ᠰᠡᠷᠭᠦᠯᠡᠩ ᠬᠠᠷᠠᠭᠠᠲᠤ ᠠᠭᠤᠯᠠ ᠨᠢ ᠪᠠᠷᠠᠭᠤᠨ ᠦᠵᠦᠮᠦᠴᠢᠨ ᠬᠤᠰᠢᠭᠤᠨ ᠤ ᠲᠥᠪ ᠪᠠᠯᠭᠠᠷᠭᠤᠣᠯ | ᠪᠠᠯᠭᠠᠰᠤᠨ ᠠᠴᠠ ᠪᠠᠷᠠᠭᠤᠨ ᠡᠮᠦᠨᠡᠰᠢ 40 ᠭᠠᠵᠠᠷ ᠵᠠᠶᠢᠲᠠᠢ ᠪᠠᠶᠢᠵᠤ᠂ ᠱᠠᠤᠳᠤ ᠭᠠᠴᠠᠭ᠎ᠠ ᠶᠢᠨ ᠨᠤᠲᠤᠭ ᠲᠤ ᠪᠣᠢ᠃ | ᠠᠭᠤᠯᠠ ᠶᠢᠨ ᠳᠣᠮᠤᠭ ᠢ ᠰᠡᠬᠦᠪᠡᠯ ᠴᠢᠩᠭᠢᠰ ᠬᠠᠭᠠᠨ ᠳᠠᠶᠢᠨ ᠳᠤ ᠮᠣᠷᠳᠠᠨ ᠳᠠᠶᠠᠩ ᠢ ᠨᠢᠭᠡᠳᠬᠡᠵᠦ ᠶᠠᠪᠤᠬᠤ | ᠳᠠᠭᠠᠨ ᠨᠢᠭᠡ ᠤᠳᠠᠭ᠎ᠠ ᠴᠢᠳᠦᠷ ᠲᠠᠢ ᠮᠣᠷᠢ ᠪᠠᠨ ᠠᠯᠳᠠᠵᠤ ᠭᠡᠨ᠎ᠡ᠃ ᠢᠩᠭᠢᠭᠡᠳ ᠡᠷᠢᠯ ᠪᠣᠯᠵᠤ ᠭᠠᠵᠠᠷ ᠭᠠᠵᠠᠷ | ᠰᠤᠷᠠᠭ ᠲᠠᠯᠪᠢᠵᠤ ᠠᠭᠤᠯᠠ ᠠᠭᠤᠯᠠᠨ ᠤ ᠣᠷᠣᠢ ᠳᠤ ᠭᠠᠷᠴᠤ᠂ ᠤᠰᠤ ᠤᠰᠤᠨ ᠤ ᠤᠷᠤᠰᠬᠠᠯ ᠢ ᠳᠠᠭᠠᠵᠤ ᠬᠡᠴᠢᠨᠡᠨ | ᠡᠷᠢᠭᠰᠡᠨ ᠪᠣᠯᠪᠠᠴᠤ ᠣᠯᠣᠭᠰᠠᠨ ᠦᠭᠡᠢ ᠭᠡᠨ᠎ᠡ᠃ ᠨᠢᠭᠡ ᠡᠳᠦᠷ ᠴᠢᠩᠭᠢᠰ ᠬᠠᠭᠠᠨ ᠮᠣᠷᠢᠯᠠᠵᠤ ᠶᠠᠪᠤᠭᠰᠠᠭᠠᠷ ᠨᠢᠭᠡᠨᠲᠡ | ᠦᠵᠦᠮᠦᠴᠢᠨ ᠨᠤᠲᠤᠭ ᠲᠤ ᠢᠷᠡᠭᠰᠡᠨ ᠪᠠᠶᠢᠵᠠᠢ᠃ ᠲᠡᠷᠡ ᠵᠠᠮ ᠤᠨ ᠬᠠᠵᠠᠭᠤ ᠳᠤ ᠨᠢᠭᠡ ᠠᠯᠤᠰ ᠢ ᠪᠠᠷᠠᠯᠠᠵᠤ᠂ | ᠬᠤᠯᠠ ᠶᠢ ᠬᠠᠷᠠᠭᠠᠯᠠᠵᠤ ᠪᠣᠯᠣᠮᠠᠷ ᠰᠠᠶᠢᠬᠠᠨ ᠠᠭᠤᠯᠠ ᠪᠠᠶᠢᠬᠤ ᠶᠢ ᠦᠵᠡᠭᠡᠳ ᠠᠯᠳᠠᠭᠠᠳ ᠤᠳᠠᠭᠰᠠᠨ ᠴᠢᠳᠦᠷ ᠲᠠᠢ | ᠮᠣᠷᠢ ᠪᠠᠨ ᠠᠵᠢᠭᠯᠠᠬᠤ ᠶᠢ ᠰᠠᠨᠠᠵᠤ᠂ ᠲᠡᠷᠡ ᠠᠭᠤᠯᠠ ᠶᠢᠨ ᠣᠷᠣᠢ ᠳᠤ ᠭᠠᠷᠴᠤ ᠰᠠᠭᠠᠲᠠᠭᠠᠳ᠂ ᠬᠤᠯᠠ ᠣᠶᠢᠷ᠎ᠠ | ᠶᠢᠨ ᠪᠠᠷ᠎ᠠ ᠶᠢ ᠪᠠᠷᠠᠯᠠᠨ ᠰᠢᠷᠲᠡᠵᠦ ᠪᠠᠶᠢᠲᠠᠯ᠎ᠠ ᠭᠡᠨᠡᠳᠲᠡ ᠴᠢᠳᠦᠷ ᠲᠠᠢ ᠮᠣᠷᠢ ᠨᠢ ᠠᠯᠤᠰ ᠲᠡᠷᠲᠡᠭᠡ ᠶᠢᠨ ︽ᠡᠵᠢ | ᠨᠠᠭᠤᠷ ᠤᠨ ᠭᠤᠪᠢ︾ ᠳᠤ ᠢᠳᠡᠰᠢᠯᠡᠵᠦ ᠪᠠᠶᠢᠬᠤ ᠨᠢ ᠲᠣᠪ ᠲᠣᠳᠣᠷᠬᠠᠢ ᠬᠠᠷᠠᠭᠳᠠᠵᠤ ᠭᠡᠨ᠎ᠡ᠃ ᠴᠢᠩᠭᠢᠭᠡᠳ | ᠴᠢᠩᠭᠢᠰ ᠬᠠᠭᠠᠨ ᠡᠵᠢ ᠨᠠᠭᠤᠷ ᠤᠨ ᠭᠤᠪᠢ ᠠᠴᠠ ᠠᠯᠳᠠᠭᠰᠠᠨ ᠮᠣᠷᠢ ᠪᠠᠨ ᠣᠯᠵᠤ ᠠᠪᠤᠭᠠᠳ ᠮᠠᠰᠢ ᠪᠠᠶᠠᠷᠯᠠᠵᠤ᠂ | ︽ᠡᠨᠡ ᠠᠭᠤᠯᠠ ᠶᠢ ᠰᠡᠷᠭᠦᠯᠡᠩ ᠬᠠᠷᠠᠭᠠᠲᠤ ᠶᠢᠨ ᠠᠭᠤᠯᠠ ᠭᠡᠵᠦ ᠨᠡᠷᠡᠯᠡᠶ᠎ᠡ︾ ᠬᠡᠮᠡᠨ ᠵᠠᠷᠯᠢᠭ ᠪᠠᠭᠤᠯᠭᠠᠭᠰᠠᠨ ᠠᠴᠠ | ᠲᠡᠷᠡ ᠠᠭᠤᠯᠠ ᠶᠢ ᠡᠳᠦᠭᠡ ᠪᠣᠯᠲᠠᠯ᠎ᠠ ᠰᠡᠷᠭᠦᠯᠡᠩ ᠬᠠᠷᠠᠭᠠᠲᠤ ᠬᠡᠮᠡᠨ ᠨᠡᠷᠡᠯᠡᠭᠰᠡᠭᠡᠷ ᠢᠷᠠᠵᠠᠢ᠃ |