| ᠦᠵᠦᠮ ᠤᠨ ᠠᠭᠤᠯᠠ ᠨᠢ ᠦᠵᠦᠮᠦᠴᠢᠨ ᠮᠣᠩᠭᠤᠯᠴᠤᠳ ᠤᠨ ᠭᠠᠷᠤᠯ ᠨᠡᠷᠡᠶᠢᠳᠦᠯ ᠢ ᠲᠣᠳᠣᠷᠬᠠᠶᠢᠯᠠᠬᠤ ᠳᠤ | ᠵᠠᠩᠭᠢᠯᠠᠭ᠎ᠠ ᠪᠣᠯᠳᠠᠭ ᠤᠴᠢᠷ ᠠᠴᠠ ᠳᠣᠲᠣᠭᠠᠳᠤ ᠭᠠᠳᠠᠭᠠᠳᠤ ᠶᠢᠨ ᠡᠷᠳᠡᠮᠲᠡᠨ ᠮᠡᠷᠭᠡᠳ ᠤᠨ ᠠᠩᠬᠠᠷᠤᠯ ᠢ | ᠲᠠᠲᠠᠭᠰᠠᠭᠠᠷ ᠢᠷᠠᠵᠠᠢ᠃ ᠳᠣᠲᠣᠭᠠᠳᠤ ᠭᠠᠳᠠᠭᠠᠳᠤ ᠶᠢᠨ ᠰᠤᠳᠤᠯᠤᠭᠴᠢᠳ ᠤᠨ ᠳᠣᠲᠣᠷ᠎ᠠ ᠮᠣᠩᠭᠤᠯ ᠤᠯᠤᠰ ᠤᠨ ᠵ᠊᠂ | ᠭᠤᠩᠴᠤᠭᠵᠠᠪ ᠤᠨ ᠰᠤᠳᠤᠯᠤᠯ ᠨᠡᠯᠢᠶᠡᠳ ᠲᠥᠯᠥᠭᠡᠯᠡᠬᠦ ᠴᠢᠨᠠᠷ ᠲᠠᠢ ᠶᠤᠮ᠃ ᠲᠡᠷᠡ ᠡᠷᠳᠡᠮᠲᠡᠨ ᠢᠶᠠᠷ ᠣᠳᠣ ᠶᠢᠨ | ᠠᠯᠲᠠᠢ ᠠᠭᠤᠯᠠᠨ ᠠᠴᠠ ᠠᠷᠤ ᠳᠤ᠂ ᠬᠠᠩᠭᠠᠢ ᠠᠭᠤᠯᠠᠨ ᠠᠴᠠ ᠡᠮᠦᠨ᠎ᠡ ᠬᠤᠶᠠᠷ ᠶᠡᠭᠡ ᠠᠭᠤᠯᠠ ᠶᠢᠨ ᠬᠤᠭᠤᠷᠣᠨᠳᠤ | ᠣᠷᠣᠰᠢᠬᠤ ︽ᠭᠠᠭᠴᠠᠬᠠᠨ ᠱᠣᠪᠬᠤ ᠠᠭᠤᠯᠠ ᠶᠢ ︵ᠦᠵᠦᠮ ᠤᠨ ᠠᠭᠤᠯᠠ︶ ᠬᠡᠮᠡᠨ ᠨᠡᠷᠡᠯᠡᠳᠡᠭ ᠪᠣᠯᠣᠯᠲᠠᠢ ︾ | ᠭᠡᠵᠦ ᠰᠤᠳᠤᠯᠭᠠᠨ ᠤ ᠵᠣᠬᠢᠶᠠᠯ ᠳᠠᠭᠠᠨ ᠪᠢᠴᠢᠵᠡᠢ᠃ ︵︽ᠦᠵᠦᠮᠦᠴᠢᠨ ᠤ ᠲᠡᠦᠬᠡ ᠶᠢᠨ ᠪᠠᠷᠢᠮᠲᠠ ᠪᠢᠴᠢᠭ ᠤᠳ︾ | ᠂ 222 ᠳ᠋ᠤᠭᠠᠷ ᠨᠢᠭᠤᠷ ᠲᠤ︶ | | ᠡᠨᠡ ᠰᠤᠳᠤᠯᠤᠯ ᠨᠢ ᠦᠵᠦᠮᠦᠴᠢᠨ ᠮᠣᠩᠭᠤᠯᠴᠤᠳ ᠤᠨ ᠤᠯᠠᠮᠵᠢᠯᠠᠯᠲᠤ ᠲᠡᠦᠬᠡ ᠪᠠᠷ ᠰᠠᠭᠤᠷᠢᠯᠠᠭᠰᠠᠨ | ᠪᠣᠯᠬᠤᠷ᠂ ᠲᠡᠳᠡᠨ ᠤ ᠵᠢᠩᠬᠢᠨᠢ ᠤᠤᠯ ᠨᠤᠲᠤᠭ ᠲᠠᠢ ᠨᠡᠯᠢᠶᠡᠳ ᠣᠶᠢᠷᠠᠯᠴᠠᠭ᠎ᠠ ᠪᠠᠶᠢᠬᠤ ᠨᠢ ᠯᠠᠪᠲᠠᠢ᠃ ᠲᠡᠷᠡ ︽ | ᠦᠵᠦᠮ ᠤᠨ ᠠᠭᠤᠯᠠ︾ ᠶᠢ ᠠᠯᠲᠠᠢ ᠨᠢᠷᠤᠭᠤ ᠪᠣᠯᠣᠨ ᠬᠠᠩᠭᠠᠢ ᠠᠭᠤᠯᠠ ᠶᠢᠨ ᠳᠤᠮᠳᠠ ᠲᠠᠯᠪᠢᠵᠤ ᠠᠯᠲᠠᠢ — | ᠬᠠᠩᠭᠠᠢ ᠶᠢ ᠬᠤᠯᠪᠣᠭᠰᠠᠨ ᠪᠠᠶᠢᠨ᠎ᠠ᠃ ᠭᠡᠪᠡᠴᠦ ︽ᠭᠠᠭᠴᠠᠬᠠᠨ ᠱᠣᠪᠬᠤ ᠠᠭᠤᠯᠠ︾ ᠪᠠᠷ ᠦᠵᠦᠮ ᠤᠨ ᠠᠭᠤᠯᠠ | ᠶᠢ ᠵᠢᠱᠢᠭᠰᠡᠨ ᠨᠢ ᠨᠡᠯᠢᠶᠡᠳ ᠢᠪᠴᠤᠤ ᠪᠣᠯᠣᠭᠰᠠᠨ ᠪᠠᠶᠢᠨ᠎ᠠ᠃ | | ᠦᠵᠦᠮᠦᠴᠢᠨ ᠮᠣᠩᠭᠤᠯᠴᠤᠳ ᠤᠨ ᠶᠠᠷᠢᠳᠠᠭ ︽ᠦᠵᠦᠮ ᠤᠨ ᠠᠭᠤᠯᠠ︾ ᠪᠣᠯ ᠨᠢᠭᠡᠨ ᠶᠡᠷᠦᠩᠬᠡᠶᠢᠯᠡᠭᠰᠡᠨ | ᠴᠢᠨᠠᠷᠲᠠᠢ ᠨᠡᠷᠡᠶᠢᠳᠦᠯ ᠪᠣᠯᠬᠤᠷ ᠬᠡᠪᠴᠢᠶ᠎ᠡ ᠪᠠᠷ ᠶᠡᠭᠡ᠂ ᠪᠠᠶᠢᠴᠠ ᠪᠠᠭᠲᠠᠭᠠᠮᠵᠢ ᠲᠠᠢ ᠶᠤᠮ᠃ ᠲᠡᠳᠡ ᠦᠵᠦᠮ ᠤᠨ | ᠠᠭᠤᠯᠠ ᠶᠢ ᠶᠠᠷᠢᠬᠤ ᠪᠣᠯᠭᠠᠨ ︽ᠦᠵᠦᠮ ᠤᠨ ᠴᠠᠭᠠᠨ ᠠᠭᠤᠯᠠ — ᠠᠯᠲᠠᠢ ᠬᠠᠩᠭᠠᠢ︾ ᠭᠡᠵᠦ ᠬᠤᠯᠪᠣᠵᠤ | ᠦᠵᠦᠮ ᠤᠨ ᠴᠠᠭᠠᠨ ᠠᠭᠤᠯᠠ ᠶᠢᠨ ᠪᠠᠶᠢᠴᠠ ᠶᠢ ᠠᠯᠲᠠᠢ ᠬᠠᠩᠭᠠᠢ ᠪᠠᠷ ᠲᠣᠳᠣᠳᠬᠠᠳᠠᠭ᠃ ᠡᠰᠡᠬᠦᠯ᠎ᠡ ᠠᠯᠲᠠᠢ | ᠬᠠᠩᠭᠠᠢ ᠶᠢ ᠶᠠᠷᠢᠬᠤ ᠳᠠᠭᠠᠨ ︽ᠠᠯᠲᠠᠢ ᠬᠠᠩᠭᠠᠢ — ᠦᠵᠦᠮ ᠤᠨ ᠠᠭᠤᠯᠠ︾ ᠭᠡᠵᠦ ᠬᠤᠯᠪᠣᠵᠤ ᠠᠯᠲᠠᠢ ᠬᠠᠩᠭᠠᠢ | ᠶᠢ ᠦᠵᠦᠮ ᠤᠨ ᠠᠭᠤᠯᠠ ᠪᠠᠷ ᠲᠣᠳᠣᠳᠬᠠᠳᠠᠭ ᠪᠢᠯᠡ᠃ | | ︽ᠦᠵᠦᠮ ᠤᠨ ᠠᠭᠤᠯᠠ — ᠠᠯᠲᠠᠢ ᠬᠠᠩᠭᠠᠢ︾ ᠡᠰᠡᠬᠦᠯ᠎ᠡ ︽ᠠᠯᠲᠠᠢ ᠬᠠᠩᠭᠠᠢ — ᠦᠵᠦᠮ ᠤᠨ | ᠠᠭᠤᠯᠠ︾ ᠬᠡᠮᠡᠨ ᠲᠡᠷᠡ ᠬᠤᠶᠠᠷ ᠨᠡᠷᠡᠶᠢᠳᠦᠯ ᠢ ᠬᠤᠭᠤᠷᠣᠨᠳᠤ ᠨᠢ ᠰᠠᠯᠭᠠᠳᠠᠭ ᠦᠭᠡᠢ ᠨᠡᠷᠡᠯᠡᠳᠡᠭ ᠨᠢ ᠶᠠᠮᠠᠷ ᠴᠦ | ᠤᠴᠢᠷ ᠰᠢᠯᠲᠠᠭᠠᠨ ᠦᠭᠡᠢ ᠪᠢᠰᠢ ᠶᠤᠮ᠃ ᠥᠭᠡᠷ᠎ᠡ ᠪᠠᠷ ᠬᠡᠯᠡᠪᠡᠯ ᠦᠵᠦᠮ ᠵᠢᠮᠢᠰ ᠤᠷᠭᠤᠳᠠᠭ ︽ᠦᠵᠦᠮ ᠤᠨ | ᠠᠭᠤᠯᠠ — ᠠᠯᠲᠠᠢ ᠬᠠᠩᠭᠠᠢ︾ ᠡᠰᠡᠬᠦᠯ᠎ᠡ ︽ᠠᠯᠲᠠᠢ ᠬᠠᠩᠭᠠᠢ — ᠦᠵᠦᠮ ᠤᠨ ᠠᠭᠤᠯᠠ︾ ᠪᠣᠯ ᠨᠢᠭᠡᠨ | ᠨᠢᠭᠡᠳᠦᠯᠲᠡᠢ ᠴᠣᠭᠴᠠ ᠪᠠᠶᠢᠵᠤ᠂ ᠦᠵᠦᠮ ᠤᠨ ᠠᠭᠤᠯᠠ ᠭᠡᠰᠡᠨ ᠨᠡᠷ᠎ᠡ ᠪᠣᠯ ᠠᠯᠲᠠᠢ ᠬᠠᠩᠭᠠᠢ ᠬᠤᠶᠠᠷ ᠶᠡᠭᠡ | ᠠᠭᠤᠯᠠ ᠶᠢ ᠪᠠᠭᠲᠠᠭᠠᠭᠰᠠᠨ ᠨᠡᠷᠡᠶᠢᠳᠦᠯ ᠪᠣᠯᠬᠤ ᠶᠢ ᠲᠤᠰᠬᠠᠭᠰᠠᠨ ᠪᠠᠶᠢᠨ᠎ᠠ᠃ | | ᠡᠶᠢᠮᠦ ᠠᠴᠠ ︽ᠦᠵᠦᠮ ᠤᠨ ᠠᠭᠤᠯᠠ︾ ᠭᠡᠵᠦ ᠨᠡᠷᠡᠶᠢᠳᠦᠭᠰᠡᠨ ᠭᠠᠵᠠᠷ ᠤᠨ ᠪᠠᠶᠢᠴᠠ ᠪᠣᠯ ᠮᠣᠩᠭᠤᠯ ᠤᠨ | ᠥᠨᠳᠦᠷᠯᠢᠭ ᠤᠨ ᠭᠤᠣᠯ ᠬᠡᠰᠡᠭ ᠠᠯᠲᠠᠢ — ᠬᠠᠩᠭᠠᠢ ᠶᠢᠨ ᠠᠭᠤᠯᠠ ᠨᠢᠷᠤᠭᠤᠳ ᠪᠣᠯᠬᠤ ᠠᠵᠠᠢ᠃ ᠡᠨᠡ ᠲᠤᠬᠠᠢ | ᠦᠵᠦᠮᠦᠴᠢᠨ ᠮᠣᠩᠭᠤᠯᠴᠤᠳ ᠪᠠᠰᠠ᠄ ︽ᠦᠵᠦᠮ ᠤᠨ ᠠᠭᠤᠯᠠ ᠪᠣᠯ ᠬᠠᠯᠬ᠎ᠠ ᠶᠢᠨ ᠪᠠᠷᠠᠭᠤᠨ ᠵᠠᠬ᠎ᠠ ᠳᠤ ᠪᠠᠶᠢᠨ᠎ᠠ᠃ | ᠵᠡᠷᠯᠢᠭ ᠪᠣᠷᠣ ᠦᠵᠦᠮ ᠶᠡᠭᠡ ᠤᠷᠭᠤᠳᠠᠭ ᠭᠠᠵᠠᠷ ᠶᠤᠮ᠃ ᠮᠣᠷᠢ ᠲᠠᠢ ᠬᠥᠮᠥᠨ ᠶᠠᠪᠤᠪᠠᠯ ᠮᠣᠷᠢᠨ ᠲᠤᠭᠤᠷᠠᠢ ᠳᠤ | ᠦᠵᠦᠮ ᠤᠨ ᠰᠢᠭᠦᠰᠦ ᠰᠢᠪᠬᠠᠶᠢᠷᠠᠳᠠᠭ︶ ᠭᠡᠵᠦ ᠨᠡᠯᠢᠶᠡᠳ ᠲᠣᠳᠣᠷᠬᠠᠢ ᠬᠠᠭᠤᠴᠢᠯᠠᠭᠰᠠᠨ ᠪᠠᠶᠢᠳᠠᠭ᠃ ︵︽ | ᠦᠵᠦᠮᠦᠴᠢᠨ ᠤ ᠲᠡᠦᠬᠡ ᠶᠢᠨ ᠪᠠᠷᠢᠮᠲᠠ ᠪᠢᠴᠢᠭ ᠤᠳ︾᠂ 220 ᠳ᠋ᠤᠭᠠᠷ ᠨᠢᠭᠤᠷ ᠲᠤ︶ | | ᠢᠯᠠᠩᠭᠤᠶ᠎ᠠ ︽ᠦᠵᠦᠮ ᠤᠨ ᠠᠭᠤᠯᠠ︾ ᠪᠣᠯ ᠠᠯᠲᠠᠢ ᠬᠠᠩᠭᠠᠢ ᠶᠢᠨ ᠠᠭᠤᠯᠠ ᠨᠢᠷᠤᠭᠤᠳ ᠪᠠᠶᠢᠵᠤ᠂ | ᠲᠡᠨᠳᠡ ᠦᠵᠦᠮ ᠵᠢᠮᠢᠰ ᠡᠯᠪᠡᠭ ᠤᠷᠭᠤᠳᠠᠭ ᠲᠤᠬᠠᠢ ᠦᠵᠦᠮᠦᠴᠢᠨ ᠮᠣᠩᠭᠤᠯᠴᠤᠳ ᠤᠨ ︽ᠣᠷᠳᠣᠨ ᠰᠦᠯᠳᠡ ᠶᠢᠨ | ᠳᠠᠬᠢᠯᠭ᠎ᠠ︾ ᠶᠢᠨ ︽ᠭᠤᠷᠪᠠᠨ ᠳᠠᠭᠤᠤ︾ ᠳᠤ ᠪᠠᠰᠠ ᠲᠣᠳᠣᠷᠬᠠᠢ ᠢᠯᠡᠳᠬᠡᠨ᠂ ᠦᠶ᠎ᠡ ᠤᠯᠠᠷᠢᠨ ᠣᠷᠳᠣᠨ | ᠰᠦᠯᠳᠡ ᠶᠢᠨ ᠳᠠᠬᠢᠯᠭ᠎ᠠ ᠳᠠᠭᠠᠨ ᠳᠠᠭᠤᠯᠠᠭᠰᠠᠭᠠᠷ ᠢᠷᠠᠵᠠᠢ᠃ ᠲᠡᠶᠢᠨᠬᠦ ︽ᠶᠡᠭᠡ ᠪᠣᠭᠳᠠ ᠪᠤᠯᠠᠭᠠᠨ ᠬᠠᠩᠭᠠᠢ︾ | ᠬᠡᠮᠡᠬᠦ ᠳᠠᠭᠤᠤ ᠳᠤ᠄ | | ︽ᠶᠡᠭᠡ ᠪᠣᠭᠳᠠ ᠪᠤᠯᠠᠭᠠᠨ ᠬᠠᠩᠭᠠᠢ | ᠠᠭᠤᠵᠢᠮᠬᠠᠨ ᠲᠡᠨᠢᠭᠦᠬᠡᠨ ᠮᠠᠨ ᠤ ᠬᠠᠩᠭᠠᠢ | ᠠᠷᠤ ᠠᠷᠤ ᠳᠠᠭᠠᠨ ᠠᠯᠢᠮ᠎ᠠ ᠲᠠᠢ ᠬᠠᠩᠭᠠᠢ | ᠠᠯᠢᠮ᠎ᠠ ᠶᠢᠨ ᠰᠢᠯᠮᠦᠦᠰᠦ ᠳᠡᠯᠭᠡᠷᠡᠭᠰᠡᠨ ᠬᠠᠩᠭᠠᠢ | ᠥᠪᠥᠷ ᠥᠪᠥᠷ ᠲᠡᠭᠡᠨ ᠦᠵᠦᠮ ᠲᠠᠢ ᠬᠠᠩᠭᠠᠢ | ᠦᠵᠦᠮ ᠤᠨ ᠰᠢᠯᠮᠦᠦᠰᠦ ᠪᠦᠷᠬᠦᠭᠰᠡᠨ ᠬᠠᠩᠭᠠᠢ | ᠬᠠᠵᠠᠭᠤ ᠲᠠᠯ᠎ᠠ ᠳᠠᠭᠠᠨ ᠬᠠᠶᠢᠯᠠᠰᠤ ᠲᠠᠢ ᠬᠠᠩᠭᠠᠢ | ᠬᠠᠨᠠᠭᠠᠷ ᠰᠠᠶᠢᠬᠠᠨ ᠮᠠᠨ ᠤ ᠬᠠᠩᠭᠠᠢ | ᠨᠠᠷᠠᠨ ᠲᠠᠯ᠎ᠠ ᠳᠠᠭᠠᠨ ᠨᠠᠷᠠᠰᠤ ᠲᠠᠢ ᠬᠠᠩᠭᠠᠢ | ᠨᠠᠮᠤᠭᠤᠬᠠᠨ ᠰᠠᠶᠢᠬᠠᠨ ᠮᠠᠨ ᠤ ᠬᠠᠩᠭᠠᠢ | ᠠᠭᠤᠯᠠ ᠠᠭᠤᠯᠠ ᠳᠠᠭᠠᠨ ᠤᠨᠢᠶᠠᠷ ᠲᠠᠢ ᠬᠠᠩᠭᠠᠢ | ᠠᠭᠤᠵᠢᠮ ᠰᠠᠶᠢᠬᠠᠨ ᠮᠠᠨ ᠤ ᠬᠠᠩᠭᠠᠢ | ᠰᠢᠯᠢ ᠰᠢᠯᠢ ᠳᠡᠭᠡᠨ ᠰᠢᠮᠠᠷᠭ᠎ᠠ ᠲᠠᠢ ᠬᠠᠩᠭᠠᠢ | ᠰᠡᠩᠭᠢᠨᠡᠭᠰᠡᠨ ᠰᠠᠶᠢᠬᠠᠨ ᠮᠠᠨ ᠤ ᠬᠠᠩᠭᠠᠢ︾ ᠭᠡᠵᠦ ᠭᠠᠷᠳᠠᠭ᠃ ᠲᠤᠰ ᠳᠠᠭᠤᠨ ᠤ | ︽ᠶᠡᠭᠡ ᠪᠣᠭᠳᠠ ᠪᠤᠯᠠᠭᠠᠨ ᠬᠠᠩᠭᠠᠢ | ᠠᠭᠤᠵᠢᠮᠬᠠᠨ ᠲᠡᠨᠢᠭᠦᠬᠡᠨ ᠮᠠᠨ ᠤ ᠬᠠᠩᠭᠠᠢ | ᠠᠷᠤ ᠠᠷᠤ ᠳᠠᠭᠠᠨ ᠠᠯᠢᠮ᠎ᠠ ᠲᠠᠢ ᠬᠠᠩᠭᠠᠢ | ᠠᠯᠢᠮ᠎ᠠ ᠶᠢᠨ ᠰᠢᠯᠮᠦᠦᠰᠦ ᠳᠡᠯᠭᠡᠷᠡᠭᠰᠡᠨ ᠬᠠᠩᠭᠠᠢ | ᠥᠪᠥᠷ ᠥᠪᠥᠷ ᠲᠡᠭᠡᠨ ᠦᠵᠦᠮ ᠲᠠᠢ ᠬᠠᠩᠭᠠᠢ | ᠦᠵᠦᠮ ᠤᠨ ᠰᠢᠯᠮᠦᠦᠰᠦ ᠪᠦᠷᠬᠦᠭᠰᠡᠨ ᠬᠠᠩᠭᠠᠢ︾ ᠬᠡᠮᠡᠬᠦ ᠮᠥᠷ ᠤᠳ ᠨᠢ ᠰᠣᠨᠢᠷᠬᠠᠯ ᠲᠠᠢ ᠪᠥᠭᠡᠳ | ᠲᠤᠰ ᠳᠠᠭᠤᠤ ᠦᠵᠦᠮᠦᠴᠢᠨ ᠤ ᠣᠷᠳᠣᠨ ᠰᠦᠯᠳᠡ ᠶᠢᠨ ᠳᠠᠬᠢᠯᠭ᠎ᠠ ᠶᠢᠨ ᠳᠠᠭᠤᠤ ᠪᠣᠯᠣᠨ ᠵᠢᠭᠰᠠᠭᠠᠭᠳᠠᠭᠰᠠᠨ ᠨᠢ | ᠨᠡᠩ ᠴᠦ ᠰᠣᠨᠢᠷᠬᠠᠯ ᠲᠠᠢ ᠪᠢᠯᠡ᠃ ᠡᠨᠡ ᠳᠠᠭᠤᠨ ᠳᠤ ᠬᠠᠩᠭᠠᠢ ᠶᠢ ︽ᠪᠣᠭᠳᠠ︾ ᠭᠡᠵᠦ ᠬᠦᠨᠳᠦᠳᠬᠡᠨ | ᠡᠷᠭᠦᠮᠵᠢᠯᠡᠭᠡᠳ ︽ᠮᠠᠨ ᠤ ᠬᠠᠩᠭᠠᠢ︾ ᠬᠡᠮᠡᠨ ᠲᠣᠳᠣᠳᠬᠠᠵᠤ᠂ ᠬᠠᠩᠭᠠᠢ ᠳᠤ ︽ᠠᠯᠢᠮ᠎ᠠ︾᠂ ︽ᠦᠵᠦᠮ︾ | ᠤᠷᠭᠤᠵᠤ᠂ ︽ᠦᠵᠦᠮ ᠵᠢᠮᠢᠰ ᠲᠠᠢ︾ ᠦᠵᠦᠮ ᠤᠨ ᠠᠭᠤᠯᠠ ᠪᠣᠯᠬᠤ ᠶᠢ ᠢᠯᠡᠳᠬᠡᠭᠰᠡᠨ ᠪᠣᠯᠬᠤᠷ ︽ᠰᠦᠯᠳᠡ | ᠳᠠᠭᠤᠤ︾ ᠪᠣᠯᠣᠨ ᠦᠯᠡᠳᠡᠭᠰᠡᠨ ᠭᠡᠵᠦ ᠦᠵᠡᠯᠲᠡᠢ᠃ | | ︽ᠦᠵᠦᠮ ᠤᠨ ᠠᠭᠤᠯᠠ︾ ᠶᠢ ᠠᠯᠲᠠᠢ — ᠠᠷᠤ ᠬᠠᠩᠭᠠᠢ ᠠᠭᠤᠯᠠ ᠪᠣᠯᠬᠤ ᠶᠢ ᠦᠵᠦᠮᠦᠴᠢᠨ | ᠨᠤᠲᠤᠭ ᠤᠨ ᠬᠢᠨ ᠠᠯᠢ ᠡᠷᠲᠡ ᠠᠴᠠ ᠪᠠᠨ ᠲᠡᠦᠬᠡᠴᠢᠯᠡᠵᠦ ᠢᠷᠠᠪᠠ᠃ ᠪᠠᠷᠠᠭᠤᠨ ᠦᠵᠦᠮᠦᠴᠢᠨ ᠬᠤᠰᠢᠭᠤ 1961 | ᠣᠨ ᠳᠤ ᠲᠡᠦᠬᠡᠨ ᠮᠠᠲ᠋ᠧᠷᠢᠶᠠᠯ ᠬᠢᠭᠡᠳ ᠡᠯ᠎ᠡ ᠡᠲᠡᠭᠡᠳ ᠤᠨ ᠣᠯᠠᠨ ᠵᠠᠭᠤᠨ ᠬᠥᠮᠥᠨ ᠠᠴᠠ ᠳᠠᠬᠢᠨ ᠳᠠᠪᠲᠠᠨ | ᠰᠤᠷᠪᠤᠯᠵᠢᠯᠠᠵᠤ ᠪᠠᠶᠢᠭᠠᠳ᠂ ︽ᠰᠢᠯᠢ ᠶᠢᠨ ᠭᠤᠣᠯ ᠠᠶᠢᠮᠠᠭ ᠤᠨ ᠪᠠᠷᠠᠭᠤᠨ ᠦᠵᠦᠮᠦᠴᠢᠨ ᠬᠤᠰᠢᠭᠤᠨ ᠤ ᠲᠡᠦᠬᠡ | ᠶᠢᠨ ᠲᠤᠬᠠᠢ ᠳᠥᠭᠦᠮ ᠲᠡᠮᠳᠡᠭᠯᠡᠯ︾ ︵ᠨᠣᠣᠷᠠᠭ︶ ᠢ ᠨᠠᠶᠢᠷᠠᠭᠤᠯᠬᠤ ᠳᠠᠭᠠᠨ ︽ᠦᠵᠦᠮᠦᠴᠢᠨ ᠤ ᠡᠪᠦᠭᠡ ᠳᠡᠭᠡᠳᠦᠰ | ᠤᠳ ᠨᠢ 1160 ᠭᠠᠳ ᠣᠨ ᠤ ᠦᠶ᠎ᠡ ᠳᠤᠷ ᠡᠸᠦ᠋ᠷᠦᠫᠡ ᠶᠢᠨ ᠠᠯᠲᠠᠢ ᠬᠠᠩᠭᠠᠢ ᠶᠢᠨ ᠬᠠᠷᠢᠶ᠎ᠠ ᠳᠠᠬᠢ ᠦᠵᠦᠮ | ᠤᠨ ᠠᠭᠤᠯᠠ᠂ ᠢᠵᠢᠯ ᠮᠥᠷᠡᠨ ᠤ ᠣᠷᠴᠢᠮ ᠠᠴᠠ ᠮᠠᠯᠯᠠᠵᠤ ᠠᠩᠨᠠᠭᠰᠠᠭᠠᠷ ᠶᠠᠪᠤᠵᠤ ᠲᠤᠰ ᠭᠠᠵᠠᠷ ᠲᠤ ᠢᠷᠠᠵᠤ | ᠨᠤᠲᠤᠭᠯᠠᠵᠠᠢ ᠭᠡᠳᠡᠭ︾ ︵ᠡᠭᠦᠨ ᠢ ᠭᠤᠣᠯᠳᠠᠭᠤ ᠠᠷᠠᠳ ᠤᠨ ᠠᠮᠠᠨ ᠤᠯᠠᠮᠵᠢᠯᠠᠯ ᠢᠶᠠᠷ ᠪᠢᠴᠢᠭᠰᠡᠨ ᠢ ᠮᠡᠳᠡᠭᠳᠡᠶ᠎ᠡ ᠁ | ︶ ᠭᠡᠵᠡᠢ᠃ ᠪᠠᠷᠠᠭᠤᠨ ᠦᠵᠦᠮᠦᠴᠢᠨ ᠬᠤᠰᠢᠭᠤᠨ ᠤ ᠣᠷᠣᠨ ᠨᠤᠲᠤᠭ ᠤᠨ ᠲᠡᠦᠬᠡ ᠡᠮᠬᠢᠳᠬᠡᠬᠦ ᠠᠯᠪᠠᠨ ᠭᠡᠷ | 1980 ᠠᠭᠠᠳ ᠣᠨ ᠤ ᠡᠬᠢᠨ ᠳᠤ ᠳ᠋᠊᠂ ᠵᠢᠮᠪᠠᠵᠠᠮᠰᠤ᠂ ᠴᠢᠯᠠᠭᠤᠬᠠᠷᠰᠯᠠᠨ ᠬᠤᠶᠠᠷ ᠨᠥᠬᠦᠷ ᠢ ᠲᠣᠮᠢᠯᠠᠨ᠂ | ᠦᠵᠦᠮᠦᠴᠢᠨ ᠲᠡᠦᠬᠡ ᠶᠢ ᠴᠤᠭᠯᠠᠭᠤᠯᠬᠤ ᠪᠠᠷ ᠬᠥᠳᠡᠭᠡ ᠶᠠᠪᠤᠭᠤᠯᠵᠤ ᠨᠠᠰᠤᠲᠠᠳ ᠢ ᠰᠤᠷᠪᠤᠯᠵᠢᠯᠠᠭᠤᠯᠵᠠᠢ᠃ ᠡᠭᠦᠨ | ᠳᠤ ᠤᠭ ᠤᠨ ᠪᠣᠷᠣᠰᠣ ᠵᠡᠭᠦᠨ ᠰᠤᠮᠤᠨ ᠤ ᠱᠢᠷᠦᠰᠢᠳ ᠣᠪᠣᠭᠲᠠᠢ ᠥᠬᠢᠨᠠ ᠶᠢᠨ ᠬᠥᠭᠰᠢᠨ ᠥᠨᠢᠷ ︵1913 ~ | 1986᠂ ᠰᠣᠯᠣᠨ ᠲᠠᠶᠢᠵᠢ ᠣᠪᠣᠭ ᠲᠠᠢ︶ ᠨᠠᠰᠤᠲᠠᠨ ᠦᠵᠦᠮᠦᠴᠢᠨ ᠠᠶᠢᠮᠠᠭ ᠤᠨ ᠦᠵᠦᠮ ᠤᠨ ᠠᠭᠤᠯᠠ — | ᠠᠷᠤ ᠬᠠᠩᠭᠠᠢ ᠠᠴᠠ ᠨᠡᠭᠦᠵᠦ ᠢᠷᠡᠬᠦ ᠦᠶ᠎ᠡ ᠶᠢᠨ ᠳᠠᠭᠤᠤ ᠶᠢᠨ 2 ~ 3 ᠪᠠᠳᠠᠭ ᠰᠢᠯᠦᠭ ᠤᠨ ᠦᠭᠡ ᠶᠢ ᠬᠡᠯᠡᠵᠦ | ᠥᠭᠴᠦ ᠭᠡᠨ᠎ᠡ᠃ ᠡᠨᠡ ᠳᠠᠭᠤᠨ ᠤ ᠦᠭᠡ ᠳᠤ᠄ | ︽ᠦᠵᠦᠮ ᠤᠨ ᠠᠭᠤᠯᠠ ᠠᠴᠠ ᠪᠠᠨ ᠨᠡᠭᠦᠬᠦ ᠳᠤ | ᠥᠪᠥᠩ ᠭᠡᠷ ᠲᠠᠢ ᠪᠠᠨ ᠭᠠᠷᠴᠤ ᠢᠷᠡᠭᠰᠡᠨ | ᠠᠷᠤ ᠬᠠᠩᠭᠠᠢ ᠠᠴᠠ ᠪᠠᠨ ᠨᠡᠭᠦᠬᠦ ᠳᠤ | ᠠᠭᠠᠯᠵᠢᠨ ᠭᠡᠷ ᠲᠠᠢ ᠪᠠᠨ ᠭᠠᠷᠴᠤ ᠢᠷᠡᠭᠰᠡᠨ ᠁︾ ᠭᠡᠵᠦ ᠳᠠᠭᠤᠯᠠᠵᠤ ᠪᠠᠶᠢᠳᠠᠭ ᠭᠡᠵᠦ ᠭᠡᠨ᠎ᠡ᠃ | ᠡᠨᠡ ᠳᠠᠭᠤᠨ ᠳᠤ ᠦᠵᠦᠮᠦᠴᠢᠨ ᠮᠣᠩᠭᠤᠯᠴᠤᠳ ᠦᠵᠦᠮ ᠤᠨ ᠠᠭᠤᠯᠠ ᠠᠷᠤ ᠬᠠᠩᠭᠠᠢ ᠠᠴᠠ ᠠᠳᠡ ᠨᠡᠭᠦᠵᠦ | ᠢᠷᠡᠭᠰᠡᠨ ᠢ ᠲᠤᠰᠬᠠᠭᠰᠠᠨ ᠪᠥᠭᠡᠳ ᠨᠡᠩ ᠴᠦ ᠦᠵᠦᠮ ᠤᠨ ᠠᠭᠤᠯᠠ ᠠᠷᠤ ᠬᠠᠩᠭᠠᠢ ᠬᠤᠶᠠᠷ ᠪᠣᠯ ᠨᠢᠭᠡ ᠯᠡ | ᠭᠠᠵᠠᠷ — ᠳᠠᠷᠤᠢ ᠠᠷᠤ ᠬᠠᠩᠭᠠᠢ ᠪᠣᠯᠬᠤ ᠶᠢ ᠨᠡᠩ ᠲᠣᠳᠣᠷᠬᠠᠶᠢᠯᠠᠵᠠᠢ᠃ | | ᠳᠡᠭᠡᠷᠡᠬᠢ ᠪᠠᠷᠢᠮᠲᠠ ᠠᠴᠠ ᠪᠢᠳᠠ ᠪᠠᠰᠠ ᠦᠵᠦᠮᠦᠴᠢᠨ ᠮᠣᠩᠭᠤᠯᠴᠤᠳ ᠤᠨ ᠡᠭᠦᠰᠦᠯ ᠭᠠᠷᠤᠯ — | ᠨᠡᠷᠡᠶᠢᠳᠦᠯ ᠤᠨ ᠢᠷᠡᠯᠲᠡ ᠪᠣᠯᠣᠭᠰᠠᠨ — ᠲᠡᠳᠡᠨ ᠤ ᠲᠡᠦᠬᠡᠨ ᠳᠠᠬᠢ ᠤᠨᠠᠭᠰᠠᠨ ᠰᠢᠷᠣᠢ ᠤᠤᠭᠤᠭᠰᠠᠨ ᠤᠰᠤ — | ᠡᠬᠡ ᠨᠤᠲᠤᠭ ︽ᠦᠵᠦᠮ ᠤᠨ ᠠᠭᠤᠯᠠ︾ ᠪᠣᠯ ᠠᠯᠲᠠᠢ ᠬᠠᠩᠭᠠᠢ ᠬᠤᠶᠠᠷ ᠶᠡᠭᠡ ᠠᠭᠤᠯᠠ ᠪᠣᠯᠬᠤ ᠪᠥᠭᠡᠳ ᠲᠡᠭᠦᠨ | ᠤ ᠬᠠᠷᠢᠶ᠎ᠠ ᠨᠤᠲᠤᠭ ᠮᠥᠨ ᠭᠡᠳᠡᠭ ᠢ ᠤᠯᠠᠮ ᠴᠠᠰᠢ ᠨᠤᠲᠠᠯᠠᠵᠤ ᠪᠣᠯᠬᠤ ᠶᠤᠮ᠃ | | ︽ᠦᠵᠦᠮ ᠤᠨ ᠠᠭᠤᠯᠠ︾ ᠪᠤᠶᠤ ︽ᠦᠵᠦᠮ ᠤᠨ ᠴᠠᠭᠠᠨ ᠠᠭᠤᠯᠠ︾ ᠭᠡᠳᠡᠭ ᠪᠣᠯ ᠦᠵᠦᠮ ᠵᠢᠮᠢᠰ | ᠲᠠᠢ ᠠᠯᠲᠠᠢ ᠬᠠᠩᠭᠠᠢ ᠶᠢᠨ ᠥᠨᠳᠦᠷᠯᠢᠭ ᠤᠨ ᠬᠠᠷᠢᠶ᠎ᠠ ᠨᠤᠲᠤᠭ ᠢ ︽ᠣᠨᠴᠠ ᠭᠠᠷᠤᠯᠲᠠ︾ ᠪᠠᠷ ᠨᠢ ᠲᠣᠪᠴᠢ | ᠲᠣᠳᠣᠷᠬᠠᠢ ᠬᠤᠷᠢᠶᠠᠩᠭᠤᠶᠢᠯᠠᠭᠰᠠᠨ ᠨᠡᠷᠡᠶᠢᠳᠦᠯ ᠶᠤᠮ᠃ ᠡᠶᠢᠮᠦ ᠠᠴᠠ ᠲᠡᠷᠡ ᠨᠢ ᠠᠯᠢ ᠨᠢᠭᠡᠨ ᠠᠭᠤᠯᠠ ᠣᠷᠭᠢᠯ ᠢ | ᠵᠢᠭᠠᠭᠰᠠᠨ ᠢᠪᠴᠤᠤ ᠠᠭᠤᠯᠭ᠎ᠠ ᠪᠢᠰᠢ᠂ ᠬᠠᠷᠢᠨ ᠨᠢᠭᠡᠨ ᠠᠭᠤᠯᠠᠷᠬᠠᠭ ᠣᠷᠣᠨ ᠢ ᠬᠠᠮᠤᠷᠤᠨ ᠵᠢᠭᠠᠭᠰᠠᠨ ᠭᠠᠵᠠᠷ | ᠵᠦᠢ ᠶᠢᠨ ᠮᠣᠩᠭᠤᠯ ᠨᠡᠷᠡᠶᠢᠳᠦᠯ ᠪᠠᠶᠢᠬᠤ ᠶᠣᠰᠣᠲᠠᠢ᠃ |