ᠦᠵᠦᠮᠦᠴᠢᠨ ᠠᠩ ᠤᠨ ᠲᠤᠶᠢᠮᠣ
ᠨᠡᠶᠢᠲᠡᠯᠡᠭᠰᠡᠨ ᠴᠠᠭ᠄
2018/8/3
                         ᠦᠵᠦᠮᠦᠴᠢᠨ ᠠᠩ ᠤᠨ ᠲᠤᠶᠢᠮᠣ     ᠠᠩ ᠠᠩᠨᠠᠯ ᠤᠨ ᠠᠵᠤ ᠠᠬᠤᠢ ᠪᠣᠯ ᠮᠣᠩᠭᠤᠯ ᠤᠨ ᠡᠷᠲᠡᠨ ᠤ ᠤᠯᠠᠮᠵᠢᠯᠠᠯᠳᠤ ᠠᠵᠤ ᠠᠬᠤᠢ ᠶᠢᠨ ᠴᠢᠬᠤᠯᠠ ᠪᠦᠷᠢᠯᠳᠤᠭᠦᠨ ᠭᠡᠰᠡᠭ᠃ ᠮᠣᠩᠭᠤᠯᠴᠤᠳ ᠮᠠᠯ ᠠᠵᠤ ᠠᠬᠤᠢ ᠡᠷᠬᠢᠯᠡᠬᠦ ᠶᠢᠨ ᠬᠠᠮᠳᠤ ᠠᠩ ᠠᠩᠨᠠᠭᠤᠷ ᠤᠨ ᠠᠵᠤ ᠠᠬᠤᠢ ᠶᠢ ᠠᠯᠢ ᠡᠷᠲᠡ ᠠᠴᠠ ᠪᠠᠨ ᠳᠠᠰᠤᠷᠠᠯᠳᠠ ᠦᠭᠡᠢ ᠡᠵᠡᠩᠨᠡᠵᠦ ᠢᠷᠡᠭᠰᠡᠨ ᠶᠤᠮ᠃ᠮᠣᠩᠭᠤᠯᠴᠤᠳ ᠤᠨ ᠠᠩ ᠬᠤᠮᠤᠷᠭ᠎ᠠ ᠭᠡᠳᠡᠭ ᠠᠵᠤ ᠠᠬᠤᠢ ᠶᠢᠨ ᠠᠷᠭ᠎ᠠ ᠪᠠᠷᠢᠯ᠂ ᠠᠮᠢᠳᠤᠷᠠᠯ ᠤᠨ ᠵᠠᠩ ᠦᠢᠯᠡ ᠶᠢ ︽ᠮᠣᠩᠭᠤᠯ ᠤᠨ ᠨᠢᠭᠤᠴᠠ ᠳᠤᠪᠴᠢᠶᠠᠨ︾ ᠳᠤ ᠡᠬᠢᠯᠡᠬᠦ ᠠᠴᠠ ᠳᠡᠭᠦᠰᠳᠡᠯ᠎ᠡ ᠮᠠᠰᠢ ᠤᠯᠠᠨ ᠳᠡᠮᠳᠡᠭᠯᠡᠭᠰᠡᠨ ᠪᠠᠶᠢᠳᠠᠭ᠃ ᠡᠨᠡ ᠠᠷᠭ᠎ᠠ ᠪᠠᠷᠢᠯ ᠵᠠᠩ ᠦᠢᠯᠡ ᠶᠢ ᠮᠣᠩᠭᠤᠯᠴᠤᠳ᠂ ᠠᠮᠢᠳᠤᠷᠠᠯ ᠦᠢᠯᠡᠳᠪᠦᠷᠢᠯᠡᠯ ᠤᠨ ᠶᠠᠪᠤᠴᠠ ᠳᠤᠮᠳᠠ ᠪᠠᠨ ᠥᠶ᠎ᠡ ᠤᠯᠠᠷᠢᠨ ᠬᠠᠳᠠᠭᠠᠯᠠᠵᠤ ᠢᠷᠡᠭᠰᠡᠨ ᠤ ᠬᠠᠮᠳᠤ ᠳᠠᠰᠤᠷᠠᠯᠳᠠ ᠦᠭᠡᠢ ᠬᠦᠭᠵᠢᠬᠦᠯᠵᠦ ᠢᠷᠡᠵᠡᠢ᠃     ᠮᠣᠩᠭᠤᠯ ᠤᠨ ᠠᠩ ᠠᠩᠨᠠᠯ ᠤᠨ ᠠᠵᠤ ᠠᠬᠤᠢ᠂ ᠦᠵᠦᠮᠦᠴᠢᠨ ᠮᠣᠩᠭᠤᠯᠴᠤᠳ ᠤᠨ ᠳᠤᠮᠳᠠ ᠨᠡᠩ ᠶᠡᠭᠡ ᠪᠠᠷ ᠪᠠᠷᠢᠮᠳᠠᠯᠠᠭᠳᠠᠵᠣ᠂ ᠦᠪᠡᠷ ᠤᠨ ᠣᠨᠴᠠ ᠬᠡᠪ ᠨᠠᠮᠪᠠ ᠲᠠᠢ ︽ᠦᠵᠦᠮᠦᠴᠢᠨ ᠠᠩ︾ ᠤᠨ ᠬᠡᠯᠪᠡᠷᠢ ᠶᠢ ᠪᠤᠢ ᠪᠤᠯᠭᠠᠵᠠᠢ ᠦᠵᠦᠮᠦᠴᠢᠨ ᠤ ᠤᠯᠠᠮᠵᠢᠯᠠᠯᠳᠤ ᠠᠩ ᠠᠩᠨᠠᠯ ᠤᠨ ᠦᠢᠯᠡᠰ ᠭᠤᠤᠯᠳᠠᠭᠤ ᠬᠤᠶᠠᠷ ᠳᠦᠷᠦᠯ ᠳᠤ ᠬᠤᠪᠢᠶᠠᠭᠳᠠᠨ ᠶᠠᠪᠤᠭᠳᠠᠨ᠎ᠠ᠃ ᠨᠢᠭᠡ ᠨᠢ ︽ᠫᠣᠣ ᠶᠢᠨ ᠠᠩ︾᠂ ᠨᠦᠭᠦᠭᠡ ᠨᠢ ︽ᠨᠣᠬᠠᠢ ᠶᠢᠨ ᠠᠩ︾ ᠪᠣᠯᠤᠨ᠎ᠠ᠃    ᠦᠵᠦᠮᠦᠴᠢᠨ ᠤ ᠬᠤᠶᠠᠷ ᠵᠦᠢᠯ ᠤᠨ ᠠᠩ ᠠᠩᠨᠠᠯ ᠤᠨ ᠦᠢᠯᠡᠰ ᠤᠨ ᠥᠷᠭᠡᠴᠡ ᠪᠠ ᠭᠦᠨᠴᠡ ᠨᠢ ᠳᠤᠩ ᠶᠡᠭᠡ ᠭᠥᠭᠵᠢᠵᠡᠢ᠃ ᠡᠶᠢᠮᠦ ᠠᠴᠠ ᠠᠩ ᠠᠩᠨᠠᠯ ᠨᠢ ᠲᠡᠳᠡᠨ ᠤ ᠮᠠᠯ ᠠᠵᠤ ᠠᠬᠤᠢ ᠶᠢᠨ ᠦᠢᠯᠡᠳᠪᠤᠷᠢᠯᠡᠯ ᠢ ᠭᠠᠷᠭᠠᠪᠠᠯ᠂ ᠳᠡᠳ᠋ᠯᠡᠬᠦ ᠪᠠᠶᠢᠷᠢ ᠲᠠᠢ ᠳᠤᠮᠤ ᠠᠵᠤ ᠠᠬᠤᠢ ᠪᠠᠶᠢᠵᠦ᠂ ᠳᠡᠤᠬᠡᠨ ᠳᠡᠭᠡᠷ᠎ᠡ ᠠᠩ ᠭᠦᠷᠦᠭᠡ ᠶᠢᠨ ᠣᠷᠤᠯᠭ᠎ᠠ ᠨᠢ ᠦᠵᠦᠮᠦᠴᠢᠨ ᠤ ᠦᠢᠯᠡᠳᠪᠤᠷᠢᠯᠡᠯ ᠠᠮᠢᠳᠤᠷᠠᠯ ᠤᠨ ᠦᠢᠯᠡᠰ ᠲᠤ ᠴᠢᠬᠤᠯᠠ ᠦᠢᠯᠡᠳᠦᠯ ᠭᠠᠷᠭᠠᠵᠦ ᠢᠷᠡᠵᠡᠢ᠃    ᠦᠵᠦᠮᠦᠴᠢᠨ ᠤ ᠫᠤᠤ ᠶᠢᠨ ᠠᠩ ᠳᠤ ᠡᠷᠡᠭᠳᠡᠶᠢᠴᠦᠳ ᠤᠯᠠᠩᠬᠢ ᠳᠠᠭᠠᠨ ᠪᠦᠷ ᠫᠣᠣ ᠪᠠᠷᠢᠵᠦ ᠠᠩ ᠬᠢᠵᠦ ᠴᠢᠳᠠᠳᠠᠭ᠃ ᠡᠷᠡᠭᠳᠡᠶᠢᠴᠦᠳ ᠤᠨ ᠳᠤᠳᠤᠷ᠎ᠠ ᠪᠠᠰᠠ ᠳᠤᠰᠠᠬᠠᠶᠢᠯᠠᠨ ᠠᠩ ᠭᠦᠷᠦᠭᠡ ᠬᠢᠳᠡᠭ ︽ᠮᠡᠷᠭᠡᠨ ᠫᠤᠤᠴᠢ︾ ᠳᠡᠤᠬᠡᠨ ᠠᠴᠠ ᠪᠠᠨ ᠥᠶ᠎ᠡ ᠥᠶ᠎ᠡ ᠭᠠᠷᠴᠤ ᠪᠠᠶᠢᠵᠠᠢ᠃  ᠲᠡᠳᠡᠨ ᠤ ᠫᠣᠣ ᠨᠢ ᠡᠷᠲᠡᠨ ᠳᠡᠭᠡᠨ ᠪᠦᠷ ︽ᠭᠠᠯ ᠫᠣᠣ︾ ᠪᠠᠶᠢᠭᠰᠠᠨ ᠪᠠᠶᠢᠨ᠎ᠠ᠃ ᠭᠠᠯ ᠫᠣᠣ ᠶᠢ ᠬᠡᠷᠡᠭᠯᠡᠭᠡᠳ ᠳᠡᠳ᠋ᠨ ᠪᠠᠷᠤᠭ ᠭᠡᠳᠦᠨ ᠵᠠᠭᠤᠨ ᠵᠢᠯ ᠪᠣᠯᠵᠠᠢ᠃ ᠦᠵᠦᠮᠦᠴᠢᠨ ᠪᠠᠷᠠᠭᠤᠨ ᠭᠠᠷᠤᠨ ᠬᠤᠰᠢᠭᠤᠨ ᠤ ︽ᠢᠨᠵᠠᠭᠠᠨ ᠰᠦᠮ᠎ᠡ︾ ᠳᠤ ᠨᠢᠭᠡ ᠪᠢᠳᠡᠭᠦᠦ ᠪᠠᠷ ᠨᠢ ᠦᠪᠴᠢᠭᠰᠡᠨ ᠰᠢᠳᠤᠯᠠᠩ ᠪᠠᠷᠰ ᠤᠨ ᠠᠷᠠᠰᠤ ︵1966 ᠣᠨ ᠤ ᠰᠤᠶᠤᠯ ᠤᠨ ᠬᠤᠪᠢᠰᠬᠠᠯ ᠳᠤ ᠬᠦᠷᠳᠡᠯ᠎ᠡ ᠪᠠᠶᠢᠪᠠ︶ ᠪᠠᠶᠢᠵᠠᠢ᠃ ᠲᠡᠭᠦᠨ ᠤ ᠳᠤᠳᠤᠷ᠎ᠠ ᠨᠢ ᠡᠪᠡᠰᠦ ᠴᠢᠬᠢᠭᠡᠳ ᠲᠠᠯᠪᠢᠴᠢᠭᠰᠠᠨ ᠨᠢ ᠶᠠᠭ ᠠᠮᠢᠳᠤ ᠶᠤᠮ ᠰᠢᠭ᠋᠃ ᠲᠡᠷᠡ ᠠᠷᠠᠰᠤ ᠶᠢ ᠢᠨᠵᠠᠭᠠᠨ ᠰᠦᠮ᠎ᠡ ᠳᠤ ᠵᠢᠯ ᠪᠦᠷᠢ ᠶᠢᠨ ᠪᠢᠯᠢᠭ ᠤᠨ ᠤᠯᠠᠷᠢᠯ ᠤᠨ 10 ᠰᠠᠷ᠎ᠠ ᠶᠢᠨ 25 ᠤ ᠡᠳᠦᠷ ᠮᠠᠬᠠᠺᠠᠯᠠ ᠪᠤᠷᠬᠠᠨ ᠢ ᠲᠠᠬᠢᠬᠤ ᠵᠤᠯᠠ ᠶᠢᠨ ᠬᠤᠷᠠᠯ ᠳᠡᠭᠡᠷ᠎ᠡ ᠭᠠᠷᠭᠠᠵᠦ ᠦᠵᠡᠬᠦᠯᠵᠦ ᠲᠠᠬᠢᠳᠠᠭ ᠪᠠᠶᠢᠪᠠ᠃    ᠲᠡᠷᠡ ᠠᠷᠠᠰᠤᠨ ᠳᠤ ᠫᠣᠤ ᠶᠢᠨ ᠰᠤᠮᠤ ᠨᠡᠪᠳᠡᠷᠡᠭᠰᠡᠨ ᠨᠦᠬᠡ ᠲᠠᠢ᠂ ᠲᠡᠭᠦᠨ ᠤ ᠳᠡᠷᠭᠡᠳᠡ ᠪᠠᠰᠠ ᠨᠢᠭᠡ ᠭᠠᠯ ᠫᠣᠣ ᠶᠢ ᠲᠠᠯᠪᠢᠵᠤ ᠰᠢᠳᠦᠳᠡᠭ᠃ ᠡᠨᠡ ᠪᠠᠷᠰ ᠤᠨ ᠠᠷᠠᠰᠤ ᠪᠣᠯ 18 ᠳ᠋ᠤᠭᠠᠷ ᠵᠠᠭᠤᠨ ᠤ ᠦᠵᠦᠮᠦᠴᠢᠨ ᠤ ᠡᠮᠦᠨ᠎ᠡ ᠬᠢᠩᠭ᠎ᠠ ᠶᠢᠨ ᠪᠤᠷᠤᠰᠤ ᠪᠡᠶ᠎ᠡ ᠶᠢᠨ ᠭᠠᠷᠠᠮ᠎ᠠ ᠭᠡᠰᠡᠨ ᠡᠪᠦᠭᠡᠨ ᠠᠩᠴᠢᠨ ᠨᠠᠪᠳᠠᠭᠤᠯ ᠭᠡᠰᠡᠨ ᠭᠠᠵᠠᠷ ᠠᠴᠠ ᠫᠤᠤᠳᠠᠵᠦ ᠠᠯᠠᠭᠠᠳ ᠠᠷᠠᠰᠤ ᠫᠤᠤ ᠬᠤᠶᠠᠷ ᠢᠶᠠᠨ ᠢᠨᠵᠠᠭᠠᠨ ᠰᠦᠮ᠎ᠡ ᠳᠤ ᠡᠷᠭᠦᠵᠠᠢ᠃      ᠦᠵᠦᠮᠦᠴᠢᠨ ᠳᠤ ᠪᠠᠷᠰ ᠠᠯᠠᠭᠰᠠᠨ ᠶᠠᠪᠤᠳᠠᠯ ᠪᠣᠯ ᠭᠡᠨᠡᠳᠲᠡ ᠪᠠᠷ ᠲᠤᠬᠢᠶᠠᠯᠳᠤᠳᠠᠭ ᠬᠡᠷᠡᠭ᠃ ᠦᠵᠦᠮᠦᠴᠢᠨ ᠤ ᠳᠡᠤᠬᠡᠨ ᠳᠤ ᠭᠠᠷᠡᠮ᠎ᠠ ᠨᠤᠶᠢᠷᠤᠪ ᠴᠠᠭᠠᠨᠵᠠᠭᠠᠨ ᠭᠤᠷᠪᠠ ᠪᠠᠷᠰ ᠠᠯᠠᠵᠦ ᠥᠩᠭᠡᠷᠡᠵᠡᠢ᠃ ᠳᠡᠭᠦᠨ ᠤ ᠳᠦᠷᠦᠭᠦᠤ ᠬᠤᠶᠠᠷ ᠨᠢ ᠪᠦᠷ ᠫᠤᠤ ᠪᠠᠷ ᠠᠯᠠᠭᠰᠠᠨ ᠪᠠᠶᠢᠵᠠᠢ᠃ ᠪᠠᠷᠰ ᠪᠣᠯ ᠡᠷᠲᠡᠨ ᠠᠴᠠ ᠪᠠᠨ ᠠᠯᠠᠬᠤ ᠳᠤ ᠴᠡᠭᠡᠷ  ᠲᠠᠢ ᠲᠠᠷᠬᠠᠨ ᠴᠠᠭᠠᠵᠠ ᠲᠠᠢ ᠠᠮᠢᠳᠠᠨ᠂ ᠳᠡᠲᠡᠨ ᠤ ᠪᠠᠷᠰ ᠠᠯᠠᠭᠰᠠᠨ ᠨᠢ ᠪᠦᠷ ᠭᠡᠨᠡᠳᠲᠡ ᠶᠢᠨ ᠬᠡᠷᠡᠭ᠂ ᠪᠠᠴᠢᠮ ᠲᠤᠬᠢᠶᠠᠯᠳᠤᠭᠰᠠᠨ ᠤᠴᠢᠷ ᠪᠠᠶᠢᠪᠠ᠃ ᠡᠶᠢᠮᠦ ᠠᠴᠠ ᠠᠩᠨᠠᠭᠰᠠᠨ ᠤ ᠳᠠᠷᠠᠭ᠎ᠠ ᠠᠷᠠᠰᠤ ᠪᠠ ᠫᠤᠤ ᠪᠠᠨ ᠰᠦᠮ᠎ᠡ ᠪᠤᠷᠬᠠᠨ ᠳᠤ ᠡᠷᠭᠦᠭᠰᠡᠨ ᠪᠠᠶᠢᠵᠠᠢ᠃     ᠭᠡᠪᠡᠴᠦ ᠦᠵᠦᠮᠦᠴᠢᠨ ᠳᠤ ᠫᠣᠣ ᠪᠠᠷ ᠪᠠᠷᠰ ᠬᠦᠷᠳᠡᠯ᠎ᠡ ᠠᠯᠠᠵᠦ ᠪᠠᠶᠢᠭᠰᠠᠨ ᠨᠢ ᠦᠵᠦᠮᠦᠴᠢᠨ ᠤ ᠫᠣᠣ ᠶᠢᠨ ᠠᠩ ᠤᠨ ᠬᠦᠭᠵᠢᠯᠳᠡ ᠠᠯᠢ ᠡᠷᠲᠡ ᠲᠤᠩ ᠶᠡᠭᠡ ᠬᠦᠭᠵᠢᠭᠰᠡᠨ ᠢ ᠬᠠᠷᠠᠭᠤᠯᠳᠠᠭ᠃      ᠦᠵᠦᠮᠦᠴᠢᠨ ᠤ ᠫᠣᠤ ᠶᠢᠨ ᠠᠩ ᠢ ᠭᠤᠤᠯᠳᠠᠭᠤ ᠴᠢᠨ᠋ᠸ᠎ᠠ ᠠᠯᠠᠬᠤ᠂  ᠪᠤᠭᠤ ᠠᠯᠠᠬᠤ᠂ ᠭᠦᠷᠦᠭᠡᠰᠤ ᠠᠯᠠᠬᠤ᠂ ᠴᠠᠭᠠᠨ ᠵᠡᠭᠡᠷ᠎ᠡ ᠠᠯᠠᠬᠤ᠂ ᠬᠡᠭᠡᠷ᠎ᠡ ᠶᠢᠨ ᠭᠠᠭ᠋ᠠᠢ ᠠᠯᠠᠬᠤ᠂ ᠲᠠᠷᠪᠠᠭ᠎ᠠ ᠠᠯᠠᠬᠤ ᠳᠤ ᠵᠣᠷᠢᠭᠤᠯᠵᠦ ᠬᠢᠳᠡᠭ᠃ ᠡᠨᠡ ᠨᠢ ᠪᠦᠷ ᠠᠩ ᠠᠩᠨᠠᠯ ᠤᠨ ᠦᠢᠯᠡᠳᠪᠤᠷᠢᠯᠡᠯ ᠤᠨ ᠴᠢᠨᠠᠷ ᠲᠠᠢ ᠠᠵᠢᠯᠯᠠᠭ᠎ᠠ  ᠶᠤᠮ᠃      ᠦᠵᠦᠮᠦᠴᠢᠨ ᠤ ᠨᠤᠬᠠᠢ  ᠶᠢᠨ ᠠᠩ ᠪᠣᠯ ᠨᠡᠶᠢᠳᠡᠮ ᠤᠨ ᠴᠢᠨᠠᠷ ᠲᠠᠢ᠂ ᠲᠣᠩ ᠦᠷᠭᠡᠨ ᠬᠡᠮᠵᠢᠶ᠎ᠡ ᠪᠠᠷ ᠬᠢᠳᠡᠭ ᠨᠡᠶᠢᠭᠡᠮ ᠤᠨ ᠠᠩ ᠠᠩᠨᠠᠯ ᠤᠨ ᠠᠵᠢᠯᠯᠠᠭ᠎ᠠ ᠶᠤᠮ᠃ ᠦᠵᠦᠮᠦᠴᠢᠨ ᠤ ᠡᠷᠡᠭᠳᠡᠢ ᠭᠡᠤᠭᠡᠳ 7- 8 ᠨᠠᠰᠤ ᠬᠦᠷᠴᠦ᠂ ᠮᠤᠷᠢ ᠤᠨᠤᠵᠤ ᠰᠤᠷᠤᠭᠰᠠᠭᠠᠷ ᠠᠬᠠᠮᠠᠳ ᠢᠶᠠᠨ ᠳᠠᠭᠠᠵᠦ ᠨᠤᠬᠠᠢ ᠳᠠᠭᠠᠭᠤᠯᠵᠦ ᠠᠩ ᠭᠦᠷᠦᠭᠡ ᠬᠢᠵᠦ ᠡᠬᠢᠯᠡᠳᠡᠭ᠃      ᠨᠤᠬᠠᠢ ᠶᠢᠨ ᠠᠩ ᠢ ᠭᠤᠤᠯᠳᠠᠭᠤ ᠨᠤᠬᠠᠢ ᠶᠢᠨ ᠴᠢᠳᠠᠪᠬᠢ ᠤᠨᠴᠠᠯᠢᠭ ᠠᠴᠠ ᠪᠣᠯᠵᠦ᠂ ᠴᠢᠨ᠋ᠸ᠎ᠠ ᠠᠯᠠᠬᠤ᠂ ᠦᠨᠡᠭᠡ ᠠᠯᠠᠬᠤ᠂ ᠭᠠᠭ᠋ᠠᠢ ᠠᠯᠠᠬᠤ᠂ ᠮᠠᠩᠭᠢᠰᠤ ᠠᠯᠠᠬᠤ᠂ ᠬᠢᠷᠰᠠ ᠱᠠᠬᠠᠷ ᠠᠯᠠᠬᠤ᠂ ᠡᠯᠪᠡᠩᠭᠦ ᠠᠯᠠᠬᠤ᠂ ᠱᠦᠯᠦᠭᠦᠰᠦᠤ ᠠᠯᠠᠬᠤ ᠳᠤ ᠭᠤᠣᠯ ᠪᠤᠯᠭᠠᠵᠦ ᠬᠢᠳᠡᠭ᠃
 
ᠢᠷᠡᠯᠲᠡ᠄ ᠦᠵᠦᠮᠦᠴᠢᠨ ᠠᠶᠢᠮᠠᠭ ᠭᠣ᠂ ᠷᠠᠭᠸ᠎ᠠ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号