ᠨᠠᠳᠮᠢᠳ ᠵᠠᠩᠭᠢ
ᠨᠡᠶᠢᠲᠡᠯᠡᠭᠰᠡᠨ ᠴᠠᠭ᠄
2017/3/10
               ᠨᠠᠳᠮᠢᠳ ᠵᠠᠩᠭᠢ — ᠦᠵᠦᠮᠦᠴᠢᠨ ᠨᠤᠳᠤᠭ ᠤᠨ ᠮᠣᠩᠭᠤᠯ ᠣᠲᠠᠴᠢ       ᠨᠠᠳᠮᠢᠳ ᠪᠤᠯ ᠣᠣᠯ ᠤᠨ ᠰᠢᠯᠢ ᠶᠢᠨ ᠭᠤᠣᠯ ᠴᠢᠭᠤᠯᠭᠠᠨ ᠤ ᠦᠵᠦᠮᠦᠴᠢᠨ ᠪᠠᠷᠠᠭᠤᠨ ᠬᠤᠰᠢᠭᠤᠨ ᠤ ᠰᠢᠷᠠᠨᠤᠳ ᠵᠠᠯᠠᠨ ᠤ ᠬᠠᠷᠢᠶᠠᠳᠦ ᠰᠢᠷᠠᠨᠣᠳ ᠰᠣᠮᠣᠨ ᠤ ᠲᠠᠩᠭᠤᠳ ᠤᠨ ᠪᠠᠭ᠎ᠠ ᠬᠦᠦ ᠪᠣᠯᠣᠨ᠎ᠠ᠃ ᠣᠣᠯ ᠳᠠᠭᠠᠨ ᠰᠢᠷᠠᠨᠤᠳ ᠰᠣᠮᠣᠨ ᠤ ᠵᠠᠩᠭᠢ ᠶᠠᠪᠣᠭᠰᠠᠨ ᠪᠦᠭᠡᠳ ᠷᠣᠯᠭᠠᠷ ᠲᠣᠰᠠᠯᠠᠭᠴᠢ ᠪᠠ ᠠᠬ᠎ᠠ ᠬᠠᠯᠵᠠᠨᠬᠦᠦ ᠳ᠋ᠠ ᠯᠠᠮ᠎ᠠ ︵1895 —1958︶ ᠠᠴᠠ ᠪᠠᠨ ᠮᠣᠩᠭᠤᠯ ᠡᠮ ᠰᠣᠷᠴᠦ ᠬᠦᠳᠡᠭᠡ ᠶᠢᠨ ᠲᠤᠭ᠎ᠠ ᠲᠠᠢ ᠬᠡᠳᠦᠭᠡᠨ ᠬᠠᠷᠠᠴᠣᠣᠯ ᠡᠮᠴᠢ ᠶᠢᠨ ᠨᠢᠭᠡᠨ ᠪᠠᠶᠢᠭᠰᠠᠨ ᠪᠦᠭᠡᠳ ᠦᠵᠦᠮᠦᠴᠢᠨ ᠤ ᠲᠦᠷᠪᠡᠨ ᠦᠨᠳᠦᠷ  ᠪᠠᠶᠠᠨᠲᠠᠨ ᠤ ᠨᠢᠭᠡ ᠨᠢ ᠪᠠᠶᠢᠵᠣ᠂ ︽ᠦᠨᠳᠦᠷ ᠨᠠᠶᠢᠳᠠᠢ︾ ᠬᠡᠮᠡᠨ ᠠᠯᠳᠠᠷᠰᠢᠵᠠᠢ᠃       ᠨᠠᠳᠮᠢᠳ ᠲᠠᠪᠢᠭᠠᠳ ᠣᠨ ᠳᠤ᠂ ᠬᠤᠰᠢᠭᠤ ᠠᠶᠢᠮᠠᠭ ᠤᠨ ᠠᠷᠠᠳ ᠤᠨ ᠲᠦᠯᠦᠭᠡᠯᠡᠭᠴᠢ ᠪᠠ ᠣᠯᠣᠰ ᠲᠦᠷᠦ   ᠶᠢᠨ ᠵᠦᠪᠯᠡᠯᠭᠡᠨ ᠤ ᠬᠡᠰᠢᠭᠦᠨ ᠢᠶᠠᠷ ᠰᠣᠩᠭᠤᠭᠳᠠᠵᠣ᠂ ᠣᠷᠣᠨ ᠤ ᠲᠣᠳᠣᠭᠠᠳᠦ ᠭᠠᠳᠠᠭᠠᠳᠦ ᠪᠠᠷ ᠲᠣᠭᠤᠷᠢᠨ ᠦᠵᠡᠵᠣ ᠦᠩᠭᠡᠷᠡᠪᠡ᠃       ᠨᠠᠳᠮᠢᠳ ᠪᠤᠯᠤᠨ ᠲᠡᠭᠦᠨ ᠤ ᠡᠬᠡᠨᠡᠷ ᠴᠡᠴᠡᠭ ︵ᠲᠦᠮᠡᠨ ᠪᠠᠭᠠᠷᠢᠨ ᠤ ᠬᠡᠤᠬᠡᠨ︶ ᠠᠴᠠ ᠠᠷᠪᠠᠨ ᠲᠤᠯᠤᠭᠠᠨ ᠬᠡᠣᠬᠡᠳ ᠭᠠᠷᠴᠦ ᠶᠢᠰᠣ ᠨᠢ ᠬᠦᠮᠦᠨ ᠤ ᠬᠤᠷᠸ᠎ᠠ ᠳᠤ ᠣᠶᠢᠮᠣᠰᠣ ᠡᠯᠡᠭᠡᠵᠡᠢ᠃ ᠡᠨᠡ ᠠᠷᠪᠠᠨ ᠲᠤᠯᠤᠭ᠎ᠠ ᠶᠢᠨ ᠬᠤᠶᠠᠳᠣᠭᠠᠷ  ᠨᠢ ᠪᠣᠯᠬᠤ ᠨᠠᠮᠵᠢᠯᠰᠡᠩᠭᠡ ᠭᠡᠭᠴᠢ ᠣᠯᠠᠨ ᠵᠢᠯ ᠠᠳᠣᠭᠤ ᠬᠠᠷᠢᠭᠤᠯᠣᠭᠰᠠᠨ ᠨᠡᠷᠡᠳᠦ ᠭᠠᠯᠢ ᠶᠠᠪᠣᠪᠠ᠃ ᠲᠡᠭᠦᠨ ᠤ ᠲᠡᠭᠦᠦ ᠪᠠᠶᠠᠨᠪᠠᠳᠦ ᠣᠳᠣ ᠣᠯᠣᠰ ᠤᠨ ᠪᠠᠭᠰᠢ ᠶᠢᠨ ᠠᠯᠪᠠᠨ᠎ᠠ ᠵᠢᠳᠬᠦᠵᠣ ᠶᠠᠪᠣᠭ᠎ᠠ᠂ ᠨᠠᠮᠵᠢᠯᠰᠡᠩᠭᠡ ᠶᠢᠨ ᠬᠦᠪᠡᠭᠦᠨ ᠡᠷᠬᠢᠮᠪᠠᠳᠦ ᠨᠠᠷ ᠤᠨ ᠬᠡᠳᠣᠨ ᠭᠡᠷ ᠠᠶᠢᠯ ᠤᠳ ᠣᠳᠣ ᠵᠠᠭᠦᠨ ᠦᠵᠦᠮᠦᠴᠢᠨ ᠬᠤᠰᠢᠭᠤᠨ ᠤ ᠣᠯᠢᠶᠠᠰᠣᠳᠠᠢ ᠪᠠᠯᠭᠠᠰᠣ ᠶᠢᠨ ᠲᠤᠯᠠᠭᠠᠨ ᠭᠠᠴᠠᠭᠠᠨ ᠳᠤ ᠪᠠᠶᠢᠨ᠎ᠠ᠃      ᠦᠵᠦᠮᠦᠴᠢᠨ ᠨᠣᠳᠤᠭ ᠤᠨ ᠮᠠᠯᠴᠢᠨ ᠡᠷᠳᠡᠮᠳᠡᠨ ᠦ᠊ ·ᠲᠠᠮᠷᠢᠨ ᠠᠪᠣᠭᠠᠢ ᠶᠢᠨ ︽ᠦᠵᠦᠮᠦᠴᠢᠨ ᠠᠷᠠᠳ ᠤᠨ ᠰᠣᠶᠣᠯ ᠤᠨ ᠣᠪᠣᠭ᠎ᠠ︾ ᠶᠢ ᠦᠨᠳᠦᠰᠦᠯᠡᠪᠡᠯ᠂ ᠦᠩᠭᠡᠷᠡᠭᠴᠢ ᠵᠠᠭᠤᠨ ᠤ ᠲᠦᠴᠢᠭᠡᠳ ᠣᠨ ᠤ ᠨᠠᠭᠠᠭᠤᠷ ᠴᠠᠭᠠᠭᠤᠷ ᠦᠵᠦᠮᠦᠴᠢᠨ ᠪᠠᠷᠠᠭᠤᠨ ᠬᠤᠰᠢᠭᠤᠨ ᠤ ᠲᠤᠯᠤᠭᠠᠳ ᠤᠨ ᠭᠤᠪᠢ ᠪᠠᠷ ᠨᠣᠳᠤᠭ ᠲᠠᠢ ᠨᠠᠳᠮᠢᠳ ᠵᠠᠩᠭᠢ ᠠᠨᠠᠭᠠᠬᠤ ᠣᠬᠠᠭᠠᠨ  ᠤ ᠲᠦᠷᠪᠡᠨ ᠦᠨᠳᠦᠰᠤ ᠶᠢ ᠬᠦᠨᠳᠦᠳᠬᠡᠨ ᠰᠣᠷᠣᠭᠠᠳ᠂ ᠬᠦᠮᠦᠨ ᠠᠷᠠᠳ ᠤᠨ ᠢᠶᠠᠨ ᠡᠪᠡᠳᠴᠢᠨ ᠵᠤᠪᠠᠯᠠᠩ ᠢ ᠡᠮᠨᠡᠨ ᠠᠨᠠᠭᠠᠵᠤ ᠪᠠᠶᠢᠭᠰᠠᠨ ᠪᠠᠳᠣᠳᠠᠢ ᠮᠡᠳᠡᠭᠡ ᠪᠣᠢ ᠭᠡᠵᠡᠢ᠃      ︽ᠦᠵᠦᠮᠦᠴᠢᠨ ᠨᠣᠳᠤᠭ ᠤᠨ ᠮᠤᠩᠭᠤᠯ ᠣᠳᠠᠴᠢ ᠤᠳ︾      ᠷᠠ᠊᠂ ᠳᠠᠶᠢᠴᠢᠨᠬᠦᠦ᠂ ᠪᠠᠶᠠᠷᠳᠦ ᠡᠮᠬᠢᠳᠬᠡᠨ ᠨᠠᠶᠢᠷᠠᠭᠤᠯᠪᠠ      
 
ᠢᠷᠡᠯᠲᠡ᠄ ︽ᠦᠵᠦᠮᠦᠴᠢᠨ ᠨᠣᠳᠤᠭ ᠤᠨ ᠮᠤᠩᠭᠤᠯ ᠣᠳᠠᠴᠢ ᠤᠳ︾
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号