ᠦᠵᠦᠮᠦᠴᠢᠨ ᠤ ᠪᠤᠰᠤᠳ ᠠᠵᠤ ᠠᠬᠤᠢ
ᠨᠡᠶᠢᠲᠡᠯᠡᠭᠰᠡᠨ ᠴᠠᠭ᠄
2017/3/6
    ᠦᠵᠦᠮᠦᠴᠢᠨ ᠤ ᠪᠤᠰᠤᠳ ᠠᠵᠤ ᠠᠬᠤᠢ ᠶᠢᠨ ᠦᠢᠯᠡᠰ ᠪᠣᠯ ᠲᠡᠳᠡᠨ ᠤ ᠠᠵᠤ ᠲᠥᠷᠥᠵᠦ᠂ ᠠᠮᠢᠳᠤᠷᠠᠯ ᠢᠶᠠᠨ ᠡᠷᠭᠦᠬᠦ ᠳᠤ ᠪᠠᠰᠠ ᠳᠤᠲᠠᠭᠳᠠᠵᠤ ᠪᠣᠯᠣᠰᠢ ᠦᠭᠡᠢ ᠬᠡᠷᠡᠭᠴᠡᠭᠡ ᠲᠠᠢ ᠠᠵᠢᠯ ᠦᠢᠯᠡᠰ ᠤᠳ ᠪᠣᠯᠣᠨ᠎ᠠ᠃ ᠲᠡᠷᠡ ᠨᠢ ᠲᠡᠳᠡᠨ ᠤ ᠮᠠᠯ ᠠᠵᠤ ᠠᠬᠤᠢ ᠶᠢᠨ ᠦᠢᠯᠡᠳᠪᠦᠷᠢᠯᠡᠯ ᠤᠨ ᠬᠥᠭᠵᠢᠯᠲᠡ ᠶᠢᠨ ᠴᠢᠬᠤᠯᠠ ᠨᠥᠬᠦᠪᠦᠷᠢ ᠪᠥᠭᠡᠳ ᠬᠥᠮᠥᠨ ᠠᠷᠠᠳ ᠤᠨ ᠠᠮᠢᠳᠤᠷᠠᠯ ᠤᠨ ᠳᠡᠭᠵᠢᠷᠡᠯ ᠤᠨ ᠦᠢᠯᠡᠰ ᠤᠨ ᠴᠢᠬᠤᠯᠠ ᠪᠦᠷᠢᠯᠳᠦᠬᠦᠨ ᠪᠣᠯᠣᠨ᠎ᠠ᠃      ᠲᠡᠭᠦᠨ ᠳᠤ ᠪᠠᠶᠢᠭᠠᠯᠢ ᠶᠢᠨ ᠡᠬᠢ ᠪᠠᠶᠠᠯᠢᠭ ᠢᠶᠠᠨ ᠨᠡᠭᠡᠭᠡᠨ ᠠᠰᠢᠭᠯᠠᠬᠤ᠂ ᠠᠮᠢᠳᠤᠷᠠᠯ ᠤᠨ ᠣᠷᠣᠯᠭ᠎ᠠ ᠪᠠᠨ ᠨᠡᠮᠡᠭᠳᠡᠭᠦᠯᠬᠦ᠂ ᠣᠯᠠᠨ ᠲᠥᠷᠥᠯ ᠤᠨ ᠠᠵᠤ ᠠᠬᠤᠢ ᠶᠢ ᠬᠥᠭᠵᠢᠭᠦᠯᠬᠦ ᠬᠡᠷᠡᠭᠴᠡᠭᠡ ᠪᠠᠷ ᠡᠷᠬᠢᠯᠡᠨ ᠬᠢᠳᠡᠭ ᠦᠢᠯᠡᠰ  ᠤᠳ ᠪᠠᠭᠲᠠᠳᠠᠭ᠃      1. ᠡᠪᠡᠰᠦ ᠬᠠᠳᠤᠬᠤ — ᠦᠵᠦᠮᠦᠴᠢᠨ ᠳᠤ ᠠᠯᠢ ᠡᠷᠲᠡᠨ ᠠᠴᠠ ᠡᠪᠡᠰᠦ ᠶᠢ ᠨᠣᠭᠤᠭᠠᠨ ᠢᠶᠠᠷ ᠨᠢ ᠬᠠᠳᠤᠵᠤ ᠲᠡᠭᠡᠭᠡᠵᠦ᠂ ᠫᠧᠩ ᠰᠠᠷᠠᠪᠴᠢ ᠳᠠᠭᠠᠨ ᠣᠷᠣᠭᠤᠯᠵᠤ᠂ ᠡᠪᠦᠯ ᠬᠠᠪᠤᠷ ᠤᠨ ᠬᠤᠭᠤᠴᠠᠭᠠᠨ ᠳᠤ ᠪᠠᠭᠤᠷᠠᠢ ᠳᠣᠷᠣᠢ ᠮᠠᠯ ᠢᠶᠠᠨ ᠡᠪᠡᠰᠦᠯᠡᠬᠦ᠂ ᠤᠨᠤᠯᠭ᠎ᠠ ᠶᠢᠨ ᠮᠣᠷᠢ ᠪᠠᠨ ᠡᠪᠡᠰᠦᠯᠡᠬᠦ ᠶᠢᠨ ᠬᠠᠮᠲᠤ᠂ ᠭᠠᠮᠰᠢᠭ ᠲᠠᠢ ᠲᠡᠮᠡᠴᠡᠵᠦ᠂ ᠮᠠᠯ ᠢᠶᠠᠨ ᠮᠡᠨᠳᠦ ᠤᠨᠳᠤᠷᠤᠭᠤᠯᠬᠤ ᠶᠢᠨ ᠡᠪᠡᠰᠦ ᠪᠣᠷᠳᠣᠭᠠᠨ ᠤ ᠪᠡᠯᠡᠳᠬᠡᠯ ᠪᠣᠯᠭᠠᠵᠤ ᠢᠷᠠᠵᠠᠢ᠃ ᠡᠭᠦᠨ ᠢ ᠡᠪᠡᠰᠦ ᠬᠠᠳᠤᠬᠤ ᠭᠡᠳᠡᠭ ᠪᠠ ︽ᠡᠪᠦᠯᠵᠢᠶ᠎ᠡ ᠳᠠᠷᠤᠬᠤ︾ ᠭᠡᠳᠡᠭ᠃      ︽ᠡᠪᠡᠰᠦ ᠬᠠᠳᠤᠬᠤ︾ ᠪᠣᠯ ᠦᠵᠦᠮᠦᠴᠢᠨ ᠤ ᠨᠡᠶᠢᠭᠡᠮ ᠳᠠᠶᠠᠭᠠᠷ ᠤᠨ ᠨᠠᠮᠤᠷ ᠤᠨ ᠤᠯᠠᠷᠢᠯ ᠤᠨ ᠮᠠᠯ ᠠᠵᠤ ᠠᠬᠤᠢ ᠶᠢᠨ ᠦᠢᠯᠡᠳᠪᠦᠷᠢᠯᠡᠯ ᠤᠨ ᠬᠢᠵᠦ ᠭᠦᠢᠴᠡᠳᠬᠡᠬᠦ ᠨᠢᠭᠡᠨ ᠵᠠᠩᠭᠢᠯᠠᠭ᠎ᠠ ᠶᠢᠨ ᠴᠢᠨᠠᠷ ᠲᠠᠢ ᠭᠤᠣᠯ ᠠᠵᠢᠯ ᠪᠣᠯᠣᠨ᠎ᠠ᠃ ᠡᠶᠢᠮᠦ ᠠᠴᠠ ᠡᠪᠡᠰᠦ ᠬᠠᠳᠤᠬᠤ ᠬᠤᠭᠤᠴᠠᠭᠠᠨ ᠳᠤ ᠪᠠᠷᠤᠭ ᠡᠪᠦᠭᠡᠳ ᠨᠠᠰᠤᠲᠠᠨ ᠬᠡᠦᠬᠡᠳ ᠪᠠᠭᠠᠴᠤᠳ ᠬᠥᠮᠥᠨ ᠪᠦᠷᠢ ᠬᠥᠳᠡᠯᠦᠯᠴᠡᠳᠡᠭ᠃ ᠡᠪᠡᠰᠦ ᠶᠢ ᠥᠩᠭᠡᠷᠡᠭᠰᠡᠨ ᠳᠤ ᠪᠦᠷᠢ ᠰᠠᠩᠳᠦᠦ ᠪᠠᠷ ᠬᠠᠳᠤᠨ᠎ᠠ᠃ ᠡᠨᠡ ᠠᠵᠢᠯ  ᠨᠢ ᠪᠢᠯᠢᠭ ᠤᠨ ᠤᠯᠠᠷᠢᠯ ᠤᠨ 7 ᠰᠠᠷ᠎ᠠ ᠶᠢᠨ ᠰᠡᠭᠦᠯᠴᠢ ᠠᠴᠠ 8 ᠰᠠᠷ᠎ᠠ ᠶᠢᠨ ᠰᠡᠭᠦᠯ ᠬᠦᠷᠲᠡᠯ᠎ᠡ ᠰᠠᠷ᠎ᠠ ᠢᠯᠡᠭᠦᠦ  ᠶᠢᠨ ᠬᠤᠭᠤᠴᠠᠭ᠎ᠠ ᠶᠠᠪᠤᠭᠳᠠᠨ᠎ᠠ᠃      ᠡᠷᠲᠡᠨ ᠳᠡᠭᠡᠨ ᠦᠵᠦᠮᠦᠴᠢᠨ ᠤ ᠣᠲᠣᠷ ᠨᠡᠭᠦᠳᠡᠯ ᠨᠢ ᠭᠤᠣᠯᠳᠠᠵᠤ᠂ ᠰᠠᠭᠤᠷᠢᠰᠢᠯ ᠳᠤ ᠰᠠᠭᠤᠬᠤ ᠨᠢ ᠣᠬᠤᠷ ᠪᠠᠶᠢᠭᠰᠠᠨ ᠠᠴᠠ ᠲᠡᠳᠡᠨ ᠤ ᠠᠶᠢᠯ ᠡᠷᠦᠬᠡ ᠶᠢᠨ ᠡᠪᠡᠰᠦ ᠬᠠᠳᠤᠵᠤ ᠣᠷᠣᠭᠤᠯᠵᠤ ᠠᠪᠬᠤ ᠬᠡᠮᠵᠢᠶ᠎ᠡ ᠨᠢ ᠨᠡᠯᠢᠶᠡᠳ ᠳᠣᠣᠷ᠎ᠠ ᠪᠠᠶᠢᠵᠤ᠂ 5 ᠮᠢᠩᠭ᠎ᠠ ᠠᠴᠠ ᠲᠦᠮᠡᠨ ᠵᠢᠩ ᠠᠴᠠ ᠬᠡᠲᠦᠷᠡᠬᠦ ᠦᠭᠡᠢ ᠪᠠᠶᠢᠵᠠᠢ᠃ ᠡᠪᠡᠰᠦ ᠶᠢ ᠬᠠᠳᠤᠵᠤ ᠲᠡᠭᠡᠭᠡᠬᠦ ᠨᠢ ᠪᠦᠷ ᠭᠠᠷ ᠦᠢᠯᠡᠳᠪᠦᠷᠢᠯᠡᠯ ᠤᠨ ᠠᠷᠭ᠎ᠠ ᠮᠠᠶ᠋ᠢᠭ ᠢᠶᠠᠷ ᠶᠠᠪᠤᠭᠳᠠᠵᠤ᠂ ᠦᠬᠡᠷ ᠲᠡᠷᠭᠡ᠂ ᠮᠠᠯ  ᠤᠨ ᠬᠦᠴᠦ ᠪᠠᠷ ᠵᠥᠭᠡᠭᠡᠪᠦᠷᠢᠯᠡᠳᠡᠭ ᠪᠠᠶᠢᠭᠰᠠᠨ ᠪᠠᠶᠢᠨ᠎ᠠ᠃ ᠦᠵᠦᠮᠦᠴᠢᠨ ᠤ ᠡᠪᠡᠰᠦ ᠶᠢ ᠨᠣᠭᠤᠭᠠᠨ ᠢᠶᠠᠷ ᠬᠠᠳᠤᠵᠤ ᠂ ᠮᠠᠯ ᠠᠵᠤ ᠠᠬᠤᠢ ᠳᠤ ᠬᠡᠷᠡᠭᠯᠡᠭᠰᠡᠨ ᠶᠠᠪᠤᠳᠠᠯ ᠪᠣᠯ ᠲᠡᠦᠬᠡ ᠶᠢᠨ ᠶᠡᠭᠡ ᠳᠠᠪᠰᠢᠯᠲᠠ ᠶᠤᠮ᠃      2. ᠡᠪᠡᠰᠦ ᠤᠷᠭᠤᠮᠠᠯ ᠢᠶᠠᠷ ᠬᠤᠯᠢᠰᠢᠨ ᠢᠳᠡᠭᠡᠨ ᠦᠢᠯᠡᠳᠪᠦᠷᠢᠯᠡᠬᠦ — ᠲᠣᠰ ᠠᠵᠤ ᠠᠬᠤᠢ ᠨᠢ ᠦᠵᠦᠮᠦᠴᠢᠨ ᠳᠤ ᠪᠠᠰᠠ ᠲᠣᠩ ᠡᠷᠲᠡ ᠬᠥᠭᠵᠢᠭᠰᠡᠨ ᠪᠠᠶᠢᠵᠠᠢ᠃ ᠡᠪᠡᠰᠦ ᠤᠷᠭᠤᠮᠠᠯ ᠢ ᠬᠤᠯᠢᠰᠢᠨ ᠢᠳᠡᠭᠡᠨ ᠳᠤ ᠬᠡᠷᠡᠭᠯᠡᠬᠦ ᠪᠣᠯᠣᠭᠰᠠᠨ ᠨᠢ ᠨᠤᠲᠤᠭ ᠤᠨ ᠭᠠᠷᠤᠯᠲᠠ ᠪᠠᠨ ᠭᠦᠢᠴᠡᠳ ᠪᠦᠷᠢᠨ ᠠᠰᠢᠭᠯᠠᠵᠤ᠂ ᠠᠮᠢᠳᠤᠷᠠᠯ ᠳᠤ ᠨᠥᠬᠦᠪᠦᠷᠢ ᠢᠳᠡᠰᠢ ᠪᠣᠯᠭᠠᠭᠰᠠᠨ ᠢᠶᠠᠷ ᠪᠠᠷᠠᠬᠤ ᠦᠭᠡᠢ᠂ ᠨᠡᠩ ᠴᠢᠬᠤᠯᠠ ᠨᠢ ᠤᠷᠭᠤᠮᠠᠯ ᠤᠨ ᠪᠦᠲᠦᠴᠡ ᠳᠤ ᠰᠢᠨᠵᠢᠯᠡᠬᠦ ᠤᠬᠠᠭᠠᠨᠴᠢ ᠠᠵᠢᠭᠯᠠᠯᠲᠠ ᠬᠢᠵᠦ᠂ ᠤᠷᠭᠤᠮᠠᠯ ᠤᠨ ᠳᠣᠲᠣᠷᠠᠬᠢ ᠥᠨᠳᠥᠷ ᠦᠨ᠎ᠡ ᠥᠷᠳᠡᠭ ᠲᠠᠢ ᠬᠤᠪᠣᠷ ᠴᠤᠬᠠᠭ ᠡᠷᠳᠡᠨᠢ ᠶᠢ ᠢᠯᠡᠷᠡᠭᠦᠯᠵᠡᠢ᠃ ᠡᠨᠡ ᠨᠢ ᠢᠳᠡᠭᠡᠨ ᠤ ᠰᠣᠶᠣᠯ ᠤᠨ ᠲᠡᠭᠦᠯᠳᠡᠷᠵᠢᠭᠦᠯᠦᠯᠲᠡ ᠶᠢ ᠠᠬᠢᠭᠤᠯᠵᠤ᠂ ᠲᠥᠷᠥᠯ ᠵᠦᠢᠯ ᠤᠨ ᠬᠡᠷᠡᠭᠴᠡᠭᠡᠨ ᠤ ᠥᠷᠲᠡᠭ ᠢ ᠳᠡᠭᠡᠭᠰᠢᠯᠡᠭᠦᠯᠦᠭᠰᠡᠨ ᠪᠠᠶᠢᠨ᠎ᠠ᠃      ᠦᠵᠦᠮᠦᠴᠢᠨ ᠮᠣᠩᠭᠤᠯᠴᠤᠳ ᠪᠢᠯᠢᠭ ᠤᠨ ᠤᠯᠠᠷᠢᠯ ᠤᠨ 4 ᠰᠠᠷ᠎ᠠ ᠶᠢᠨ ᠰᠡᠭᠦᠯ 5 ᠰᠠᠷ᠎ᠠ ᠶᠢᠨ ᠡᠬᠢᠨ ᠳᠤ᠂ ᠬᠠᠵᠠᠭᠠᠷ ᠭᠤᠭᠤᠳ ᠲᠡᠭᠦᠵᠦ ᠲᠡᠳᠡᠨ ᠤ ᠪᠦᠬᠦ ᠵᠢᠯ ᠤᠨ ᠬᠡᠷᠡᠭᠯᠡᠬᠦ ᠭᠤᠭᠤᠳ ᠢᠶᠠᠨ ᠳᠠᠪᠤᠰᠤᠯᠠᠵᠤ ᠳᠠᠷᠤᠵᠤ ᠠᠪᠳᠠᠭ ᠃ ᠭᠤᠭᠤᠳ ᠦᠵᠦᠮᠦᠴᠢᠨ ᠤ ᠠᠭᠤᠯᠠᠷᠬᠠᠭ ᠣᠷᠣᠨ ᠳᠤ ᠶᠡᠭᠡ ᠤᠷᠭᠤᠨ᠎ᠠ᠃ ᠭᠤᠭᠤᠳ ᠪᠠᠩᠰᠢ ᠢᠳᠡᠬᠦ ᠳᠤ ᠣᠨᠴᠣᠭᠤᠢ ᠰᠠᠶᠢᠬᠠᠨ ᠬᠤᠯᠢᠰᠢ ᠪᠣᠯᠳᠠᠭ᠃ ᠵᠠᠭᠤᠰᠢ ᠢᠳᠡᠬᠦ ᠳᠤ ᠣᠨᠴᠠ ᠳᠡᠰ ᠤᠨ ᠨᠣᠭᠤᠭ᠎ᠠ ᠪᠠᠶᠢᠳᠠᠭ᠃ ᠭᠤᠭᠤᠳ ᠢ ᠪᠣᠳᠣᠩ ᠰᠠᠪᠠ ᠪᠠᠷ ᠳᠦᠭᠦᠷᠡᠩ ᠳᠠᠪᠤᠰᠤᠯᠠᠵᠤ ᠳᠠᠷᠤᠵᠤ ᠲᠠᠯᠪᠢᠭᠠᠳ᠂ ᠢᠳᠡᠬᠦ ᠳᠡᠭᠡᠨ ᠴᠠᠭ ᠤᠨ ᠬᠤᠭᠤᠯᠠ ᠳᠤ ᠵᠠᠭᠤᠬᠤ᠂ ᠮᠠᠯ ᠤᠨ ᠭᠡᠳᠡᠰᠦ ᠳᠣᠲᠣᠷ ᠴᠢᠳᠬᠤᠬᠤ ᠳᠤ ᠬᠢᠬᠦ ᠵᠡᠷᠭᠡ ᠮᠠᠰᠢ ᠣᠯᠠᠨ ᠲᠥᠷᠥᠯ ᠤᠨ ᠬᠤᠭᠤᠯᠠ ᠳᠤ ᠣᠷᠣᠳᠠᠭ ᠮᠠᠰᠢ ᠦᠨᠦᠷ ᠠᠮᠲᠠ ᠲᠠᠢ ᠢᠳᠡᠭᠡᠨ ᠪᠠᠶᠢᠳᠠᠭ᠃ 5 ~ 6 ᠰᠠᠷ᠎ᠠ ᠳᠤ ᠰᠢᠷ᠎ᠠ ᠴᠡᠴᠡᠭ ᠲᠡᠭᠦᠵᠦ ᠬᠠᠲᠠᠭᠠᠵᠤ ᠠᠪᠳᠠᠭ᠃ 7 ~ 8 ᠰᠠᠷ᠎ᠠ ᠳᠤ ᠴᠠᠭᠠᠨ ᠮᠥᠭᠦ ᠲᠡᠭᠦᠵᠦ ᠬᠤᠷᠢᠶᠠᠵᠤ ᠠᠪᠳᠠᠭ᠃ ᠡᠭᠦᠨ  ᠠᠴᠠ ᠭᠠᠳᠠᠨ᠎ᠠ ᠲᠡᠳᠡ ᠪᠠᠰᠠ ᠨᠣᠶᠠᠨ ᠰᠣᠩᠭᠢᠨ᠎ᠠ᠂ ᠦᠮᠡᠬᠡᠢ᠂ ᠰᠣᠩᠭᠢᠨ᠎ᠠ᠂ ᠲᠠᠭᠠᠨ᠎ᠠ᠂ ᠬᠦᠮᠡᠯᠢ᠂ ᠮᠠᠩᠭᠢᠷ᠂ ᠬᠠᠶᠢᠯᠠᠭᠠᠷ᠂ ᠰᠣᠷᠢᠰᠤ ᠁ ᠲᠡᠭᠦᠵᠦ ᠡᠯ᠎ᠡ ᠵᠦᠢᠯ ᠤᠨ ᠨᠣᠭᠤᠭ᠎ᠠ ᠵᠠᠭᠤᠰᠢ ᠬᠢᠵᠦ ᠢᠳᠡᠳᠡᠭ᠃ ᠪᠠᠰᠠ ᠰᠠᠷᠠᠨ᠎ᠠ᠂ ᠠᠵᠠᠭᠠᠨᠢ᠂ ᠰᠣᠶᠤᠭ᠎ᠠ᠂ ᠦᠷᠢᠯ᠂ ᠮᠣᠶᠢᠯ᠂ ᠳᠣᠯᠤᠭᠠᠨ᠎ᠠ᠂ ᠨᠣᠬᠠᠢ ᠶᠢᠨ ᠬᠤᠰᠢᠭᠤ᠂ ᠤᠯᠠᠭᠠᠨ᠎ᠠ᠂ ᠴᠠᠶᠢᠷ ᠤᠨ ᠦᠵᠦᠮ᠂ ᠣᠬᠤᠨᠠᠢ᠂ ᠲᠡᠮᠡᠭᠡᠨ ᠭᠦᠬᠦ ᠵᠡᠷᠭᠡ ᠵᠢᠮᠢᠰ ᠢ ᠲᠡᠭᠦᠵᠦ ᠠᠰᠢᠭᠯᠠᠳᠠᠭ᠃ ᠭᠦᠢᠯᠡᠰᠦ ᠲᠡᠭᠦᠵᠦ ᠲᠣᠰᠣ ᠴᠠᠶᠢᠯᠭᠠᠬᠤ᠂ ᠦᠷᠢᠯ ᠤᠨ ᠴᠠᠢ᠂ ᠰᠦᠳᠦ ᠶᠢᠨ ᠴᠠᠢ᠂ ᠵᠡᠭᠡᠷ ᠤᠨ ᠴᠠᠢ ᠲᠡᠭᠦᠵᠦ ᠪᠣᠯᠪᠠᠰᠤᠷᠠᠭᠤᠯᠬᠤ ᠮᠡᠷᠭᠡᠵᠢᠯ ᠪᠠᠰᠠ ᠳᠡᠯᠭᠡᠷᠡᠵᠦ ᠪᠠᠶᠢᠵᠠᠢ᠃      ᠨᠡᠩ ᠴᠦ ᠡᠮᠲᠦ ᠤᠷᠭᠤᠮᠠᠯ ᠢ ᠲᠡᠭᠦᠵᠦ ᠮᠣᠩᠭᠤᠯ ᠡᠮ ᠦᠢᠯᠡᠳᠪᠦᠷᠢᠯᠡᠨ ᠨᠠᠶᠢᠷᠠᠭᠤᠯᠵᠤ᠂ ᠬᠥᠮᠥᠨ ᠤ ᠡᠯ᠎ᠡ ᠵᠦᠢᠯ ᠤᠨ ᠡᠪᠡᠳᠴᠢᠨ ᠢ ᠡᠮᠴᠢᠯᠡᠨ ᠵᠠᠰᠠᠵᠤ ᠠᠨᠠᠭᠠᠬᠤ᠂ ᠮᠠᠯ ᠤᠨ ᠡᠯ᠎ᠡ ᠵᠦᠢᠯ ᠤᠨ ᠡᠪᠡᠳᠴᠢᠨ ᠢ ᠡᠮᠴᠢᠯᠡᠨ ᠵᠠᠰᠠᠬᠤ᠂ ᠡᠮ ᠲᠠᠩ ᠢ ᠥᠪᠡᠷ ᠲᠡᠭᠡᠨ ᠨᠠᠶᠢᠷᠠᠭᠤᠯᠤᠨ ᠦᠢᠯᠡᠳᠪᠦᠷᠢᠯᠡᠳᠡᠭ ᠪᠠᠶᠢᠵᠠᠢ᠃      ᠦᠵᠦᠮᠦᠴᠢᠨ ᠤ ᠡᠪᠡᠰᠦ ᠤᠷᠭᠤᠮᠠᠯ ᠤᠨ ᠵᠦᠢᠯ ᠢ ᠪᠣᠯᠪᠠᠰᠤᠷᠠᠭᠤᠯᠵᠤ᠂ ᠠᠮᠢᠳᠤᠷᠠᠯ ᠦᠢᠯᠡᠳᠪᠦᠷᠢᠯᠡᠯ ᠳᠤ ᠬᠡᠷᠡᠭᠯᠡᠭᠰᠡᠨ ᠨᠢ ᠪᠦᠷ ᠠᠵᠤ ᠠᠬᠤᠢ ᠶᠢᠨ ᠴᠢᠨᠠᠷ ᠲᠠᠢ᠂ ᠮᠡᠷᠭᠡᠵᠢᠯ ᠤᠨ ᠴᠢᠨᠠᠷ ᠲᠠᠢ ᠭᠠᠷ ᠦᠢᠯᠡᠳᠪᠦᠷᠢᠯᠡᠯ᠂ ᠠᠵᠤ ᠠᠬᠤᠢ ᠶᠢᠨ ᠠᠵᠢᠯᠯᠠᠭ᠎ᠠ ᠪᠠᠶᠢᠵᠠᠢ᠃      ︽ᠦᠵᠦᠮᠦᠴᠢᠨ ᠮᠣᠩᠭᠤᠯᠴᠤᠳ︾ ᠭᠤ᠂ ᠷᠠᠬᠸ᠎ᠠ      
 
ᠢᠷᠡᠯᠲᠡ᠄ ︽ᠦᠵᠦᠮᠦᠴᠢᠨ ᠮᠣᠩᠭᠤᠯᠴᠤᠳ︾
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号