ᠦᠵᠦᠮᠦᠴᠢᠨ ᠤ ᠡᠯᠳᠡᠩᠭᠡ ᠪᠠᠭᠰᠢ
ᠨᠡᠶᠢᠲᠡᠯᠡᠭᠰᠡᠨ ᠴᠠᠭ᠄
2018/9/4
                      ᠦᠵᠦᠮᠦᠴᠢᠨ ᠤ ᠡᠯᠳᠡᠩᠭᠡ ᠪᠠᠭᠰᠢ        ᠦᠵᠦᠮᠦᠴᠢᠨ ᠤ ᠡᠯᠳᠡᠩᠭᠡ ᠪᠠᠭᠰᠢ ᠶᠢ ︽ᠡᠯᠳᠥᠩᠭᠡ︾ ᠭᠡᠵᠦ ᠳᠡᠮᠳᠡᠭᠯᠡᠭᠰᠡᠨ ᠪᠠᠰᠠ ᠪᠠᠶᠢᠳᠠᠭ᠃ 15 ᠳ᠋ᠤᠭᠠᠷ ᠵᠠᠭᠤᠨ ᠤ ᠰᠡᠭᠦᠯᠴᠢ ᠶᠢᠨ ᠦᠶ᠎ᠡ ᠳᠤ ᠠᠮᠢᠳᠤᠷᠠᠵᠦ ᠪᠠᠶᠢᠭᠰᠠᠨ ᠬᠦᠮᠦᠨ ᠪᠤᠯᠤᠨ᠎ᠠ᠃      ᠡᠯᠳᠡᠩᠭᠡ ᠪᠠᠭᠰᠢ ᠲᠤᠬᠠᠢ ᠶᠢᠨ ᠦᠶ᠎ᠡ ᠳᠤ ᠮᠣᠩᠭᠤᠯ ᠤᠨ ᠠᠯᠳᠠᠷᠳᠤ ᠬᠠᠭᠠᠨ —  ᠪᠠᠳᠤᠮᠦ᠋ᠩᠬᠡ ᠲᠠᠶᠠᠨ ᠬᠠᠭᠠᠨ ᠢ ᠳᠠᠭᠠᠵᠦ᠂ ᠮᠣᠩᠭᠤᠯ ᠢ ᠨᠢᠭᠡᠳᠬᠡᠬᠦ ᠶᠡᠭᠡ ᠲᠠᠶᠢᠨ ᠳᠤ ᠤᠷᠤᠯᠴᠠᠵᠦ᠂ ᠳᠠᠶᠢᠨ ᠤ ᠳᠤᠮᠳᠠ ᠲᠠᠶᠠᠨ ᠬᠠᠭᠠᠨ ᠳᠤ ︽ᠢᠷᠸ᠎ᠠ ᠦᠵᠡᠭᠡᠴᠢ︾ ᠪᠠᠭᠰᠢ ᠪᠠᠶᠢᠭᠰᠠᠨ ᠪᠠᠶᠢᠵᠠᠢ᠃       ᠡᠯᠳᠡᠩᠭᠡ ᠪᠠᠭᠰᠢ ᠶᠢᠨ ᠡᠨᠡᠬᠦ ᠦᠢᠯᠡ ᠶᠠᠪᠤᠳᠠᠯ ᠢ ︽ᠠᠯᠳᠠᠨ ᠲᠤᠪᠴᠢ︾ ᠪᠠ ︽ᠬᠠᠳ ᠤᠨ ᠦᠨᠳᠦᠰᠦᠨ ᠬᠤᠷᠢᠶᠠᠩᠭᠤᠢ ᠠᠯᠳᠠᠨ ᠲᠤᠪᠴᠢ︾ ᠳᠤ ᠪᠦᠷ ᠲᠣᠳᠣ ᠳᠡᠮᠳᠡᠭᠯᠡᠵᠦ ᠪᠠᠶᠢᠳᠠᠭ ᠠᠴᠠ ᠦᠵᠡᠬᠦ ᠳᠤ ᠦᠵᠦᠮᠦᠴᠢᠨ ᠤ ᠡᠯᠳᠡᠩᠭᠡ ᠪᠠᠭᠰᠢ ᠪᠣᠯ 15 ᠳ᠋ᠤᠭᠠᠷ ᠵᠠᠭᠤᠨ ᠤ ᠦᠶ᠎ᠡ ᠶᠢᠨ ᠳᠦᠷᠦ ᠭᠦᠷᠦᠨ ᠤ ᠪᠢᠴᠢᠭ ᠤᠨ ᠰᠤᠶᠤᠯ ᠤᠨ ᠡᠷᠳᠡᠮᠳᠡᠨ ᠪᠣᠯᠬᠤ ᠶᠢ ᠮᠡᠳᠡᠵᠦ ᠪᠣᠯᠬᠤ ᠶᠤᠮ᠃
 
ᠢᠷᠡᠯᠲᠡ᠄ ᠦᠵᠦᠮᠦᠴᠢᠨ ᠠᠶᠢᠮᠠᠭ ᠭᠣ᠂ ᠷᠠᠭᠸ᠎ᠠ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号