ᠦᠵᠦᠮᠦᠴᠢᠨ ᠠᠩ ᠤᠨ ᠲᠤᠶᠢᠮᠣ | | | ᠠᠩ ᠠᠩᠨᠠᠯ ᠤᠨ ᠠᠵᠤ ᠠᠬᠤᠢ ᠪᠣᠯ ᠮᠣᠩᠭᠤᠯ ᠤᠨ ᠡᠷᠲᠡᠨ ᠤ ᠤᠯᠠᠮᠵᠢᠯᠠᠯᠳᠤ ᠠᠵᠤ ᠠᠬᠤᠢ ᠶᠢᠨ ᠴᠢᠬᠤᠯᠠ | ᠪᠦᠷᠢᠯᠳᠤᠭᠦᠨ ᠭᠡᠰᠡᠭ᠃ ᠮᠣᠩᠭᠤᠯᠴᠤᠳ ᠮᠠᠯ ᠠᠵᠤ ᠠᠬᠤᠢ ᠡᠷᠬᠢᠯᠡᠬᠦ ᠶᠢᠨ ᠬᠠᠮᠳᠤ ᠠᠩ ᠠᠩᠨᠠᠭᠤᠷ ᠤᠨ ᠠᠵᠤ | ᠠᠬᠤᠢ ᠶᠢ ᠠᠯᠢ ᠡᠷᠲᠡ ᠠᠴᠠ ᠪᠠᠨ ᠳᠠᠰᠤᠷᠠᠯᠳᠠ ᠦᠭᠡᠢ ᠡᠵᠡᠩᠨᠡᠵᠦ ᠢᠷᠡᠭᠰᠡᠨ ᠶᠤᠮ᠃ | ᠮᠣᠩᠭᠤᠯᠴᠤᠳ ᠤᠨ ᠠᠩ ᠬᠤᠮᠤᠷᠭ᠎ᠠ ᠭᠡᠳᠡᠭ ᠠᠵᠤ ᠠᠬᠤᠢ ᠶᠢᠨ ᠠᠷᠭ᠎ᠠ ᠪᠠᠷᠢᠯ᠂ ᠠᠮᠢᠳᠤᠷᠠᠯ ᠤᠨ ᠵᠠᠩ ᠦᠢᠯᠡ ᠶᠢ | ︽ᠮᠣᠩᠭᠤᠯ ᠤᠨ ᠨᠢᠭᠤᠴᠠ ᠳᠤᠪᠴᠢᠶᠠᠨ︾ ᠳᠤ ᠡᠬᠢᠯᠡᠬᠦ ᠠᠴᠠ ᠳᠡᠭᠦᠰᠳᠡᠯ᠎ᠡ ᠮᠠᠰᠢ ᠤᠯᠠᠨ ᠳᠡᠮᠳᠡᠭᠯᠡᠭᠰᠡᠨ ᠪᠠᠶᠢᠳᠠᠭ᠃ | ᠡᠨᠡ ᠠᠷᠭ᠎ᠠ ᠪᠠᠷᠢᠯ ᠵᠠᠩ ᠦᠢᠯᠡ ᠶᠢ ᠮᠣᠩᠭᠤᠯᠴᠤᠳ᠂ ᠠᠮᠢᠳᠤᠷᠠᠯ ᠦᠢᠯᠡᠳᠪᠦᠷᠢᠯᠡᠯ ᠤᠨ ᠶᠠᠪᠤᠴᠠ ᠳᠤᠮᠳᠠ ᠪᠠᠨ | ᠥᠶ᠎ᠡ ᠤᠯᠠᠷᠢᠨ ᠬᠠᠳᠠᠭᠠᠯᠠᠵᠤ ᠢᠷᠡᠭᠰᠡᠨ ᠤ ᠬᠠᠮᠳᠤ ᠳᠠᠰᠤᠷᠠᠯᠳᠠ ᠦᠭᠡᠢ ᠬᠦᠭᠵᠢᠬᠦᠯᠵᠦ ᠢᠷᠡᠵᠡᠢ᠃ | ᠮᠣᠩᠭᠤᠯ ᠤᠨ ᠠᠩ ᠠᠩᠨᠠᠯ ᠤᠨ ᠠᠵᠤ ᠠᠬᠤᠢ᠂ ᠦᠵᠦᠮᠦᠴᠢᠨ ᠮᠣᠩᠭᠤᠯᠴᠤᠳ ᠤᠨ ᠳᠤᠮᠳᠠ ᠨᠡᠩ ᠶᠡᠭᠡ ᠪᠠᠷ | ᠪᠠᠷᠢᠮᠳᠠᠯᠠᠭᠳᠠᠵᠣ᠂ ᠦᠪᠡᠷ ᠤᠨ ᠣᠨᠴᠠ ᠬᠡᠪ ᠨᠠᠮᠪᠠ ᠲᠠᠢ ︽ᠦᠵᠦᠮᠦᠴᠢᠨ ᠠᠩ︾ ᠤᠨ ᠬᠡᠯᠪᠡᠷᠢ ᠶᠢ ᠪᠤᠢ ᠪᠤᠯᠭᠠᠵᠠᠢ | ᠃ | ᠦᠵᠦᠮᠦᠴᠢᠨ ᠤ ᠤᠯᠠᠮᠵᠢᠯᠠᠯᠳᠤ ᠠᠩ ᠠᠩᠨᠠᠯ ᠤᠨ ᠦᠢᠯᠡᠰ ᠭᠤᠤᠯᠳᠠᠭᠤ ᠬᠤᠶᠠᠷ ᠳᠦᠷᠦᠯ ᠳᠤ ᠬᠤᠪᠢᠶᠠᠭᠳᠠᠨ | ᠶᠠᠪᠤᠭᠳᠠᠨ᠎ᠠ᠃ ᠨᠢᠭᠡ ᠨᠢ ︽ᠫᠣᠣ ᠶᠢᠨ ᠠᠩ︾᠂ ᠨᠦᠭᠦᠭᠡ ᠨᠢ ︽ᠨᠣᠬᠠᠢ ᠶᠢᠨ ᠠᠩ︾ ᠪᠣᠯᠤᠨ᠎ᠠ᠃ | ᠦᠵᠦᠮᠦᠴᠢᠨ ᠤ ᠬᠤᠶᠠᠷ ᠵᠦᠢᠯ ᠤᠨ ᠠᠩ ᠠᠩᠨᠠᠯ ᠤᠨ ᠦᠢᠯᠡᠰ ᠤᠨ ᠥᠷᠭᠡᠴᠡ ᠪᠠ ᠭᠦᠨᠴᠡ ᠨᠢ ᠳᠤᠩ ᠶᠡᠭᠡ | ᠭᠥᠭᠵᠢᠵᠡᠢ᠃ ᠡᠶᠢᠮᠦ ᠠᠴᠠ ᠠᠩ ᠠᠩᠨᠠᠯ ᠨᠢ ᠲᠡᠳᠡᠨ ᠤ ᠮᠠᠯ ᠠᠵᠤ ᠠᠬᠤᠢ ᠶᠢᠨ ᠦᠢᠯᠡᠳᠪᠤᠷᠢᠯᠡᠯ ᠢ ᠭᠠᠷᠭᠠᠪᠠᠯ᠂ | ᠳᠡᠳ᠋ᠯᠡᠬᠦ ᠪᠠᠶᠢᠷᠢ ᠲᠠᠢ ᠳᠤᠮᠤ ᠠᠵᠤ ᠠᠬᠤᠢ ᠪᠠᠶᠢᠵᠦ᠂ ᠳᠡᠤᠬᠡᠨ ᠳᠡᠭᠡᠷ᠎ᠡ ᠠᠩ ᠭᠦᠷᠦᠭᠡ ᠶᠢᠨ ᠣᠷᠤᠯᠭ᠎ᠠ ᠨᠢ | ᠦᠵᠦᠮᠦᠴᠢᠨ ᠤ ᠦᠢᠯᠡᠳᠪᠤᠷᠢᠯᠡᠯ ᠠᠮᠢᠳᠤᠷᠠᠯ ᠤᠨ ᠦᠢᠯᠡᠰ ᠲᠤ ᠴᠢᠬᠤᠯᠠ ᠦᠢᠯᠡᠳᠦᠯ ᠭᠠᠷᠭᠠᠵᠦ ᠢᠷᠡᠵᠡᠢ᠃ | ᠦᠵᠦᠮᠦᠴᠢᠨ ᠤ ᠫᠤᠤ ᠶᠢᠨ ᠠᠩ ᠳᠤ ᠡᠷᠡᠭᠳᠡᠶᠢᠴᠦᠳ ᠤᠯᠠᠩᠬᠢ ᠳᠠᠭᠠᠨ ᠪᠦᠷ ᠫᠣᠣ ᠪᠠᠷᠢᠵᠦ ᠠᠩ ᠬᠢᠵᠦ | ᠴᠢᠳᠠᠳᠠᠭ᠃ ᠡᠷᠡᠭᠳᠡᠶᠢᠴᠦᠳ ᠤᠨ ᠳᠤᠳᠤᠷ᠎ᠠ ᠪᠠᠰᠠ ᠳᠤᠰᠠᠬᠠᠶᠢᠯᠠᠨ ᠠᠩ ᠭᠦᠷᠦᠭᠡ ᠬᠢᠳᠡᠭ ︽ᠮᠡᠷᠭᠡᠨ ᠫᠤᠤᠴᠢ︾ | ᠳᠡᠤᠬᠡᠨ ᠠᠴᠠ ᠪᠠᠨ ᠥᠶ᠎ᠡ ᠥᠶ᠎ᠡ ᠭᠠᠷᠴᠤ ᠪᠠᠶᠢᠵᠠᠢ᠃ ᠲᠡᠳᠡᠨ ᠤ ᠫᠣᠣ ᠨᠢ ᠡᠷᠲᠡᠨ ᠳᠡᠭᠡᠨ ᠪᠦᠷ ︽ᠭᠠᠯ ᠫᠣᠣ︾ | ᠪᠠᠶᠢᠭᠰᠠᠨ ᠪᠠᠶᠢᠨ᠎ᠠ᠃ ᠭᠠᠯ ᠫᠣᠣ ᠶᠢ ᠬᠡᠷᠡᠭᠯᠡᠭᠡᠳ ᠳᠡᠳ᠋ᠨ ᠪᠠᠷᠤᠭ ᠭᠡᠳᠦᠨ ᠵᠠᠭᠤᠨ ᠵᠢᠯ ᠪᠣᠯᠵᠠᠢ᠃ ᠦᠵᠦᠮᠦᠴᠢᠨ | ᠪᠠᠷᠠᠭᠤᠨ ᠭᠠᠷᠤᠨ ᠬᠤᠰᠢᠭᠤᠨ ᠤ ︽ᠢᠨᠵᠠᠭᠠᠨ ᠰᠦᠮ᠎ᠡ︾ ᠳᠤ ᠨᠢᠭᠡ ᠪᠢᠳᠡᠭᠦᠦ ᠪᠠᠷ ᠨᠢ ᠦᠪᠴᠢᠭᠰᠡᠨ ᠰᠢᠳᠤᠯᠠᠩ | ᠪᠠᠷᠰ ᠤᠨ ᠠᠷᠠᠰᠤ ︵1966 ᠣᠨ ᠤ ᠰᠤᠶᠤᠯ ᠤᠨ ᠬᠤᠪᠢᠰᠬᠠᠯ ᠳᠤ ᠬᠦᠷᠳᠡᠯ᠎ᠡ ᠪᠠᠶᠢᠪᠠ︶ ᠪᠠᠶᠢᠵᠠᠢ᠃ ᠲᠡᠭᠦᠨ ᠤ | ᠳᠤᠳᠤᠷ᠎ᠠ ᠨᠢ ᠡᠪᠡᠰᠦ ᠴᠢᠬᠢᠭᠡᠳ ᠲᠠᠯᠪᠢᠴᠢᠭᠰᠠᠨ ᠨᠢ ᠶᠠᠭ ᠠᠮᠢᠳᠤ ᠶᠤᠮ ᠰᠢᠭ᠋᠃ ᠲᠡᠷᠡ ᠠᠷᠠᠰᠤ ᠶᠢ ᠢᠨᠵᠠᠭᠠᠨ | ᠰᠦᠮ᠎ᠡ ᠳᠤ ᠵᠢᠯ ᠪᠦᠷᠢ ᠶᠢᠨ ᠪᠢᠯᠢᠭ ᠤᠨ ᠤᠯᠠᠷᠢᠯ ᠤᠨ 10 ᠰᠠᠷ᠎ᠠ ᠶᠢᠨ 25 ᠤ ᠡᠳᠦᠷ ᠮᠠᠬᠠᠺᠠᠯᠠ ᠪᠤᠷᠬᠠᠨ ᠢ | ᠲᠠᠬᠢᠬᠤ ᠵᠤᠯᠠ ᠶᠢᠨ ᠬᠤᠷᠠᠯ ᠳᠡᠭᠡᠷ᠎ᠡ ᠭᠠᠷᠭᠠᠵᠦ ᠦᠵᠡᠬᠦᠯᠵᠦ ᠲᠠᠬᠢᠳᠠᠭ ᠪᠠᠶᠢᠪᠠ᠃ | ᠲᠡᠷᠡ ᠠᠷᠠᠰᠤᠨ ᠳᠤ ᠫᠣᠤ ᠶᠢᠨ ᠰᠤᠮᠤ ᠨᠡᠪᠳᠡᠷᠡᠭᠰᠡᠨ ᠨᠦᠬᠡ ᠲᠠᠢ᠂ ᠲᠡᠭᠦᠨ ᠤ ᠳᠡᠷᠭᠡᠳᠡ ᠪᠠᠰᠠ ᠨᠢᠭᠡ ᠭᠠᠯ | ᠫᠣᠣ ᠶᠢ ᠲᠠᠯᠪᠢᠵᠤ ᠰᠢᠳᠦᠳᠡᠭ᠃ ᠡᠨᠡ ᠪᠠᠷᠰ ᠤᠨ ᠠᠷᠠᠰᠤ ᠪᠣᠯ 18 ᠳ᠋ᠤᠭᠠᠷ ᠵᠠᠭᠤᠨ ᠤ ᠦᠵᠦᠮᠦᠴᠢᠨ ᠤ ᠡᠮᠦᠨ᠎ᠡ | ᠬᠢᠩᠭ᠎ᠠ ᠶᠢᠨ ᠪᠤᠷᠤᠰᠤ ᠪᠡᠶ᠎ᠡ ᠶᠢᠨ ᠭᠠᠷᠠᠮᠠ ᠭᠡᠰᠡᠨ ᠡᠪᠦᠭᠡᠨ ᠠᠩᠴᠢᠨ ᠨᠠᠪᠳᠠᠭᠤᠯ ᠭᠡᠰᠡᠨ ᠭᠠᠵᠠᠷ ᠠᠴᠠ ᠫᠤᠤᠳᠠᠵᠦ | ᠠᠯᠠᠭᠠᠳ ᠠᠷᠠᠰᠤ ᠫᠤᠤ ᠬᠤᠶᠠᠷ ᠢᠶᠠᠨ ᠢᠨᠵᠠᠭᠠᠨ ᠰᠦᠮ᠎ᠡ ᠳᠤ ᠡᠷᠭᠦᠵᠠᠢ᠃ | ᠦᠵᠦᠮᠦᠴᠢᠨ ᠳᠤ ᠪᠠᠷᠰ ᠠᠯᠠᠭᠰᠠᠨ ᠶᠠᠪᠤᠳᠠᠯ ᠪᠣᠯ ᠭᠡᠨᠡᠳᠲᠡ ᠪᠠᠷ ᠲᠤᠬᠢᠶᠠᠯᠳᠤᠳᠠᠭ ᠬᠡᠷᠡᠭ᠃ | ᠦᠵᠦᠮᠦᠴᠢᠨ ᠤ ᠳᠡᠤᠬᠡᠨ ᠳᠤ ᠭᠠᠷᠡᠮᠠ ᠨᠤᠶᠢᠷᠤᠪ ᠴᠠᠭᠠᠨᠵᠠᠭᠠᠨ ᠭᠤᠷᠪᠠ ᠪᠠᠷᠰ ᠠᠯᠠᠵᠦ ᠥᠩᠭᠡᠷᠡᠵᠡᠢ᠃ ᠳᠡᠭᠦᠨ ᠤ | ᠳᠦᠷᠦᠭᠦᠤ ᠬᠤᠶᠠᠷ ᠨᠢ ᠪᠦᠷ ᠫᠤᠤ ᠪᠠᠷ ᠠᠯᠠᠭᠰᠠᠨ ᠪᠠᠶᠢᠵᠠᠢ᠃ ᠪᠠᠷᠰ ᠪᠣᠯ ᠡᠷᠲᠡᠨ ᠠᠴᠠ ᠪᠠᠨ ᠠᠯᠠᠬᠤ ᠳᠤ ᠴᠡᠭᠡᠷ | ᠲᠠᠢ ᠲᠠᠷᠬᠠᠨ ᠴᠠᠭᠠᠵᠠ ᠲᠠᠢ ᠠᠮᠢᠳᠠᠨ᠂ ᠳᠡᠲᠡᠨ ᠤ ᠪᠠᠷᠰ ᠠᠯᠠᠭᠰᠠᠨ ᠨᠢ ᠪᠦᠷ ᠭᠡᠨᠡᠳᠲᠡ ᠶᠢᠨ ᠬᠡᠷᠡᠭ᠂ ᠪᠠᠴᠢᠮ | ᠲᠤᠬᠢᠶᠠᠯᠳᠤᠭᠰᠠᠨ ᠤᠴᠢᠷ ᠪᠠᠶᠢᠪᠠ᠃ ᠡᠶᠢᠮᠦ ᠠᠴᠠ ᠠᠩᠨᠠᠭᠰᠠᠨ ᠤ ᠳᠠᠷᠠᠭ᠎ᠠ ᠠᠷᠠᠰᠤ ᠪᠠ ᠫᠤᠤ ᠪᠠᠨ ᠰᠦᠮ᠎ᠡ | ᠪᠤᠷᠬᠠᠨ ᠳᠤ ᠡᠷᠭᠦᠭᠰᠡᠨ ᠪᠠᠶᠢᠵᠠᠢ᠃ | ᠭᠡᠪᠡᠴᠦ ᠦᠵᠦᠮᠦᠴᠢᠨ ᠳᠤ ᠫᠣᠣ ᠪᠠᠷ ᠪᠠᠷᠰ ᠬᠦᠷᠳᠡᠯ᠎ᠡ ᠠᠯᠠᠵᠦ ᠪᠠᠶᠢᠭᠰᠠᠨ ᠨᠢ ᠦᠵᠦᠮᠦᠴᠢᠨ ᠤ ᠫᠣᠣ ᠶᠢᠨ | ᠠᠩ ᠤᠨ ᠬᠦᠭᠵᠢᠯᠳᠡ ᠠᠯᠢ ᠡᠷᠲᠡ ᠲᠤᠩ ᠶᠡᠭᠡ ᠬᠦᠭᠵᠢᠭᠰᠡᠨ ᠢ ᠬᠠᠷᠠᠭᠤᠯᠳᠠᠭ᠃ | ᠦᠵᠦᠮᠦᠴᠢᠨ ᠤ ᠫᠣᠤ ᠶᠢᠨ ᠠᠩ ᠢ ᠭᠤᠤᠯᠳᠠᠭᠤ ᠴᠢᠨ᠋ᠸ᠎ᠠ ᠠᠯᠠᠬᠤ᠂ ᠪᠤᠭᠤ ᠠᠯᠠᠬᠤ᠂ ᠭᠦᠷᠦᠭᠡᠰᠤ ᠠᠯᠠᠬᠤ᠂ | ᠴᠠᠭᠠᠨ ᠵᠡᠭᠡᠷ᠎ᠡ ᠠᠯᠠᠬᠤ᠂ ᠬᠡᠭᠡᠷ᠎ᠡ ᠶᠢᠨ ᠭᠠᠭ᠋ᠠᠢ ᠠᠯᠠᠬᠤ᠂ ᠲᠠᠷᠪᠠᠭ᠎ᠠ ᠠᠯᠠᠬᠤ ᠳᠤ ᠵᠣᠷᠢᠭᠤᠯᠵᠦ ᠬᠢᠳᠡᠭ᠃ ᠡᠨᠡ ᠨᠢ | ᠪᠦᠷ ᠠᠩ ᠠᠩᠨᠠᠯ ᠤᠨ ᠦᠢᠯᠡᠳᠪᠤᠷᠢᠯᠡᠯ ᠤᠨ ᠴᠢᠨᠠᠷ ᠲᠠᠢ ᠠᠵᠢᠯᠯᠠᠭ᠎ᠠ ᠶᠤᠮ᠃ | ᠦᠵᠦᠮᠦᠴᠢᠨ ᠤ ᠨᠤᠬᠠᠢ ᠶᠢᠨ ᠠᠩ ᠪᠣᠯ ᠨᠡᠶᠢᠳᠡᠮ ᠤᠨ ᠴᠢᠨᠠᠷ ᠲᠠᠢ᠂ ᠲᠣᠩ ᠦᠷᠭᠡᠨ ᠬᠡᠮᠵᠢᠶ᠎ᠡ ᠪᠠᠷ ᠬᠢᠳᠡᠭ | ᠨᠡᠶᠢᠭᠡᠮ ᠤᠨ ᠠᠩ ᠠᠩᠨᠠᠯ ᠤᠨ ᠠᠵᠢᠯᠯᠠᠭ᠎ᠠ ᠶᠤᠮ᠃ ᠦᠵᠦᠮᠦᠴᠢᠨ ᠤ ᠡᠷᠡᠭᠳᠡᠢ ᠭᠡᠤᠭᠡᠳ 7- 8 ᠨᠠᠰᠤ ᠬᠦᠷᠴᠦ᠂ | ᠮᠤᠷᠢ ᠤᠨᠤᠵᠤ ᠰᠤᠷᠤᠭᠰᠠᠭᠠᠷ ᠠᠬᠠᠮᠠᠳ ᠢᠶᠠᠨ ᠳᠠᠭᠠᠵᠦ ᠨᠤᠬᠠᠢ ᠳᠠᠭᠠᠭᠤᠯᠵᠦ ᠠᠩ ᠭᠦᠷᠦᠭᠡ ᠬᠢᠵᠦ ᠡᠬᠢᠯᠡᠳᠡᠭ᠃ | ᠨᠤᠬᠠᠢ ᠶᠢᠨ ᠠᠩ ᠢ ᠭᠤᠤᠯᠳᠠᠭᠤ ᠨᠤᠬᠠᠢ ᠶᠢᠨ ᠴᠢᠳᠠᠪᠬᠢ ᠤᠨᠴᠠᠯᠢᠭ ᠠᠴᠠ ᠪᠣᠯᠵᠦ᠂ ᠴᠢᠨ᠋ᠸ᠎ᠠ ᠠᠯᠠᠬᠤ᠂ | ᠦᠨᠡᠭᠡ ᠠᠯᠠᠬᠤ᠂ ᠭᠠᠭ᠋ᠠᠢ ᠠᠯᠠᠬᠤ᠂ ᠮᠠᠩᠭᠢᠰᠤ ᠠᠯᠠᠬᠤ᠂ ᠬᠢᠷᠰᠠ ᠱᠠᠬᠠᠷ ᠠᠯᠠᠬᠤ᠂ ᠡᠯᠪᠡᠩᠭᠦ ᠠᠯᠠᠬᠤ᠂ | ᠱᠦᠯᠦᠭᠦᠰᠦᠤ ᠠᠯᠠᠬᠤ ᠳᠤ ᠭᠤᠣᠯ ᠪᠤᠯᠭᠠᠵᠦ ᠬᠢᠳᠡᠭ᠃ | | |