᠶ᠎ᠡ ᠶᠢᠨ ᠤᠳᠬ᠎ᠠ ᠵᠣᠬᠢᠶᠠᠯ ᠤᠨ ᠲᠡᠦᠬᠡᠨ ᠳᠤ ᠨᠥᠬᠦᠪᠦᠷᠢᠯᠡᠨ ᠲᠡᠮᠳᠡᠭᠯᠡᠭᠦᠰᠢᠲᠡᠢ ᠳᠠᠪᠰᠢᠩᠭᠤᠢ ᠢᠷᠠᠭᠤ ᠨᠠᠶᠢᠷᠠᠭᠴᠢ᠂ ᠰᠢᠯᠭᠠᠷᠠᠭᠰᠠᠨ ᠣᠨᠢᠰᠤᠭ᠎ᠠ ᠶᠢᠨ ᠵᠣᠬᠢᠶᠠᠯᠴᠢ ᠪᠠ ᠰᠤᠷᠭᠠᠨ ᠬᠥᠮᠥᠵᠢᠯ ᠤᠨ ᠵᠢᠳᠬᠦᠯᠲᠡᠨ ᠮᠥᠨ᠃ ᠲᠡᠷᠡ ᠪᠠᠷ 1856 ᠣᠨ ᠳᠤ ᠤᠤᠯ ᠤᠨ ᠰᠢᠯᠢ ᠶᠢᠨ ᠭᠤᠣᠯ ᠴᠢᠭᠤᠯᠭᠠᠨ  ᠤ ᠦᠵᠦᠮᠦᠴᠢᠨ ᠪᠠᠷᠠᠭᠤᠨ ᠬᠤᠰᠢᠭᠤᠨ ᠤ ᠠᠷᠪᠠᠳᠤᠭᠠᠷ ᠦᠶ᠎ᠡ ᠶᠢᠨ ᠬᠤᠱᠣᠢ ᠰᠡᠴᠡᠨ ᠴᠢᠨ ᠸᠠᠩ ᠫᠣᠩᠰᠣᠭᠨᠠᠮᠵᠢᠯ ᠤᠨ ᠬᠤᠶᠠᠳᠤᠭᠠᠷ ᠠᠴᠢ ᠬᠥᠪᠡᠭᠦᠨ ︵ᠲᠣᠭᠲᠣᠶᠢᠵᠠᠪ ᠤᠨ ᠬᠤᠶᠠᠳᠤᠭᠠᠷ ᠬᠥᠪᠡᠭᠦᠨ︶ ᠪᠣᠯᠣᠨ ᠵᠠᠶᠠᠭᠠᠵᠠᠢ᠃ ᠲᠡᠭᠦᠨ ᠤ ᠲᠥᠷᠥᠭᠰᠡᠨ ᠠᠬ᠎ᠠ ᠠᠯᠲᠠᠨᠬᠤᠶᠠᠭᠲᠦ ᠪᠣᠯᠪᠠᠰᠤ ᠬᠤᠰᠢᠭᠤᠨ ᠤ ᠠᠷᠪᠠᠨ ᠨᠢᠭᠡᠳᠦᠭᠡᠷ ᠦᠶ᠎ᠡ ᠶᠢᠨ ᠴᠢᠨ ᠸᠠᠩ ᠤᠨ ᠵᠡᠷᠭᠡ ᠶᠢ ᠵᠠᠯᠭᠠᠮᠵᠢᠯᠠᠭᠰᠠᠨ ᠠᠵᠤᠭᠤ᠃ ᠲᠡᠶᠢᠨ ᠬᠦ ᠦᠵᠦᠮᠦᠴᠢᠨ ᠳᠤ ᠲᠡᠭᠦᠨ ᠢ ︽ᠲᠣᠶᠢᠩᠺᠠᠷ ᠡᠩᠡ︾ ᠭᠡᠵᠤ ᠡᠷᠭᠦᠮᠵᠢᠯᠡᠨ ᠳᠠᠭᠤᠳᠠᠳᠠᠭ᠃      ᠲᠣᠶᠢᠩᠺᠠᠷ ᠬᠡᠳᠦᠶᠢᠪᠡᠷ ᠢᠵᠠᠭᠤᠷᠲᠠᠨ ᠤ ᠡᠭᠦᠳᠡᠨ ᠳᠤ ᠮᠡᠨᠳᠦᠯᠡᠭᠰᠡᠨ ᠲᠠᠶᠢᠵᠢ ᠶᠢᠨ ᠵᠡᠷᠭᠡᠲᠡᠨ ᠪᠣᠯᠪᠠᠴᠤ ᠨᠢᠭᠡ ᠨᠠᠰᠤᠨ ᠳᠠᠭᠠᠨ ᠶᠠᠮᠠᠷ ᠴᠦ ᠵᠢᠩᠰᠡ ᠣᠲᠤᠭ ᠵᠡᠭᠦᠨ ᠵᠡᠷᠭᠡ ᠬᠡᠷᠬᠡᠮ ᠬᠦᠯᠢᠶᠡᠯ ᠦᠭᠡᠢ᠂ ᠬᠠᠷᠢᠨ ︽ᠠᠯᠳᠠᠷ ᠨᠡᠷ᠎ᠡ ᠶᠢ ᠰᠣᠨᠣᠰᠬᠠᠯ ᠤᠨ ᠣᠯᠢᠭ᠂ ᠠᠰᠢᠭ ᠢ ᠣᠯᠬᠤ ᠠᠮᠢᠳᠤᠷᠠᠯ ᠤᠨ ᠳᠣᠯᠢᠭ︾ ᠬᠡᠮᠡᠨ ᠦᠵᠡᠵᠦ᠂ ᠲᠤᠬᠠᠢ ᠶᠢᠨ ᠨᠡᠶᠢᠭᠡᠮ ᠤᠨ ᠪᠠᠶᠢᠭᠤᠯᠤᠯ ᠳᠤ ᠠᠰᠲᠠᠭᠠᠨ ᠦᠵᠡᠯᠲᠡ ᠥᠭᠡᠷ᠎ᠡ ᠣᠪᠣᠷ ᠢᠶᠠᠷ ᠬᠠᠨᠳᠤᠨ᠂ ᠹᠸᠣᠳᠠᠯ ᠤᠨ ᠢᠵᠠᠭᠤᠷᠲᠠᠨ ᠤ ᠢᠯᠵᠠᠷᠠᠮᠠᠯ ᠪᠣᠯᠬᠢ ᠠᠮᠢᠳᠤᠷᠠᠯ ᠢ ᠵᠢᠭᠰᠢᠨ  ᠦᠵᠡᠳᠡᠭ ᠪᠠᠶᠢᠵᠠᠢ᠃ ᠲᠡᠷᠡ ᠨᠢᠭᠡ ᠤᠳᠠᠭ᠎ᠠ ᠠᠬ᠎ᠠ ᠠᠯᠲᠠᠨᠬᠤᠶᠠᠭᠲᠦ ᠶᠢᠨ ᠢᠶᠠᠨ ᠭᠠᠯ ᠤᠨ ᠲᠠᠬᠢᠯᠭ᠎ᠠ ᠳᠤ ᠵᠠᠯᠠᠭᠳᠠᠨ ᠬᠦᠷᠦᠭᠡᠳ ᠬᠤᠰᠢᠭᠤ ᠲᠤᠰᠠᠯᠠᠭᠴᠢ ᠪᠠᠽᠠᠷᠰᠡᠩᠭᠡ ᠶᠢᠨ ᠬᠠᠷᠭᠢᠰ ᠬᠡᠷᠴᠡᠭᠡᠢ ᠳᠦᠷᠢ ᠶᠢ ᠨᠢ ᠵᠢᠭᠰᠢᠭᠡᠳ᠂ ᠨᠢᠭᠤᠷ ᠳᠡᠭᠡᠷ᠎ᠡ ᠨᠢ ᠬᠤᠪᠳᠤᠭ ᠰᠢᠨᠤᠬᠠᠢ ᠵᠠᠩ ᠢ ᠨᠢ ᠢᠯᠡᠴᠢᠯᠡᠨ ᠬᠠᠷᠢᠶᠠᠵᠤ᠂ ᠵᠢᠩᠰᠡᠲᠦ ᠮᠠᠯᠠᠭᠠᠢ ᠶᠢ ᠨᠢ ᠭᠠᠯ ᠳᠤ ᠣᠷᠣᠲᠠᠯ᠎ᠠ ᠠᠯᠠᠭᠠᠳᠠᠭᠰᠠᠨ ᠭᠡᠳᠡᠭ᠃ ᠠᠯᠲᠠᠨᠬᠤᠶᠠᠭᠲᠦ ᠢ ᠬᠠᠯᠢᠭᠰᠠᠨ ᠤ ᠳᠠᠷᠠᠭ᠎ᠠ ᠲᠣᠶᠢᠩᠺᠠᠷ ᠢ ᠣᠷᠣᠨ ᠳᠤᠨᠢ ᠰᠠᠭᠤᠯᠭᠠᠨ᠎ᠠ ᠭᠡᠰᠡᠨ ᠳᠤ ᠲᠡᠷᠡ ᠣᠭᠲᠣ ᠵᠥᠪᠰᠢᠶᠡᠷᠡᠭᠰᠡᠨ ᠦᠭᠡᠢ ᠮᠥᠷᠲᠡᠭᠡᠨ ᠸᠠᠩ ᠰᠠᠭᠤᠬᠤ ᠬᠡᠷᠡᠭ ᠦᠭᠡᠢ ᠬᠡᠮᠡᠨ ᠠᠴᠢ ᠬᠥᠪᠡᠭᠦᠨ ᠰᠤᠳᠨᠠᠮᠷᠠᠪᠳᠠᠨ ︵ᠠᠯᠲᠠᠨᠬᠤᠶᠠᠭᠲᠦ ᠶᠢᠨ ᠬᠥᠪᠡᠭᠦᠨ︶ ᠶᠢ ᠴᠦ ᠢᠳᠬᠠᠨ ᠵᠢᠮᠡᠯᠡᠵᠦ᠂ ᠲᠡᠳᠡᠨ ᠤ ᠮᠣᠳᠣᠨ ᠰᠢᠪᠡᠭᠡ ᠶᠢᠨ ᠬᠢᠨᠢ ᠨᠠᠮᠠᠭ᠎ᠠ ᠶᠢ ᠬᠢᠷᠦᠭᠡ ᠪᠠᠷ ᠲᠡᠪ ᠲᠡᠭᠰᠢᠬᠡᠨ ᠬᠢᠷᠭᠠᠵᠤ ᠬᠠᠶᠠᠭᠠᠳ ︽ᠡᠨᠡ ᠰᠢᠪᠡᠭᠡ ᠰᠢᠭ ᠥᠨᠳᠥᠷ ᠪᠣᠭᠤᠨᠢ ᠦᠭᠡᠢ ᠲᠡᠭᠰᠢ ᠪᠣᠯᠵᠤ ᠥᠷᠭᠡᠨ ᠣᠯᠠᠨ ᠢ ᠡᠨᠡᠷᠢᠬᠦ ᠬᠡᠷᠡᠭᠲᠡᠢ︾ ᠬᠡᠮᠡᠨ ᠰᠤᠷᠭᠠᠭᠰᠠᠨ ᠭᠡᠳᠡᠭ᠃      ᠲᠣᠶᠢᠩᠺᠠᠷ ᠤᠨ ᠵᠣᠬᠢᠶᠠᠭᠰᠠᠨ ᠪᠢᠯᠢᠭ ᠰᠤᠷᠭᠠᠯ᠂ ᠢᠷᠦᠭᠡᠯ ᠮᠠᠭᠲᠠᠭᠠᠯ᠂ ᠣᠨᠢᠰᠤᠭ᠎ᠠ ᠲᠠᠭᠠᠪᠤᠷᠢ ᠪᠣᠯᠬᠤ ︽ᠰᠠᠶᠢᠨ ᠦᠭᠡᠰ ᠤᠨ ᠰᠤᠷᠭᠠᠯ︾ ᠲᠠᠪᠢᠨ ᠪᠠᠳᠠᠭ᠂ ︽ᠬᠡᠦᠬᠡᠳ ᠤᠨ ᠰᠤᠷᠭᠠᠯ︾᠂ ︽ᠮᠣᠷᠢᠨ ᠴᠣᠯᠠ︾᠂ ︽ᠵᠢᠷᠭᠠᠯᠠᠩᠲᠤ ᠨᠠᠢᠮᠠᠨ ᠮᠣᠷᠢᠨ ᠤ ᠮᠠᠭᠲᠠᠭᠠᠯ︾᠂ ︽ᠭᠡᠷ ᠤᠨ ᠢᠷᠦᠭᠡᠯ︾᠂ ︽ᠠᠷᠢᠬᠢᠨ ᠤ ᠦᠭᠡ︾᠂ ︽ᠬᠤᠷᠢᠮ ᠤᠨ ᠬᠡᠯᠡᠮᠤᠷ︾᠂ ︽ᠢᠨᠵᠢ  ᠶᠢᠨ ᠳᠠᠩᠰᠠ ᠳᠠᠭᠤᠳᠠᠯᠭ᠎ᠠ︾᠂ ︽ᠦᠵᠦᠮᠦᠴᠢᠨ ᠤ ᠲᠣᠶᠢᠩᠺᠠᠷ ᠡᠩᠡ ᠶᠢᠨ ᠣᠨᠢᠰᠤᠭ᠎ᠠ︾᠂ ︽ᠶᠢᠷᠲᠢᠨᠴᠦ ᠶᠢᠨ ᠪᠡᠷᠬᠡᠰ︾ ᠁ ᠵᠡᠷᠭᠡ ᠣᠯᠠᠨ ᠵᠠᠨᠠᠷ ᠤᠨ ᠵᠣᠬᠢᠶᠠᠯ ᠪᠦᠲᠦᠭᠡᠯ ᠤᠳ ᠪᠠᠶᠢᠭᠰᠠᠨ ᠪᠥᠭᠡᠳ ᠣᠨ ᠤᠳᠠᠵᠤ ᠦᠶ᠎ᠡ ᠰᠤᠨᠤᠭᠰᠠᠨ ᠤ ᠬᠠᠷᠠᠭ᠎ᠠ ᠬᠢᠭᠡᠳ ᠴᠠᠭ ᠲᠥᠷᠥ ᠶᠢᠨ ᠦᠢᠮᠡᠭᠡᠨ ᠠᠴᠠ ᠪᠣᠯᠵᠤ ᠭᠡᠭᠡᠭᠳᠡᠨ ᠰᠦᠢᠳᠦᠭᠰᠡᠨ ᠪᠠᠶᠢᠨ᠎ᠠ᠃ ᠭᠡᠰᠡᠨ ᠴᠦ ᠥᠨᠥᠳᠥᠷ ᠠᠷᠠᠳ ᠲᠦᠮᠡᠨ ᠤ ᠣᠢ ᠪᠢᠯᠢᠭ ᠲᠤ ᠭᠦᠨ ᠰᠢᠩᠭᠡᠭᠰᠡᠨ᠂ ᠦᠨ᠎ᠡ ᠴᠡᠨ᠎ᠡ ᠲᠠᠢ ᠬᠡᠳᠦᠨ ᠲᠦᠮᠡᠨ ᠦᠰᠦᠭ ᠤᠨ ᠣᠨᠢᠰᠤᠭ᠎ᠠ ᠰᠢᠯᠦᠭ ᠨᠢ ᠣᠯᠳᠠᠵᠤ᠂ ᠮᠣᠩᠭᠤᠯ ᠤᠷᠠᠨ ᠵᠣᠬᠢᠶᠠᠯ ᠤᠨ ᠲᠡᠦᠬᠡᠨ ᠳᠤ ᠥᠪᠡᠷ ᠤᠨ ᠥᠩᠭᠡ ᠭᠡᠷᠡᠯ ᠢᠶᠠᠨ ᠰᠠᠴᠤᠷᠠᠭᠤᠯᠤᠭᠰᠠᠭᠠᠷ ᠪᠠᠶᠢᠨ᠎ᠠ᠃      ᠦᠵᠦᠮᠦᠴᠢᠨ ᠨᠤᠲᠤᠭ ᠲᠤ ᠤᠳᠬ᠎ᠠ ᠰᠣᠶᠣᠯ ᠢ ᠳᠡᠯᠭᠡᠷᠡᠭᠦᠯᠬᠦ ᠲᠠᠯ᠎ᠠ ᠪᠠᠷ ᠴᠦ ᠲᠣᠶᠢᠩᠺᠠᠷ ᠪᠠᠭ᠎ᠠ ᠪᠤᠰᠤ ᠬᠦᠴᠦ ᠬᠥᠯᠥᠰᠦ ᠪᠠᠨ ᠵᠣᠷᠢᠭᠤᠯᠤᠭᠰᠠᠨ ᠶᠤᠮ᠃ ᠲᠡᠭᠦᠨ ᠤ ︽ᠰᠠᠶᠢᠨ ᠦᠭᠡᠰ ᠤᠨ ᠰᠤᠷᠭᠠᠯ︾᠂ ︽ᠬᠡᠦᠬᠡᠳ ᠤᠨ ᠰᠤᠷᠭᠠᠯ︾᠂ ᠣᠨᠢᠰᠤᠭ᠎ᠠ ᠲᠠᠭᠠᠪᠤᠷᠢ ᠵᠡᠷᠭᠡ ᠨᠢ ᠵᠠᠯᠠᠭᠤ ᠪᠠᠭᠠᠴᠤᠳ ᠤᠨ ᠣᠶᠣᠨ ᠤᠬᠠᠭᠠᠨ ᠢ ᠨᠢ ᠨᠡᠭᠡᠭᠡᠭᠳᠡᠭᠦᠯᠵᠦ᠂ ᠣᠢ ᠪᠢᠯᠢᠭ ᠢ ᠨᠢ  ᠰᠡᠩᠬᠡᠷᠡᠭᠦᠯᠬᠦ ᠰᠤᠷᠭᠠᠨ ᠬᠥᠮᠥᠵᠢᠯ ᠤᠨ ᠬᠡᠷᠡᠭᠴᠡᠭᠡ ᠱᠠᠭᠠᠷᠳᠠᠯᠭ᠎ᠠ ᠪᠠᠷ ᠪᠦᠲᠦᠭᠡᠭᠳᠡᠭᠰᠡᠨ ᠭᠡᠵᠤ ᠬᠡᠯᠡᠵᠦ ᠪᠣᠯᠣᠨ᠎ᠠ᠃ ᠲᠣᠶᠢᠩᠺᠠᠷ ᠤᠨ ᠰᠠᠨᠠᠭᠠᠴᠢᠯᠠᠭ᠎ᠠ ᠪᠠᠷ ᠰᠤᠳᠨᠠᠮᠷᠠᠪᠳᠠᠨ ᠴᠢᠨ ᠸᠠᠩ 1902 ᠣᠨ ᠳᠤ ᠪᠠᠷᠠᠭᠤᠨ ᠦᠵᠦᠮᠦᠴᠢᠨ ᠬᠤᠰᠢᠭᠤᠨ  ᠳᠤ ᠣᠷᠳᠣᠨ ᠤ ᠰᠤᠷᠭᠠᠭᠤᠯᠢ ᠶᠢ ᠡᠷᠬᠢᠯᠡᠨ ᠪᠠᠶᠢᠭᠤᠯᠤᠭᠰᠠᠨ ᠲᠡᠦᠬᠡ ᠲᠠᠢ᠃ ᠲᠤᠬᠠᠢ ᠶᠢᠨ ᠦᠶ᠎ᠡ ᠶᠢᠨ ᠣᠷᠳᠣᠨ ᠤ ᠰᠤᠷᠭᠠᠭᠤᠯᠢ᠂ ᠵᠡᠯᠡᠨ ᠤ ᠰᠤᠷᠭᠠᠭᠤᠯᠢ᠂ ᠭᠡᠷ ᠤᠨ ᠰᠤᠷᠭᠠᠭᠤᠯᠢ ᠨᠤᠭᠤᠳ ᠲᠤ ᠴᠥᠮ ᠲᠣᠶᠢᠩᠺᠠᠷ ᠤᠨ ᠵᠣᠬᠢᠶᠠᠯ ᠢᠶᠠᠷ ᠰᠤᠷᠬᠤ ᠪᠢᠴᠢᠭ ᠪᠤᠶᠤ ᠤᠩᠰᠢᠯᠭ᠎ᠠ ᠶᠢᠨ ᠨᠣᠮ ᠢᠶᠠᠨ ᠪᠣᠯᠭᠠᠵᠤ ᠪᠠᠶᠢᠭᠰᠠᠨ ᠪᠠᠶᠢᠨ᠎ᠠ᠃      ᠲᠣᠶᠢᠩᠺᠠᠷ ᠡᠩᠡ ᠨᠢᠭᠡ ᠨᠠᠰᠤᠨ ᠳᠠᠭᠠᠨ ᠡᠷᠬᠡ ᠰᠦᠷᠲᠡᠨ ᠢ ᠪᠢᠯᠳᠠᠤᠴᠢᠯᠠᠵᠤ᠂ ᠡᠭᠡᠯ ᠠᠷᠠᠳ ᠢ ᠳᠣᠷᠣᠮᠵᠢᠯᠠᠯ  ᠦᠭᠡᠢ᠂ ᠳᠠᠷᠤᠤ ᠬᠢᠴᠢᠶᠡᠩᠭᠦᠢ᠂ ᠲᠥᠪ ᠭᠤᠣᠯᠴᠢ᠂ ᠨᠤᠲᠤᠭ ᠤᠰᠤᠨ ᠳᠠᠭᠠᠨ ᠶᠡᠭᠡ ᠨᠡᠷ᠎ᠡ ᠬᠦᠨᠳᠦᠲᠡᠢ ᠶᠠᠪᠤᠭᠰᠠᠨ ᠠᠴᠠ ᠣᠳᠣ ᠴᠦ ᠪᠠᠷᠠᠭᠤᠨ ᠦᠵᠦᠮᠦᠴᠢᠨ ᠬᠤᠰᠢᠭᠤᠨ ᠳᠤ ︽ᠲᠣᠶᠢᠩᠺᠠᠷ ᠤᠨ ᠬᠤᠳᠳᠤᠭ︾᠂ ︽ᠲᠣᠶᠢᠩᠺᠠᠷ ᠤᠨ ᠳᠡᠷᠡᠰᠦ︾ ᠭᠡᠬᠦ ᠭᠠᠵᠠᠷ ᠤᠳ ᠲᠡᠭᠦᠨ ᠤ ᠠᠮᠢᠳᠤᠷᠠᠵᠤ ᠶᠠᠪᠤᠭᠰᠠᠨ ᠴᠠᠭ ᠦᠶ᠎ᠡ ᠶᠢᠨ ᠳᠤᠷᠠᠳᠬᠠᠯ ᠪᠣᠯᠵᠤ ᠨᠡᠷᠡᠰᠢᠨ ᠦᠯᠡᠳᠡᠭᠰᠡᠨ ᠪᠠᠶᠢᠨ᠎ᠠ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号