| ᠦᠵᠦᠮᠦᠴᠢᠨ ᠮᠣᠩᠭᠤᠯᠴᠤᠳ ᠲᠡᠦᠬᠡᠨ ᠳᠡᠭᠡᠷ᠎ᠡ ᠮᠠᠯ ᠠᠵᠤ ᠠᠬᠤᠢ ᠶᠢᠨ ᠦᠢᠯᠡᠳᠪᠦᠷᠢᠯᠡᠯ ᠢ ᠡᠵᠡᠩᠨᠡᠵᠦ | ᠬᠥᠭᠵᠢᠭᠦᠯᠵᠦ᠂ ᠮᠠᠯ ᠠᠵᠤ ᠠᠬᠤᠢ ᠶᠢᠨ ᠦᠢᠯᠡᠳᠪᠦᠷᠢᠯᠡᠯ ᠤᠨ ᠬᠦᠴᠦᠨ ᠤ ᠬᠥᠭᠵᠢᠯᠲᠡ ᠶᠢ ᠲᠠᠰᠤᠷᠠᠯᠲᠠ ᠦᠭᠡᠢ | ᠨᠡᠮᠡᠭᠳᠡᠭᠦᠯᠬᠦ ᠳᠡᠭᠡᠨ ᠦᠢᠯᠡᠳᠪᠦᠷᠢᠯᠡᠯ ᠤᠨ ᠥᠷᠭᠡᠵᠢᠯ ᠪᠠ ᠭᠦᠨᠵᠡᠭᠡᠶᠢᠷᠡᠯ ᠲᠡᠰᠢ ᠮᠠᠴᠤᠨ ᠵᠢᠳᠬᠦᠵᠦ᠂ | ᠬᠤᠴᠣᠷᠤᠩᠭᠤᠢ ᠪᠠᠶᠢᠳᠠᠯ ᠢᠶᠠᠨ ᠥᠭᠡᠷᠡᠴᠢᠯᠡᠬᠦ ᠪᠠᠷ ᠴᠠᠭ ᠦᠷᠭᠦᠯᠵᠢ ᠲᠡᠮᠡᠴᠡᠯ ᠬᠢᠭᠰᠡᠭᠡᠷ ᠢᠷᠠᠵᠠᠢ᠃ ᠲᠡᠳᠡ ᠠᠯᠲᠠᠢ | ᠬᠠᠩᠭᠠᠢ᠂ ᠬᠠᠷᠠᠬᠤᠷᠢᠮ ᠳᠤ ᠪᠠᠶᠢᠬᠤ ᠳᠠᠭᠠᠨ ᠦᠵᠦᠮ ᠤᠨ ᠠᠵᠤ ᠠᠬᠤᠶᠢᠯᠠᠯ ᠡᠷᠬᠢᠯᠡᠵᠦ ᠥᠩᠭᠡᠷᠡᠪᠡ᠃ ᠰᠡᠭᠦᠯ | ᠳᠤᠨᠢ ᠳᠠᠶᠢᠨ ᠪᠠᠶᠢᠯᠳᠤᠭᠠᠨ ᠨᠡᠭᠦᠳᠡᠯ ᠮᠠᠯᠵᠢᠯ ᠤᠨ ᠬᠤᠪᠢᠷᠠᠯᠲᠠ ᠠᠴᠠ ᠪᠣᠯᠵᠤ ᠡᠨᠡ ᠨᠢ ᠲᠡᠦᠬᠡ ᠪᠣᠯᠵᠤ ᠦᠯᠡᠳᠡᠪᠡ᠃ | ᠭᠡᠪᠡᠴᠦ ᠡᠨᠡ ᠬᠦ ᠲᠡᠮᠡᠴᠡᠯ ᠡᠷᠢᠯᠬᠢᠯᠡᠯ ᠨᠢ ᠲᠡᠳᠡᠨ ᠢ ᠮᠠᠯ ᠠᠵᠤ ᠠᠬᠤᠢ ᠶᠢᠨ ᠦᠢᠯᠡᠳᠪᠦᠷᠢᠯᠡᠯ ᠤᠨ ᠲᠣᠭᠤᠷᠢᠨ ᠳᠤ | ᠵᠣᠬᠢᠬᠤ ᠬᠡᠪᠴᠢᠶᠡᠨ ᠤ ᠦᠢᠯᠡᠳᠪᠦᠷᠢᠯᠡᠯ ᠠᠮᠢᠳᠤᠷᠠᠯ ᠤᠨ ᠬᠡᠷᠡᠭᠴᠡᠭᠡ ᠪᠦᠬᠦᠢ ᠪᠤᠰᠤᠳ ᠠᠵᠤ ᠠᠬᠤᠢ ᠡᠷᠬᠢᠯᠡᠵᠦ | ᠦᠢᠯᠡᠳᠪᠦᠷᠢᠯᠡᠬᠦ ᠶᠢ ᠱᠠᠭᠠᠷᠳᠠᠭᠰᠠᠭᠠᠷ ᠢᠷᠠᠵᠠᠢ᠃ ᠲᠤᠬᠠᠢ ᠶᠢᠨ ᠨᠡᠶᠢᠭᠡᠮ ᠤᠨ ᠦᠢᠯᠡᠳᠪᠦᠷᠢᠯᠡᠯ ᠠᠮᠢᠳᠤᠷᠠᠯ ᠤᠨ | ᠡᠨᠡ ᠪᠤᠰᠤᠳᠴᠢ ᠱᠠᠭᠠᠷᠳᠠᠯᠭ᠎ᠠ ᠨᠢ᠂ ᠦᠵᠦᠮᠦᠴᠢᠨ ᠮᠣᠩᠭᠤᠯᠴᠤᠳ ᠢ ᠮᠠᠯ ᠤᠨ ᠠᠰᠢᠭ ᠰᠢᠮ᠎ᠡ ᠶᠢ | ᠪᠣᠯᠪᠠᠰᠤᠷᠠᠭᠤᠯᠤᠨ ᠬᠡᠷᠡᠭᠯᠡᠬᠦ ᠪᠠ ᠮᠠᠯ ᠠᠵᠤ ᠠᠬᠤᠢ ᠶᠢᠨ ᠦᠢᠯᠡᠳᠪᠦᠷᠢᠯᠡᠯ ᠳᠤ ᠪᠠᠴᠢᠮ ᠬᠡᠷᠡᠭᠯᠡᠬᠦ᠂ ᠡᠳ᠋ ᠬᠡᠷᠡᠭᠰᠡᠯ ᠢ | ᠦᠢᠯᠡᠳᠪᠦᠷᠢᠯᠡᠬᠦ ᠪᠠᠷ ︽ᠭᠠᠷ ᠦᠢᠯᠡᠳᠪᠦᠷᠢ︾ ᠶᠢᠨ ᠦᠢᠯᠡᠳᠪᠦᠷᠢᠯᠡᠯ ᠢ ᠡᠷᠬᠢᠯᠡᠬᠦ ᠳᠤ ᠬᠦᠷᠭᠡᠵᠦ᠂ ᠲᠡᠭᠦᠨ ᠢ | ᠠᠯᠬᠤᠮ ᠠᠯᠬᠤᠮ ᠢᠶᠠᠷ ᠬᠥᠭᠵᠢᠭᠦᠯᠦᠭᠰᠡᠭᠡᠷ ᠢᠷᠡᠭᠦᠯᠵᠡᠢ᠃ | | ᠨᠢᠭᠡ᠂ ᠮᠠᠯ ᠤᠨ ᠠᠰᠢᠭ ᠰᠢᠮ᠎ᠡ ᠶᠢᠨ ᠭᠠᠷᠤᠯᠲᠠ ᠶᠢ ᠭᠠᠷ ᠢᠶᠠᠷ ᠦᠢᠯᠡᠳᠪᠦᠷᠢᠯᠡᠵᠦ᠂ ᠦᠵᠦᠮᠦᠴᠢᠨ ᠤ | ᠦᠢᠯᠡᠳᠪᠦᠷᠢᠯᠡᠯ ᠠᠮᠢᠳᠤᠷᠠᠯ ᠳᠤ ᠬᠡᠷᠡᠭᠯᠡᠬᠦ ᠥᠷᠭᠡᠨ ᠬᠡᠮᠵᠢᠶᠡᠨ ᠤ ᠭᠠᠷ ᠦᠢᠯᠡᠳᠪᠦᠷᠢᠯᠡᠯ ᠤᠨ ᠪᠦᠲᠦᠭᠡᠭᠳᠡᠭᠦᠨ ᠢ | ᠦᠢᠯᠡᠳᠦᠨ ᠭᠠᠷᠭᠠᠵᠠᠢ᠃ | | 1. ᠮᠠᠯ ᠤᠨ ᠠᠷᠠᠰᠤ ᠰᠢᠷᠢ ᠶᠢ ᠪᠣᠯᠪᠠᠰᠤᠷᠠᠭᠤᠯᠵᠤ ᠦᠢᠯᠡᠳᠪᠦᠷᠢᠯᠡᠬᠦ᠄ ᠠᠷᠠᠰᠤ ᠰᠢᠷᠢ ᠶᠢ ᠡᠳ᠋ᠯᠡᠨ | ᠪᠣᠯᠪᠠᠰᠤᠷᠠᠭᠤᠯᠬᠤ ᠪᠣᠯ ᠮᠣᠩᠭᠤᠯᠴᠤᠳ ᠤᠨ ᠡᠷᠲᠡᠨ ᠤ ᠨᠡᠯᠢᠶᠡᠳ ᠬᠥᠭᠵᠢᠭᠰᠡᠨ ᠭᠠᠷ ᠦᠢᠯᠡᠳᠪᠦᠷᠢᠯᠡᠯ ᠪᠣᠯᠣᠨ᠎ᠠ᠃ | ᠡᠭᠦᠨ ᠢ ᠭᠠᠳᠠᠭᠠᠳᠤ ᠳᠣᠲᠣᠭᠠᠳᠤ ᠶᠢᠨ ᠬᠢᠨ ᠠᠯᠢ ᠡᠷᠲᠡ ᠠᠴᠠ ᠪᠢᠴᠢᠭ ᠤᠨ ᠰᠣᠶᠣᠯ ᠳᠤ ᠲᠡᠮᠳᠡᠭᠯᠡᠭᠰᠡᠨ ᠪᠠᠶᠢᠳᠠᠭ | ᠃ 13 ᠳ᠋ᠤᠭᠠᠷ ᠵᠠᠭᠤᠨ ᠤ ᠳᠤᠮᠳᠠ ᠦᠶ᠎ᠡ ᠳᠤ ᠡᠸᠦ᠋ᠷᠦᠫᠠ ᠠᠴᠠ ᠮᠣᠩᠭᠤᠯ ᠬᠠᠭᠠᠨᠲᠤ ᠤᠯᠤᠰ ᠲᠤ ᠡᠯᠴᠢᠯᠡᠵᠦ | ᠢᠷᠡᠭᠰᠡᠨ ᠸᠧᠯᠯᠢᠶᠠᠮ ᠷᠦᠪᠷᠤᠩ ᠤᠨ ᠵᠢᠭᠤᠯᠴᠢᠯᠠᠯ ᠤᠨ ᠲᠡᠮᠳᠡᠭᠯᠡᠯ ᠳᠤ᠄ ︽ᠡᠮᠡᠭᠲᠡᠶᠢᠴᠦᠳ ᠤᠨ ᠠᠵᠢᠯ ᠁ | ᠠᠷᠠᠰᠤ ᠨᠡᠬᠡᠢ ᠶᠢᠨ ᠣᠶᠣᠳᠠᠯ ᠬᠢᠬᠦ ᠵᠡᠷᠭᠡ ᠁ ᠨᠡᠬᠡᠢ ᠳᠡᠪᠡᠯ ᠢ ᠪᠣᠯ ᠠᠮᠢᠲᠠᠨ ᠤ ᠰᠢᠷᠪᠦᠰᠦ ᠶᠢ ᠬᠡᠲᠦᠮᠰᠦᠯᠡᠨ | ᠲᠠᠮᠤᠵᠤ ᠤᠲᠠᠰᠤ ᠪᠣᠯᠭᠠᠨ᠎ᠠ ᠁︾᠂ ︽ᠲᠡᠳᠡ ᠨᠠᠷ ᠬᠤᠨᠢᠨ ᠤ ᠥᠳᠬᠡᠨ ᠨᠢᠯᠠᠭᠠᠷ ᠢᠰᠬᠦᠯᠡᠩ ᠰᠦᠨ ᠳᠤ | ᠳᠠᠪᠤᠰᠤ ᠬᠤᠯᠢᠵᠤ ᠠᠷᠠᠰᠤ ᠡᠯᠳᠡᠳᠡᠭ ᠶᠤᠮ︾ ᠭᠡᠵᠡᠢ᠃ | | ᠮᠣᠩᠭᠤᠯ ᠤᠨ ᠡᠷᠲᠡᠨ ᠤ ᠡᠨᠡ ᠠᠷᠠᠰᠤ ᠰᠢᠷᠢ ᠪᠣᠯᠪᠠᠰᠤᠷᠠᠭᠤᠯᠬᠤ ᠭᠠᠷ ᠦᠢᠯᠡᠳᠪᠦᠷᠢ᠂ ᠦᠵᠦᠮᠦᠴᠢᠨ ᠳᠤ | ᠴᠢᠨᠠᠭᠰᠢᠳᠠ ᠥᠪᠯᠡᠨ ᠵᠠᠯᠭᠠᠮᠵᠢᠯᠠᠭᠳᠠᠵᠤ ᠲᠣᠩ ᠶᠡᠭᠡ ᠬᠥᠭᠵᠢᠭᠰᠡᠨ ᠪᠠᠶᠢᠨ᠎ᠠ᠃ | | ᠦᠵᠦᠮᠦᠴᠢᠨ ᠤ ᠠᠷᠠᠰᠤ ᠰᠢᠷᠢ ᠪᠣᠯᠪᠠᠰᠤᠷᠠᠭᠤᠯᠬᠤ ᠭᠠᠷ ᠦᠢᠯᠡᠳᠪᠦᠷᠢ ᠲᠠᠪᠤᠨ ᠬᠤᠰᠢᠭᠤ ᠮᠠᠯ ᠤᠨ ᠠᠷᠠᠰᠤ | ᠰᠢᠷᠢ ᠶᠢ ᠲᠣᠰ ᠲᠣᠰ ᠤᠨ ᠣᠨᠴᠠᠯᠢᠭ ᠲᠤᠨᠢ ᠲᠣᠬᠢᠷᠠᠭᠤᠯᠵᠤ᠂ ᠬᠡᠷᠡᠭᠴᠡᠭᠡ ᠬᠡᠷᠡᠭᠴᠡᠭᠡ ᠪᠠᠷ ᠨᠢ ᠠᠳᠠᠯᠢ ᠦᠭᠡᠢ | ᠲᠥᠷᠥᠯ ᠵᠦᠢᠯ ᠢᠶᠠᠷ ᠡᠳ᠋ᠰᠢᠭᠦᠯᠵᠦ ᠦᠢᠯᠡᠳᠪᠦᠷᠢᠯᠡᠭᠡᠳ ᠠᠳᠠᠯᠢ ᠦᠭᠡᠢ ᠬᠡᠷᠡᠭᠴᠡᠭᠡᠨ ᠳᠤ ᠬᠡᠷᠡᠭᠯᠡᠨ᠎ᠡ᠃ | | ᠬᠤᠨᠢᠨ ᠤ ᠠᠷᠠᠰᠤ ᠶᠢ ᠭᠤᠣᠯᠳᠠᠭᠤ ᠳᠡᠪᠡᠯ᠂ ᠵᠤᠪᠴᠠᠭ᠎ᠠ᠂ ᠥᠮᠥᠳᠦ᠂ ᠬᠤᠷᠠᠭᠠᠨ ᠠᠷᠠᠰᠤᠨ ᠮᠠᠯᠠᠭᠠᠢ ᠬᠢᠬᠦ | ᠳᠤ ᠬᠡᠷᠡᠭᠯᠡᠨ᠎ᠡ᠃ ᠬᠤᠨᠢ ᠶᠢ ᠠᠯᠠᠭᠰᠠᠭᠠᠷ ᠠᠷᠠᠰᠤ ᠶᠢ ᠨᠢ ᠰᠠᠶᠢᠬᠠᠨ ᠥᠪᠴᠢᠵᠦ ᠠᠪᠤᠭᠠᠳ ᠬᠠᠯᠢᠮᠯᠠᠵᠤ ᠱᠡᠤᠯᠡᠬᠦ | ᠡᠯᠳᠡᠵᠦ ᠤᠳᠤᠬᠤ ᠡᠰᠬᠡᠵᠦ ᠣᠶᠣᠬᠤ ᠵᠡᠷᠭᠡ ᠭᠠᠷ ᠦᠢᠯᠡᠳᠪᠦᠷᠢ ᠶᠢᠨ ᠪᠣᠯᠪᠠᠰᠤᠷᠠᠭᠤᠯᠵᠤ ᠦᠢᠯᠡᠳᠬᠦ ᠶᠠᠪᠤᠴᠠ ᠶᠢ | ᠥᠩᠭᠡᠷᠡᠭᠡᠵᠦ ᠡᠯ᠎ᠡ ᠵᠦᠢᠯ ᠤᠨ ᠬᠤᠨᠢᠨ ᠠᠷᠠᠰᠤᠨ ᠬᠤᠪᠴᠠᠰᠤ ᠪᠣᠯᠭᠠᠨ᠎ᠠ᠃ | | ᠢᠮᠠᠭᠠᠨ ᠠᠷᠠᠰᠤ ᠶᠢ ᠪᠠᠰᠠ ᠨᠡᠬᠡᠢ ᠬᠤᠪᠴᠠᠰᠤ ᠣᠶᠣᠵᠤ ᠬᠢᠬᠦ ᠳᠤ ᠬᠡᠷᠡᠭᠯᠡᠨ᠎ᠡ᠃ ᠡᠳ᠋ᠯᠡᠵᠦ ᠦᠢᠯᠡᠳᠪᠦᠷᠢᠯᠡᠬᠦ | ᠨᠢ ᠬᠤᠨᠢᠨ ᠤ ᠠᠷᠠᠰᠤ ᠲᠠᠢ ᠠᠳᠠᠯᠢᠬᠠᠨ ᠪᠠᠶᠢᠳᠠᠭ᠃ ᠭᠡᠪᠡᠴᠦ ᠢᠮᠠᠭᠠᠨ ᠠᠷᠠᠰᠤ ᠡᠳ᠋ᠯᠡᠭᠰᠡᠨ ᠤ ᠳᠠᠷᠠᠭ᠎ᠠ ᠬᠥᠷᠥᠰᠥ | ᠨᠢ ᠬᠤᠨᠢᠨ ᠠᠷᠠᠰᠤ ᠠᠴᠠ ᠬᠠᠲᠠᠭᠤᠯᠢᠭ ᠪᠠᠭᠤᠷᠠᠢ ᠲᠠᠯ᠎ᠠ ᠲᠠᠢ᠃ ᠭᠡᠶ᠎ᠡ ᠠᠭᠤᠯᠠ ᠬᠠᠳᠠᠨ ᠳᠤ ᠡᠮᠦᠰᠬᠦ ᠳᠡᠪᠡᠯ᠂ | ᠠᠳᠤᠭᠤᠨ ᠮᠠᠨᠠᠭᠠᠨ ᠤ ᠡᠮᠦᠰᠬᠦ ᠳᠠᠬᠤ ᠬᠢᠬᠦ ᠳᠤ ᠣᠨᠴᠠ ᠲᠣᠬᠢᠷᠠᠮᠵᠢ ᠲᠠᠢ᠂ ᠬᠥᠷᠥᠰᠥ ᠨᠢ ᠵᠤᠵᠠᠭᠠᠨ ᠮᠥᠷᠲᠡᠭᠡᠨ | ᠪᠥᠬᠡ ᠪᠠᠶᠢᠳᠠᠭ᠃ ᠪᠠᠰᠠ ᠬᠥᠨᠵᠢᠯᠡ ᠳᠡᠪᠢᠰᠬᠡᠷ ᠣᠶᠣᠬᠤ ᠳᠤ ᠲᠣᠬᠢᠷᠠᠮᠵᠢᠲᠠᠢ ᠮᠥᠷᠲᠡᠭᠡᠨ ᠭᠤᠲᠤᠯ ᠤᠨ ᠭᠠᠳᠠᠭᠤᠷ | ᠡᠮᠦᠰᠬᠦ ᠪᠣᠶᠢᠪᠠᠭ ᠣᠶᠣᠳᠠᠭ᠃ ᠢᠮᠠᠭᠠᠨ ᠠᠷᠠᠰᠤ ᠶᠢ ᠢᠯᠭᠢᠯᠡᠵᠦ ᠢᠯᠭᠢᠨ ᠬᠤᠪᠴᠠᠰᠤ᠂ ᠲᠤᠯᠤᠮ᠂ ᠱᠤᠤᠮᠠᠰᠠ᠂ | ᠲᠡᠭᠲᠠᠢ ᠬᠢᠬᠦ ᠳᠤ ᠰᠠᠶᠢᠨ ᠪᠥᠭᠡᠳ ᠲᠣᠩ ᠰᠠᠶᠢᠬᠠᠨ ᠶᠤᠮ᠃ | | ᠦᠵᠦᠮᠦᠴᠢᠨ ᠳᠤ ᠦᠬᠡᠷ ᠤᠨ ᠠᠷᠠᠰᠤ ᠶᠢ ᠦᠢᠯᠡᠳᠪᠦᠷᠢᠯᠡᠵᠦ ᠭᠤᠣᠯᠳᠠᠭᠤ ᠦᠢᠯᠡᠳᠪᠦᠷᠢᠯᠡᠯ ᠤᠨ ᠬᠡᠷᠡᠭᠰᠡᠯ | ᠳᠤ ᠬᠡᠷᠡᠭᠯᠡᠨ᠎ᠡ᠃ ᠦᠬᠡᠷ ᠤᠨ ᠠᠷᠠᠰᠤᠨ ᠤ ᠦᠰᠦ ᠶᠢ ᠨᠢ ᠬᠤᠰᠤᠵᠤ ᠱᠠᠤᠯᠠᠵᠤ ᠲᠠᠯᠬᠢᠳᠠᠵᠤ ᠡᠯᠳᠡᠭᠡᠳ ᠰᠤᠷ ᠤᠨ | ᠡᠳ᠋ᠯᠡᠯ ᠬᠢᠳᠡᠭ᠃ ᠨᠣᠭᠲᠣ᠂ ᠬᠠᠵᠠᠭᠠᠷ᠂ ᠴᠢᠳᠦᠷ ᠵᠡᠷᠭᠡ ᠡᠮᠡᠭᠡᠯ ᠤᠨ ᠡᠳ᠋ᠯᠡᠭᠡ᠂ ᠴᠥᠷᠬᠡ᠂ ᠲᠠᠲᠠᠯᠭ᠎ᠠ ᠵᠡᠷᠭᠡ ᠦᠬᠡᠷ | ᠲᠡᠷᠭᠡᠨ ᠤ ᠡᠳ᠋ᠯᠡᠭᠡ᠂ ᠤᠭᠤᠲᠠ ᠲᠡᠭᠲᠠᠢ ᠵᠡᠷᠭᠡ ᠠᠶᠠᠨ ᠲᠡᠭᠡᠭᠡᠪᠦᠷᠢ ᠶᠢᠨ ᠡᠳ᠋ᠯᠡᠭᠡ᠂ ᠪᠣᠭᠤᠳᠠᠯ᠂ ᠳᠠᠲᠠᠬᠠ᠂ | ᠰᠤᠷᠯᠠᠭᠠ ᠵᠡᠷᠭᠡ ᠢᠰᠡᠭᠡᠢ ᠬᠢᠬᠦ ᠡᠳ᠋ᠯᠡᠭᠡ ᠬᠢᠳᠡᠭ᠃ ᠴᠤᠯᠭᠤᠢ ᠰᠤᠷ ᠢᠶᠠᠷ ᠮᠣᠩᠭᠤᠯ ᠭᠡᠷ ᠤᠨ ᠦᠳᠡᠭᠦᠷ ᠬᠢᠨ᠎ᠡ᠃ | ᠦᠬᠡᠷ ᠤᠨ ᠰᠢᠷᠢ ᠶᠢᠨ ᠭᠠᠷ ᠦᠢᠯᠡᠳᠪᠦᠷᠢ ᠶᠢᠨ ᠦᠢᠯᠡᠳᠬᠦᠨ ᠤ ᠦᠢᠯᠡᠳᠪᠦᠷᠢᠯᠡᠯ ᠳᠤ ᠬᠡᠷᠡᠭᠯᠡᠬᠦ ᠬᠡᠷᠡᠭᠴᠡᠭᠡ ᠨᠢ | ᠲᠤᠶᠢᠯ ᠤᠨ ᠥᠷᠭᠡᠨ ᠶᠤᠮ᠃ | | ᠦᠵᠦᠮᠦᠴᠢᠨ ᠳᠤ ᠪᠠᠰᠠ ᠲᠡᠮᠡᠭᠡᠨ ᠰᠢᠷᠢ ᠶᠢ ᠵᠣᠬᠢᠰᠲᠠᠢ ᠬᠡᠷᠡᠭᠯᠡᠳᠡᠭ᠃ ᠲᠡᠮᠡᠭᠡᠨ ᠰᠢᠷᠢ ᠪᠣᠯ ᠲᠣᠩ | ᠵᠤᠵᠠᠭᠠᠨ ᠪᠥᠬᠡ ᠰᠢᠷᠢ ᠪᠣᠯᠣᠨ᠎ᠠ᠃ ᠲᠡᠭᠦᠨ ᠢᠶᠠᠷ ᠮᠣᠩᠭᠤᠯ ᠭᠡᠷ ᠤᠨ ᠦᠳᠡᠭᠦᠷ ᠬᠢᠬᠦ ᠳᠤ ᠣᠨᠴᠠᠭᠠᠢ | ᠲᠣᠬᠢᠷᠠᠮᠵᠢᠲᠠᠢ᠃ ᠴᠤᠯᠭᠤᠢ ᠪᠠᠷ ᠨᠢ ᠨᠠᠷᠢᠨ ᠵᠦᠰᠦᠵᠦ᠂ ᠮᠣᠩᠭᠤᠯ ᠭᠡᠷ ᠤᠨ ᠲᠣᠭᠤᠨᠣ ᠬᠠᠨ᠎ᠠ ᠶᠢ ᠦᠳᠡᠨ᠎ᠡ᠃ | ᠨᠢᠭᠡ ᠤᠳᠠᠭ᠎ᠠ ᠦᠳᠡᠪᠡᠯ ᠪᠠᠷᠤᠭ ᠲᠠᠬᠢᠵᠤ ᠰᠡᠯᠪᠢᠵᠦ ᠵᠠᠰᠠᠬᠤ ᠶᠠᠪᠤᠳᠠᠯ ᠪᠠᠶᠢᠳᠠᠭ ᠦᠭᠡᠢ᠃ ᠡᠶᠢᠮᠦ ᠠᠴᠠ ᠲᠡᠮᠡᠭᠡᠨ | ᠰᠢᠷᠢ ᠪᠣᠯ ᠲᠤᠰᠬᠠᠢ ᠮᠣᠩᠭᠤᠯ ᠭᠡᠷ ᠤᠨ ᠦᠳᠡᠭᠦᠷ ᠤᠨ ᠰᠢᠷᠢ ᠮᠥᠨ᠃ | | ᠦᠵᠦᠮᠦᠴᠢᠨ ᠳᠤ ᠪᠠᠰᠠ ᠪᠣᠳᠠ ᠮᠠᠯ ᠤᠨ ᠠᠷᠠᠰᠤ ᠰᠢᠷᠢ ᠶᠢ ᠠᠯᠢ ᠡᠷᠲᠡ ᠵᠣᠬᠢᠰᠲᠠᠢ ᠪᠣᠯᠪᠠᠰᠤᠷᠠᠭᠤᠯᠵᠤ᠂ | ︽ᠮᠣᠩᠭᠤᠯ ᠭᠤᠲᠤᠯ︾ ᠬᠢᠬᠦ ᠶᠢ ᠡᠭᠦᠳᠴᠦ᠂ ᠴᠥᠭᠡᠪᠦᠷᠢ ᠦᠢᠯᠡᠳᠪᠦᠷᠢᠯᠡᠵᠦ ᠡᠮᠦᠰᠴᠦ ᠪᠠᠶᠢᠵᠠᠢ᠃ ᠭᠡᠪᠡᠴᠦ | ᠪᠣᠯᠪᠠᠰᠤᠷᠠᠭᠤᠯᠤᠯᠲᠠ ᠨᠢ ᠭᠦᠢᠴᠡᠳ ᠦᠭᠡᠢ᠂ ᠤᠰᠤ ᠴᠢᠬᠢᠭ ᠲᠤ ᠲᠣᠩ ᠲᠣᠬᠢᠷᠠᠮᠵᠢ ᠦᠭᠡᠢ᠂ ᠲᠥᠬᠦᠭᠡᠷᠦᠮᠵᠢ | ᠮᠡᠷᠭᠡᠵᠢᠯ ᠳᠠᠪᠰᠢᠭᠰᠠᠨ ᠦᠭᠡᠢ ᠠᠴᠠ ᠥᠷᠭᠡᠵᠢᠭᠰᠡᠨ ᠦᠭᠡᠢ ᠪᠠᠶᠢᠵᠠᠢ᠃ | | ᠠᠳᠡ ᠪᠠᠰᠠ ᠪᠤᠰᠤᠳ ᠵᠦᠢᠯ ᠤᠨ ᠠᠷᠠᠰᠤ ᠶᠢ ᠴᠦ ᠭᠠᠷ ᠢᠶᠠᠷ ᠲᠣᠩ ᠨᠠᠷᠢᠨ ᠪᠣᠯᠪᠠᠰᠤᠷᠠᠭᠤᠯᠵᠤ | ᠦᠢᠯᠡᠳᠪᠦᠷᠢᠯᠡᠳᠡᠭ ᠪᠠᠶᠢᠵᠠᠢ᠃ ᠲᠤᠬᠠᠶᠢᠯᠠᠪᠠᠯ᠂ ᠠᠩ ᠭᠥᠷᠥᠭᠡ ᠶᠢᠨ ᠨᠠᠷᠢᠨ ᠦᠰᠦᠲᠦ ᠬᠤᠪᠣᠷ ᠠᠷᠠᠰᠤ ᠶᠢ | ᠲᠤᠰᠬᠠᠢ ᠱᠠᠤᠯᠠᠵᠤ᠂ ᠲᠤᠰᠬᠠᠢ ᠡᠯᠳᠡᠵᠦ ᠪᠣᠯᠪᠠᠰᠤᠷᠠᠭᠤᠯᠵᠤ᠂ ᠲᠤᠰᠬᠠᠢ ᠣᠶᠣᠵᠤ ᠤᠷᠠᠯᠠᠵᠤ᠂ ᠳᠡᠭᠡᠳᠦ ᠳᠡᠰ ᠤᠨ | ᠬᠤᠪᠴᠠᠰᠤ ᠬᠤᠨᠠᠷ ᠦᠢᠯᠡᠳᠳᠡᠭ ᠶᠤᠮ᠃ | | ᠦᠵᠦᠮᠦᠴᠢᠨ ᠮᠣᠩᠭᠤᠯᠴᠤᠳ ᠤᠨ ᠠᠷᠠᠰᠤᠨ ᠤ ᠠᠵᠤ ᠦᠢᠯᠡᠳᠪᠦᠷᠢ ᠶᠢᠨ ᠡᠵᠡᠩᠨᠡᠬᠦ ᠬᠡᠪᠴᠢᠶ᠎ᠡ ᠨᠢ ᠲᠤᠶᠢᠯ | ᠤᠨ ᠥᠷᠭᠡᠨ᠂ ᠭᠡᠷ ᠪᠦᠯᠢ ᠨᠢᠭᠡᠪᠦᠷᠢ ᠤᠯᠠᠷᠢᠯ ᠤᠨ ᠴᠢᠨᠠᠷ ᠲᠠᠢ ᠠᠷᠠᠰᠤ ᠰᠢᠷᠢ ᠪᠣᠯᠪᠠᠰᠤᠷᠠᠭᠤᠯᠵᠤ ᠪᠠᠶᠢᠳᠠᠭ᠃ | ᠠᠷᠭ᠎ᠠ ᠪᠠᠷᠢᠯ ᠨᠢ ᠲᠡᠦᠬᠡᠨ ᠴᠠᠭ ᠦᠶ᠎ᠡ ᠳᠡᠭᠡᠨ ᠲᠣᠩ ᠳᠠᠪᠰᠢᠩᠭᠤᠢ᠂ ᠨᠡᠶᠢᠭᠡᠮ ᠨᠡᠶᠢᠲᠡ ᠪᠠᠷ ᠢᠶᠠᠨ ᠨᠢᠭᠡᠳᠦᠯᠲᠡᠢ | ᠳᠦᠷᠢᠮᠵᠢᠵᠦ ᠬᠡᠪᠰᠢᠭᠦᠯᠦᠭᠡᠳ ᠦᠢᠯᠡᠳᠪᠦᠷᠢᠯᠡᠯ ᠤᠨ ᠠᠵᠢᠯᠯᠠᠭ᠎ᠠ ᠶᠢ ᠵᠢᠯᠣᠭᠤᠳᠬᠤ ᠲᠣᠭᠲᠠᠴᠠ ᠪᠣᠢ ᠪᠣᠯᠣᠭᠰᠠᠨ | ᠪᠥᠭᠡᠳ ᠮᠡᠷᠭᠡᠵᠢᠯ ᠤᠨ ᠴᠢᠨᠠᠷ ᠢᠶᠠᠷ ᠨᠡᠯᠢᠶᠡᠳ ᠥᠨᠳᠥᠷ ᠪᠠᠶᠢᠵᠠᠢ᠃ ᠦᠢᠯᠡᠳᠬᠦᠨ ᠤ ᠲᠥᠷᠥᠯ ᠵᠦᠢᠯ ᠨᠢ ᠲᠣᠩ | ᠣᠯᠠᠨ᠃ ᠠᠮᠢᠳᠤᠷᠠᠯ ᠤᠨ ᠬᠡᠷᠡᠭᠰᠡᠯ ᠠᠴᠠ ᠦᠢᠯᠡᠳᠪᠦᠷᠢᠯᠡᠯ ᠤᠨ ᠬᠡᠷᠡᠭᠰᠡᠯ ᠢ ᠪᠦᠷ ᠦᠢᠯᠡᠳᠪᠦᠷᠢᠯᠡᠳᠡᠭ᠃ | | ᠡᠭᠦᠨ ᠢᠶᠠᠷ ᠪᠠᠷᠠᠬᠤ ᠦᠭᠡᠢ ᠦᠵᠦᠮᠦᠴᠢᠨ ᠤ ᠠᠷᠠᠰᠤ ᠰᠢᠷᠢ ᠶᠢ ᠪᠣᠯᠪᠠᠰᠤᠷᠠᠭᠤᠯᠤᠨ ᠦᠢᠯᠡᠳᠪᠦᠷᠢᠯᠡᠬᠦ | ᠦᠢᠯᠡᠳᠪᠦᠷᠢ ᠨᠢ ᠪᠦᠬᠦᠶᠢᠯᠡ ᠲᠡᠳᠡᠨ ᠤ ︽ᠭᠠᠷ ᠦᠢᠯᠡᠳᠪᠦᠷᠢ︾ ᠶᠢᠨ ᠴᠢᠬᠤᠯᠠ ᠪᠦᠷᠢᠯᠳᠦᠬᠦᠨ ᠪᠣᠯᠵᠤ᠂ ︽ᠭᠠᠷ | ᠦᠢᠯᠡᠳᠪᠦᠷᠢ︾ ᠶᠢᠨ ᠬᠥᠭᠵᠢᠯᠲᠡ ᠶᠢ ᠠᠬᠢᠭᠤᠯᠵᠤ ᠰᠠᠭᠤᠷᠢᠯᠠᠵᠠᠢ᠃ | | 2. ᠮᠠᠯ ᠤᠨ ᠤᠩᠭᠠᠰᠤ ᠨᠣᠣᠰᠣ ᠪᠣᠯᠪᠠᠰᠤᠷᠠᠭᠤᠯᠬᠤ ᠡᠳ᠋ᠯᠡᠬᠦ᠄ ᠤᠩᠭᠠᠰᠤ ᠨᠣᠣᠰᠣ ᠶᠢ ᠪᠣᠯᠪᠠᠰᠤᠷᠠᠭᠤᠯᠵᠤ | ᠦᠢᠯᠡᠳᠪᠦᠷᠢᠯᠡᠬᠦ ᠪᠣᠯ ᠮᠣᠩᠭᠤᠯᠴᠤᠳ ᠤᠨ ᠡᠷᠲᠡᠨ ᠤ ᠬᠥᠭᠵᠢᠭᠰᠡᠨ ᠭᠠᠷ ᠦᠢᠯᠡᠳᠪᠦᠷᠢ ᠶᠢᠨ ᠴᠢᠬᠤᠯᠠ ᠨᠢᠭᠡ | ᠲᠥᠷᠥᠯ ᠮᠥᠨ᠃ ︽ᠮᠣᠩᠭᠤᠯ ᠤᠨ ᠨᠢᠭᠤᠴᠠ ᠲᠣᠪᠴᠢᠶᠠᠨ︾ ᠳᠤ᠄ ︽ᠡᠶᠢᠨ ᠬᠦ ᠢᠰᠡᠭᠡᠢ ᠲᠤᠭᠤᠷᠭᠠᠲᠠᠨ ᠤᠯᠤᠰ | ᠢ ᠲᠦᠪᠰᠢᠳᠬᠡᠭᠡᠳ ᠪᠠᠷᠰ ᠵᠢᠯ ᠤᠨᠤᠨ ᠭᠤᠣᠯ ᠤᠨ ᠡᠬᠢᠨ ᠳᠤ ᠶᠡᠭᠡ ᠬᠤᠷᠠᠯ ᠬᠤᠷᠠᠯᠳᠤᠵᠤ ᠶᠢᠰᠦᠨ ᠬᠥᠯᠲᠦ | ᠴᠠᠭᠠᠨ ᠲᠤᠭ ᠢ ᠮᠠᠨᠳᠤᠭᠤᠯᠤᠭᠠᠳ ᠲᠡᠮᠦᠵᠢᠨ ᠳᠤ ᠴᠢᠩᠭᠢᠰ ᠬᠠᠭᠠᠨ ᠭᠡᠬᠦ ᠴᠣᠯᠠ ᠥᠭᠴᠦ ᠮᠣᠩᠭᠤᠯ ᠤᠯᠤᠰ | ᠵᠢᠩᠬᠢᠨᠢ ᠪᠠᠷ ᠪᠠᠶᠢᠭᠤᠯᠤᠭᠳᠠᠵᠤ ᠬᠠᠭᠠᠨ ᠡᠷᠭᠦᠮᠵᠢᠯᠡᠪᠡ᠃︾ ᠭᠡᠳᠡᠭ᠃ ᠠᠳᠡ ᠬᠡᠯᠡᠭᠰᠡᠨ᠄ ︽ᠢᠰᠡᠭᠡᠢ | ᠲᠤᠭᠤᠷᠭᠠᠲᠠᠨ ᠤᠯᠤᠰ︾ ᠭᠡᠳᠡᠭ ᠪᠣᠯ ᠮᠣᠩᠭᠤᠯᠴᠤᠳ ᠤᠨ ᠤᠩᠭᠠᠰᠤ ᠨᠣᠣᠰᠣ ᠪᠣᠯᠪᠠᠰᠤᠷᠠᠭᠤᠯᠬᠤ ᠭᠠᠷ | ᠦᠢᠯᠡᠳᠪᠦᠷᠢ ᠠᠯᠢ ᠡᠷᠲᠡ ᠬᠥᠭᠵᠢᠭᠡᠳ ᠳᠡᠯᠡᠬᠡᠢ ᠳᠡᠭᠡᠷ᠎ᠡ᠂ ᠮᠠᠯ ᠤᠨ ᠤᠩᠭᠠᠰᠤ ᠨᠣᠣᠰᠣ ᠶᠢ ᠦᠢᠯᠡᠳᠪᠦᠷᠢᠯᠡᠵᠦ | ᠬᠠᠮᠤᠭ ᠠᠩᠬ᠎ᠠ ᠭᠡᠷ ᠣᠷᠣᠨ ᠰᠠᠭᠤᠴᠠ ᠳᠤ ᠬᠡᠷᠡᠭᠯᠡᠭᠰᠡᠨ ᠠᠴᠠ ︽ᠢᠰᠡᠭᠡᠢ ᠲᠤᠭᠤᠷᠭᠠᠲᠠᠨ︾ ᠭᠡᠵᠦ ᠬᠤᠷᠸ᠎ᠠ ᠳᠤ | ᠦᠢᠯᠡᠳᠦᠯᠭᠡ ᠪᠠᠷ ᠢᠶᠠᠨ ᠴᠣᠯᠠᠯᠠᠭᠳᠠᠭᠰᠠᠨ ᠢᠷᠠᠭᠤ ᠠᠯᠳᠠᠷᠲᠤ ᠨᠡᠷᠡᠶᠢᠳᠦᠯ ᠮᠥᠨ᠃ | | ᠮᠣᠩᠭᠤᠯᠴᠤᠳ ᠤᠨ ᠮᠠᠯ ᠤᠨ ᠠᠰᠢᠭ ᠰᠢᠮ᠎ᠡ ᠶᠢ ᠠᠰᠢᠭᠯᠠᠨ ᠦᠢᠯᠡᠳᠪᠦᠷᠢᠯᠡᠬᠦ ᠳᠤᠮᠳᠠᠬᠢ ᠤᠩᠭᠠᠰᠤ ᠨᠣᠣᠰᠣ | ᠶᠢ ᠶᠡᠭᠡ ᠪᠠᠷ ᠪᠣᠯᠪᠠᠰᠤᠷᠠᠭᠤᠯᠳᠠᠭ ᠦᠢᠯᠡᠰ᠂ ᠦᠵᠦᠮᠦᠴᠢᠨ ᠳᠤ ᠲᠤᠶᠢᠯᠪᠤᠷᠢᠲᠠᠢ ᠤᠯᠠᠮᠵᠢᠯᠠᠭᠳᠠᠭᠰᠠᠨ ᠮᠥᠷᠲᠡᠭᠡᠨ | ᠴᠢᠨᠠᠭᠰᠢᠳᠠ ᠬᠥᠭᠵᠢᠭᠡᠳ ᠦᠵᠦᠮᠦᠴᠢᠨ ᠤ ᠭᠠᠷ ᠦᠢᠯᠡᠳᠪᠦᠷᠢ ᠶᠢᠨ ᠪᠦᠲᠦᠴᠡ ᠶᠢᠨ ᠴᠢᠬᠤᠯᠠ ᠪᠦᠷᠢᠯᠳᠦᠬᠦᠨ | ᠪᠣᠯᠵᠠᠢ᠃ ᠨᠡᠩ ᠴᠦ ᠭᠠᠷ ᠦᠢᠯᠡᠳᠪᠦᠷᠢᠯᠡᠯ ᠠᠴᠠ ᠴᠢᠨᠠᠭᠰᠢ ᠳᠠᠪᠰᠢᠵᠤ᠂ ᠢᠰᠡᠭᠡᠢ ᠬᠢᠬᠦ ᠳᠤ ᠲᠡᠳᠡ ᠮᠣᠷᠢ ᠶᠢᠨ | ᠬᠦᠴᠦ ᠶᠢ ᠬᠡᠷᠡᠭᠯᠡᠭᠰᠡᠨ ᠠᠴᠠ ︽ᠬᠠᠭᠠᠰ ᠮᠣᠷᠢᠴᠢᠯᠠᠭᠰᠠᠨ ᠦᠢᠯᠡᠳᠪᠦᠷᠢ︾ ᠪᠣᠯᠣᠭᠰᠠᠨ ᠪᠠᠶᠢᠨ᠎ᠠ᠃ | | ᠦᠵᠦᠮᠦᠴᠢᠨ ᠳᠤ᠂ ᠬᠤᠨᠢᠨ ᠤ ᠤᠩᠭᠠᠰᠤ ᠶᠢ ᠬᠠᠮᠤᠭ ᠥᠷᠭᠡᠨ ᠬᠡᠮᠵᠢᠶ᠎ᠡ ᠪᠠᠷ ᠦᠢᠯᠡᠳᠪᠦᠷᠢᠯᠡᠵᠦ ᠢᠷᠠᠵᠠᠢ᠃ | ᠲᠡᠳᠡ ᠮᠠᠯ ᠠᠵᠤ ᠠᠬᠤᠢ ᠶᠢᠨ ᠣᠨᠴᠠᠯᠢᠭ ᠪᠠ ᠬᠤᠨᠢᠨ ᠤ ᠤᠩᠭᠠᠰᠤ ᠶᠢ ᠬᠡᠷᠡᠭᠯᠡᠬᠦ ᠬᠡᠷᠡᠭᠴᠡᠭᠡ ᠠᠴᠠ ᠪᠣᠯᠵᠤ᠂ | ᠡᠷᠲᠡᠨ ᠠᠴᠠ ᠪᠠᠨ ᠬᠤᠨᠢᠨ ᠤ ᠤᠩᠭᠠᠰᠤ ᠶᠢ ᠨᠢᠭᠡ ᠵᠢᠯ ᠳᠤ ᠭᠤᠷᠪᠠ ᠤᠳᠠᠭ᠎ᠠ ᠬᠠᠶᠢᠴᠢᠯᠠᠵᠤ ᠠᠪᠤᠳᠠᠭ ᠪᠠᠶᠢᠨ᠎ᠠ᠃ | ᠵᠣᠨ ᠤ ᠡᠬᠢᠨ ᠰᠠᠷ᠎ᠠ ᠳᠤ ᠬᠤᠨᠢᠨ ᠤ ᠤᠷᠲᠤ ᠶᠢᠨ ᠤᠩᠭᠠᠰᠤ ᠶᠢ ᠠᠪᠤᠨ᠎ᠠ᠃ ᠡᠭᠡᠨ ᠢ ︽ᠬᠤᠨᠢ ᠵᠤᠯᠭᠠᠭᠠᠨ᠎ᠠ︾ | ᠭᠡᠬᠦ ᠪᠤᠶᠤ ︽ᠬᠤᠨᠢᠨ ᠤ ᠤᠷᠲᠤ ᠶᠢ ᠬᠠᠶᠢᠴᠢᠯᠠᠨ᠎ᠠ︾ ᠭᠡᠨ᠎ᠡ᠃ ᠵᠣᠨ ᠤ ᠳᠤᠮᠳᠠ ᠰᠠᠷ᠎ᠠ ᠳᠤ ᠬᠤᠷᠠᠭᠠᠨ ᠤᠩᠭᠠᠰᠤ | ᠶᠢ ᠬᠠᠶᠢᠴᠢᠯᠠᠵᠤ ᠠᠪᠤᠨ᠎ᠠ᠃ ᠡᠭᠦᠨ ᠢ ︽ᠬᠤᠷᠠᠭ᠎ᠠ ᠬᠠᠶᠢᠴᠢᠯᠠᠨ᠎ᠠ︾ ᠭᠡᠳᠡᠭ᠃ ᠨᠠᠮᠤᠷ ᠤᠨ ᠳᠤᠮᠳᠠ ᠰᠠᠷ᠎ᠠ ᠶᠢᠨ | ᠰᠢᠨᠡᠳ ᠢᠶᠠᠷ ᠬᠤᠨᠢᠨ ᠤ ᠠᠬᠠᠷ ᠤᠨ ᠤᠩᠭᠠᠰᠤ ᠶᠢ ᠬᠠᠶᠢᠴᠢᠯᠠᠵᠤ ᠠᠪᠤᠨ᠎ᠠ᠃ ᠡᠭᠦᠨ ᠢ ︽ᠬᠤᠨᠢ ᠠᠬᠠᠷᠯᠠᠨᠠ︾ | ᠭᠡᠨ᠎ᠡ᠃ ᠬᠤᠷᠠᠭ᠎ᠠ᠂ ᠠᠬᠠᠷ᠂ ᠬᠠᠶᠢᠴᠢᠯᠠᠬᠤ ᠪᠣᠯ ᠦᠵᠦᠮᠦᠴᠢᠨ ᠳᠤ ᠨᠠᠷᠢᠯᠢᠭ ᠢᠰᠡᠭᠡᠢ ᠬᠢᠬᠦ ᠱᠠᠭᠠᠷᠳᠠᠯᠭ᠎ᠠ ᠠᠴᠠ | ᠲᠣᠭᠲᠠᠭᠠᠭᠳᠠᠭᠰᠠᠨ ᠶᠤᠮ᠃ | | ᠬᠤᠨᠢᠨ ᠤ ᠤᠩᠭᠠᠰᠤ ᠪᠣᠯ ᠢᠰᠡᠭᠡᠢ ᠬᠢᠬᠦ ᠶᠢᠨ ᠲᠦᠭᠦᠬᠡᠢ ᠮᠠᠲ᠋ᠧᠷᠢᠶᠠᠯ ᠮᠥᠨ᠃ ᠦᠵᠦᠮᠦᠴᠢᠨ ᠳᠤ ︽ | ᠠᠬᠠᠷ︾᠂ ︽ᠬᠤᠷᠠᠭᠠᠨ ᠤᠩᠭᠠᠰᠤ︾ ᠪᠠᠷ ᠭᠤᠣᠯ ᠪᠣᠯᠭᠠᠵᠤ᠂ ︽ᠤᠷᠲᠤ ᠶᠢᠨ ᠤᠩᠭᠠᠰᠤ︾ ᠪᠠᠷ ᠬᠠᠪᠰᠤᠷᠤᠮᠵᠢ | ᠪᠣᠯᠭᠠᠵᠤ ᠢᠰᠡᠭᠡᠢ ᠬᠢᠨ᠎ᠡ᠃ ᠢᠰᠡᠭᠡᠢ ᠬᠢᠬᠦ ᠳᠤ ᠴᠠᠭ ᠤᠯᠠᠷᠢᠯ ᠤᠨ ᠬᠡᠷᠡᠭᠴᠡᠭᠡ ᠠᠴᠠ ᠪᠣᠯᠵᠤ ᠲᠦᠷᠦᠭᠦᠦ ᠵᠢᠯ ᠤᠨ | ︽ᠬᠤᠷᠠᠭᠠᠨ ᠤᠩᠭᠠᠰᠤ︾᠂ ︽ᠤᠷᠲᠤ ᠶᠢᠨ ᠤᠩᠭᠠᠰᠤ︾ ᠪᠠᠷ ᠰᠢᠨ᠎ᠡ ᠵᠢᠯ ᠤᠨ ᠢᠰᠡᠭᠡᠢ ᠶᠢ ᠬᠢᠳᠡᠭ᠃ | | ︽ᠠᠬᠠᠷ︾᠂ ︽ᠬᠤᠷᠠᠭᠠᠨ ᠤᠩᠭᠠᠰᠤ︾ ᠶᠢ ᠪᠦᠷ ᠰᠠᠪᠠᠵᠤ ᠬᠡᠷᠡᠭᠯᠡᠨ᠎ᠡ᠃ ᠡᠭᠦᠨ ᠢ ︽ᠤᠩᠭᠠᠰᠤ | ᠰᠠᠪᠠᠭ᠋ᠤ︾ ᠭᠡᠳᠡᠭ᠃ ᠤᠩᠭᠠᠰᠤ ᠶᠢ ᠵᠤᠨ ᠤ ᠳᠤᠮᠳᠠ ᠰᠠᠷ᠎ᠠ ᠳᠤ ᠳᠤᠯᠠᠶᠢᠭᠰᠠᠨ ᠨᠠᠷᠠ ᠲᠠᠢ ᠬᠠᠯᠠᠭᠠᠨ ᠡᠳᠦᠷ | ᠰᠠᠪᠠᠳᠠᠭ᠃ ᠤᠩᠭᠠᠰᠤ ᠰᠠᠪᠠᠭ᠋ᠤ ᠠᠵᠢᠯ ᠪᠠᠰᠠ ᠥᠪᠡᠷ ᠤᠨ ᠣᠨᠴᠠᠯᠢᠭ ᠲᠠᠢ᠃ ︽ᠭᠡᠷ ᠤᠨ ᠪᠠᠭᠤᠴᠢ︾ ᠶᠢᠨ | ᠴᠢᠨᠡᠭᠡ ᠲᠡᠭᠰᠢ ᠭᠠᠵᠠᠷ ᠲᠤ ᠭᠤᠣᠯ ᠳᠤᠨᠢ ᠰᠢᠷᠣᠢ ᠬᠢᠵᠦ ᠭᠦᠳᠦᠶᠢᠯᠭᠡᠨ ᠵᠠᠰᠠᠭᠠᠳ ᠳᠡᠭᠡᠷ᠎ᠡ ᠨᠢ ᠦᠬᠡᠷ ᠮᠣᠷᠢ ᠶᠢᠨ | ᠴᠤᠯᠭᠤᠢ ᠰᠢᠷᠢ ᠶᠢ ᠲᠡᠨᠢᠢᠲᠡᠯ᠎ᠡ ᠲᠡᠯᠡᠵᠦ ᠲᠠᠯᠪᠢᠭᠠᠳ ︵ᠲᠤᠰᠬᠠᠢ ᠪᠡᠯᠡᠳᠬᠡᠭᠰᠡᠨ ᠰᠢᠷᠢ ᠪᠠᠶᠢᠳᠠᠭ︶᠂ ᠬᠥᠪᠡᠭᠡ ᠶᠢ | ᠨᠢ ᠭᠠᠳᠠᠰᠤᠳᠠᠵᠤ ᠲᠣᠭᠲᠠᠭᠠᠵᠤ᠂ ᠬᠠᠯᠠᠭᠠᠨ ᠰᠢᠷᠢ ᠳᠡᠭᠡᠷ᠎ᠡ ᠪᠠᠨ ᠠᠬᠠᠷ ᠤᠩᠭᠠᠰᠤ ᠪᠠᠨ ᠪᠦᠯᠦᠭ ᠪᠦᠯᠦᠭ ᠰᠠᠪᠠᠭ᠋ᠤ | ᠬᠡᠮᠵᠢᠶ᠎ᠡ ᠪᠠᠷ ᠲᠠᠰᠤᠯᠵᠤ ᠲᠠᠯᠪᠢᠨ᠂ ᠰᠠᠪᠠᠭ᠋ᠤ ᠬᠥᠮᠥᠰ ᠨᠢ ᠰᠢᠷᠢ ᠪᠠᠨ ᠲᠣᠭᠤᠷᠢᠵᠤ ᠰᠠᠭᠤᠭᠠᠳ ᠤᠩᠭᠠᠰᠤ ᠪᠠᠨ | ᠴᠣᠬᠢᠵᠤ ᠰᠠᠪᠠᠯᠴᠢᠨᠠ᠃ ᠬᠥᠮᠥᠨ ᠪᠦᠷᠢ 2.5 ~3 ᠲᠣᠬᠤᠢ ᠥᠨᠳᠥᠷ ᠨᠢᠭᠡ ᠬᠤᠣᠰ ᠮᠣᠶᠢᠯ ᠤᠨ ᠮᠣᠳᠣᠨ ︵ | ᠮᠣᠶᠢᠯ ᠤᠨ ᠮᠣᠳᠣ ᠬᠠᠮᠤᠭ ᠤᠨ ᠰᠠᠶᠢᠨ︶ ᠰᠠᠪᠠᠭ᠎ᠠ ᠪᠠᠷᠢᠵᠤ ᠰᠠᠪᠠᠳᠠᠭ᠃ ᠰᠠᠪᠠᠭ᠎ᠠ ᠶᠢᠨ ᠪᠦᠳᠦᠭᠦᠨ ᠨᠢ ᠡᠷᠡᠬᠡᠢ | ᠬᠤᠷᠤᠭᠤ ᠶᠢᠨ ᠬᠢᠷᠢ ᠲᠠᠢ ᠪᠦᠳᠦᠭᠦᠨ ᠲᠤᠰᠬᠠᠢ ᠤᠩᠭᠠᠰᠤ ᠰᠠᠪᠠᠭ᠋ᠤ ᠦᠢᠯᠡᠳᠪᠦᠷᠢᠯᠡᠯ ᠤᠨ ᠪᠠᠭᠠᠵᠢ ᠶᠢᠨ ᠨᠢᠭᠡ | ᠪᠣᠯᠣᠨ᠎ᠠ᠃ ᠬᠡᠳᠦᠢ ᠭᠥᠯᠢᠭᠡᠷ ᠬᠡᠳᠦᠢ ᠠᠰᠬᠠᠨ ᠪᠣᠯ ᠲᠡᠳᠦᠢ ᠰᠠᠶᠢᠨ᠃ ᠤᠷᠲᠤ ᠶᠢᠨ ᠤᠩᠭᠠᠰᠤ ᠶᠢ ᠪᠠᠰᠠ | ᠴᠥᠭᠡᠪᠦᠷᠢ ᠪᠦᠯᠦᠭ ᠰᠠᠪᠠᠳᠠᠭ᠃ ᠶᠡᠬᠡᠩᠬᠢ ᠬᠡᠰᠡᠭ ᠢ ᠨᠢ ᠰᠠᠪᠠᠭ᠋ᠤ ᠦᠭᠡᠢ᠃ ᠢᠰᠡᠭᠡᠢ ᠬᠢᠬᠦ ᠳᠤ ︽ᠬᠥᠬᠡᠪᠦᠷᠢ︾ | ᠲᠠᠯᠪᠢᠨ᠎ᠠ᠃ ︽ᠬᠥᠬᠡᠪᠦᠷᠢ︾ ᠲᠠᠯᠪᠢᠬᠤ ᠳᠤ ᠢᠰᠡᠭᠡᠢ ᠵᠤᠵᠠᠭᠠᠷᠠᠳᠠᠭ ᠪᠥᠭᠡᠳ ᠬᠤᠷᠠᠭᠠᠨ ᠠᠬᠠᠷ ᠲᠤ ᠠᠷᠪᠢᠲᠠᠢ | ᠶᠤᠮ᠃ ᠤᠩᠭᠠᠰᠤ ᠰᠠᠪᠠᠭ᠋ᠤ ᠳᠤ ︽ᠰᠠᠪᠠᠯᠴᠢᠬᠤ︾᠂ ︽ᠡᠷᠭᠢᠭᠦᠯᠬᠦ︾ ︵ᠬᠡᠦᠬᠡᠨ ᠮᠥᠷᠭᠦᠭᠦᠯᠬᠦ︶᠂ ︽ | ᠨᠡᠶᠢᠯᠡᠭᠦᠯᠬᠦ︾᠂ ︽ᠮᠤᠰᠬᠢᠬᠤ︾ ᠵᠡᠷᠭᠡ ᠲᠣᠭᠲᠠᠭᠰᠠᠨ ᠠᠯᠬᠤᠮ ᠳᠠᠷᠠᠭ᠎ᠠ ᠪᠠᠷ ᠶᠠᠪᠤᠭᠳᠠᠳᠠᠭ᠃ ᠤᠩᠭᠠᠰᠤ ᠰᠠᠪᠠᠭ᠋ᠤ | ᠳᠤ ᠵᠢᠭᠳᠡ ᠴᠣᠬᠢᠬᠤ ᠪᠥᠭᠡᠳ ᠬᠤᠶᠠᠷ ᠭᠠᠷ ᠰᠣᠯᠢᠵᠤ ᠴᠣᠬᠢᠬᠤ ᠪᠠ ᠵᠡᠷᠭᠡ ᠴᠣᠬᠢᠬᠤ ᠬᠤᠶᠠᠷ ᠶᠠᠩᠵᠤ ᠪᠠᠶᠢᠳᠠᠭ᠃ | ᠰᠠᠪᠠᠴᠢᠬᠤ ᠳᠤ ᠰᠣᠯᠢᠵᠤ ᠴᠣᠬᠢᠵᠤ᠂ ᠨᠡᠶᠢᠯᠡᠭᠦᠯᠬᠦ ᠳᠤ ᠵᠡᠷᠭᠡ ᠴᠣᠬᠢᠨ᠎ᠠ᠃ | | ᠦᠵᠦᠮᠦᠴᠢᠨ ᠳᠤ ᠢᠰᠡᠭᠡᠢ ᠶᠢ ᠲᠠᠪᠤᠨ ᠰᠠᠷ᠎ᠠ ︵ᠵᠤᠨ ᠤ ᠳᠤᠮᠳᠠ ᠰᠠᠷ᠎ᠠ︶ ᠶᠢᠨ ᠰᠡᠭᠦᠯ ᠳᠤ ᠬᠢᠳᠡᠭ᠃ 3 | ~5 ᠬᠤᠨᠤᠭ ᠬᠡᠷᠡᠭᠯᠡᠨ᠎ᠡ᠃ ᠡᠨᠡ ᠬᠤᠭᠤᠴᠠᠭ᠎ᠠ ᠪᠣᠯ ᠢᠰᠡᠭᠡᠢ ᠬᠢᠬᠦ ᠬᠠᠮᠤᠭ ᠤᠨ ᠲᠣᠬᠢᠷᠠᠮᠵᠢᠲᠠᠢ ᠴᠠᠭ | ᠬᠤᠭᠤᠴᠠᠭ᠎ᠠ ᠮᠥᠨ᠃ ᠡᠨᠡ ᠦᠶ᠎ᠡ ᠳᠤ ᠠᠬᠠᠷ᠂ ᠬᠤᠷᠠᠭ᠎ᠠ᠂ ᠤᠷᠲᠤ ᠶᠢᠨ ᠤᠩᠭᠠᠰᠤ ᠪᠦᠷ ᠪᠦᠷᠢᠳᠦᠨ ᠢᠰᠡᠭᠡᠢ | ᠬᠢᠬᠦ ᠲᠦᠭᠦᠬᠡᠢ ᠡᠳ᠋ ᠭᠦᠢᠴᠡᠳ ᠪᠣᠯᠳᠠᠭ᠃ ᠲᠥᠯ ᠲᠣᠰᠴᠤ ᠭᠠᠷᠤᠯᠲᠠ ᠬᠤᠷᠢᠶᠠᠬᠤ ᠠᠵᠢᠯ ᠲᠡᠭᠦᠰᠴᠦ᠂ ᠬᠥᠮᠥᠰ | ᠵᠠᠪ ᠵᠠᠢ ᠲᠠᠢ ᠲᠡᠨᠢᠭᠦᠨ ᠴᠠᠭ᠃ ᠤᠯᠠᠷᠢᠯ ᠰᠠᠶᠢᠬᠠᠨ᠂ ᠡᠳᠦᠷ ᠬᠠᠯᠠᠭᠤᠨ ᠢᠰᠡᠭᠡᠢ ᠤᠩᠭᠠᠰᠤ ᠨᠡᠶᠢᠯᠡᠮᠵᠢ ᠰᠠᠶᠢᠨ᠂ | ᠣᠨᠴᠠᠭᠠᠶᠢᠯᠠᠨ ᠰᠦ ᠴᠠᠭᠠᠨ ᠢᠳᠡᠭᠡ ᠭᠦᠢᠴᠡᠳ᠂ ᠥᠷᠥᠮ᠎ᠡ ᠵᠥᠭᠡᠬᠡᠢ ᠡᠯᠪᠡᠭ ᠮᠠᠯ ᠲᠠᠷᠭᠤᠯᠠᠵᠤ ︽ᠢᠰᠡᠭᠡᠢ ᠶᠢᠨ | ᠴᠠᠪ︾ ᠭᠡᠵᠦ ᠮᠠᠯ ᠪᠠᠵᠠᠭᠠᠵᠤ ᠲᠥᠬᠦᠭᠡᠷᠬᠦ ᠳᠤ ᠲᠣᠬᠢᠲᠠᠢ᠃ ᠠᠳᠤᠭᠤ ᠤᠰᠤᠨ ᠲᠠᠷᠭᠤ ᠠᠪᠴᠤ ᠲᠣᠰᠣᠨ ᠲᠠᠷᠭᠤ | ᠰᠠᠭᠤᠭᠠᠳᠤᠢ᠂ ᠢᠰᠡᠭᠡᠢ ᠲᠠᠲᠠᠬᠤ ᠳᠤ ᠤᠨᠤᠯᠭ᠎ᠠ ᠤᠨᠤᠰᠢ ᠳᠤ ᠲᠤᠶᠢᠯ ᠤᠨ ᠠᠰᠢᠭᠲᠠᠢ᠃ ᠡᠶᠢᠮᠦ ᠠᠴᠠ ︽ᠲᠠᠪᠤᠨ | ᠰᠠᠷ᠎ᠠ︾ ᠢᠰᠡᠭᠡᠢ ᠬᠢᠬᠦ ᠦᠢᠯᠡᠳᠪᠦᠷᠢᠯᠡᠯ ᠤᠨ ᠵᠠᠩᠭᠢᠯᠠᠭ᠎ᠠ ᠶᠢᠨ ᠴᠠᠭ ᠮᠥᠴᠡ ᠪᠠᠶᠢᠵᠤ᠂ ᠨᠣᠮᠢᠨ ᠨᠣᠭᠤᠭᠠᠨ ᠲᠠᠯ᠎ᠠ | ᠳᠡᠭᠡᠷ᠎ᠡ ᠮᠥᠩᠭᠦᠨ ᠴᠠᠭᠠᠨ ᠢᠰᠡᠭᠡᠢ ᠮᠡᠨᠳᠦᠯᠡᠳᠡᠭ᠃ | | ᠢᠰᠡᠭᠡᠢ ᠬᠢᠵᠦ ᠦᠢᠯᠡᠳᠪᠦᠷᠢᠯᠡᠬᠦ ᠳᠤ ᠦᠵᠦᠮᠦᠴᠢᠨ ᠤ ᠠᠶᠢᠯ ᠡᠷᠦᠬᠡ ᠨᠢᠭᠡᠪᠦᠷᠢ ᠬᠤᠲᠠ ᠤᠰᠤ᠂ ᠭᠤᠣᠯ | ᠬᠤᠲᠣᠭᠤᠷ ᠢᠶᠠᠷ ᠢᠶᠠᠨ ᠪᠦᠯᠦᠭ ᠪᠦᠯᠦᠭ ᠢᠶᠠᠷ ᠨᠢᠭᠡᠴᠢᠯᠡᠵᠦ᠂ ᠭᠠᠵᠠᠷ ᠪᠣᠯᠭᠠᠨ ᠬᠥᠮᠥᠨ ᠪᠦᠭᠦᠳᠡ ᠨᠢᠭᠡᠯᠡ ᠴᠠᠭ | ᠲᠤ ᠨᠡᠶᠢᠳᠡᠮ ᠳᠡᠭᠡᠨ ᠬᠥᠳᠡᠯᠦᠯᠴᠡᠳᠡᠭ᠃ ᠡᠮᠡᠭᠲᠡᠶᠢᠴᠦᠳ ᠪᠣᠯ ︽ᠵᠤᠯᠠᠭᠠᠴᠢᠨ︾ ᠡᠷᠡᠭᠲᠡᠶᠢᠴᠦᠳ ᠪᠣᠯ ︽ | ᠲᠠᠲᠠᠭᠠᠴᠢᠨ︾ ᠪᠠᠶᠢᠳᠠᠭ᠃ ᠬᠡᠪᠴᠢᠶ᠎ᠡ ᠨᠢ ᠥᠷᠭᠡᠨ ᠠᠶᠢᠯ ᠡᠷᠦᠬᠡ ᠪᠦᠷᠢ ᠣᠷᠣᠯᠴᠠᠨ᠎ᠠ᠃ ᠬᠠᠮᠤᠭ ᠶᠠᠳᠠᠭᠤ ᠡᠷᠦᠬᠡ | ᠨᠢ ᠪᠠᠰᠠ 1 ᠢᠰᠡᠭᠡᠢ ᠬᠢᠳᠡᠭ᠃ ᠣᠯᠠᠩᠬᠢ ᠨᠢ 3 ~ 4 ᠢᠰᠡᠭᠡᠢ᠂ ᠨᠡᠯᠢᠶᠡᠳ ᠴᠢᠨᠡᠭᠡᠯᠢᠭ ᠨᠢ 5 ~ 7 ᠢᠰᠡᠭᠡᠢ᠂ | ᠣᠨᠴᠤᠭᠤᠢ ᠪᠠᠶᠠᠯᠢᠭ ᠡᠷᠦᠬᠡ ᠨᠢ 10 ᠠᠴᠠ ᠳᠡᠭᠡᠭᠰᠢ ᠢᠰᠡᠭᠡᠢ ᠬᠢᠳᠡᠭ᠃ | | ᠲᠡᠦᠬᠡᠨ ᠳᠡᠭᠡᠷ᠎ᠡ ᠦᠵᠦᠮᠦᠴᠢᠨ ᠤ ᠭᠠᠷ ᠦᠢᠯᠡᠳᠪᠦᠷᠢ ᠶᠢᠨ ᠦᠢᠯᠡᠳᠬᠦᠨ ᠢᠰᠡᠭᠡᠢ ᠶᠢᠨ ᠬᠡᠷᠡᠭᠴᠡᠭᠡ ᠲᠤᠶᠢᠯ | ᠤᠨ ᠥᠷᠭᠡᠨ ᠪᠠᠶᠢᠵᠠᠢ᠃ ᠢᠰᠡᠭᠡᠢ ᠪᠠᠷ ᠲᠠᠲᠠ᠂ ᠮᠣᠩᠭᠤᠯ ᠭᠡᠷ ᠢ ᠥᠪᠴᠢ ᠪᠦᠷᠢᠶᠡᠰᠦᠯᠡᠨᠡ᠃ ᠭᠡᠷ ᠤᠨ | ᠳᠣᠲᠣᠷᠠᠬᠢ ᠰᠢᠷᠲᠡᠭ ᠳᠡᠪᠢᠰᠬᠡᠷ ᠢ ᠬᠡᠳᠦᠨ ᠳᠠᠪᠬᠤᠷ ᠢᠶᠠᠷ ᠨᠢ ᠥᠪᠴᠢ ᠪᠠᠷ ᠨᠢ ᠣᠶᠣᠨ᠎ᠠ᠃ ᠬᠠᠮ ᠲᠡᠷᠭᠡ | ᠠᠪᠳᠠᠷ᠎ᠠ ᠲᠡᠷᠭᠡ ᠶᠢᠨ ᠪᠦᠷᠢᠶᠡᠰᠦ ᠬᠢᠨ᠎ᠡ᠃ ᠣᠶᠢᠮᠤᠰᠤ ᠣᠶᠣᠬᠤ᠂ ᠳᠠᠬᠤ ᠬᠢᠬᠦ᠂ ᠡᠮᠡᠭᠡᠯ ᠤᠨ ᠭᠥᠯᠢᠮ ᠲᠣᠬᠤᠮ | ᠡᠰᠬᠡᠬᠦ᠂ ᠲᠡᠮᠡᠭᠡᠨ ᠤ ᠲᠣᠬᠤᠰᠢ ᠬᠤᠮ᠂ ᠪᠠᠮᠪᠠᠢ ᠪᠡᠯᠡᠳᠬᠡᠬᠦ᠂ ᠬᠤᠷᠠᠭᠠᠨ ᠤᠭᠤᠲᠠ ᠰᠢᠷᠢᠬᠦ ᠵᠡᠷᠭᠡ ᠠᠮᠢᠳᠤᠷᠠᠯ ᠤᠨ | ᠬᠡᠷᠡᠭᠰᠡᠯ ᠦᠢᠯᠡᠳᠪᠦᠷᠢᠯᠡᠯ ᠤᠨ ᠬᠡᠷᠡᠭᠰᠡᠯ ᠳᠤ ᠪᠦᠷ ᠬᠤᠣᠰ ᠬᠡᠷᠡᠭᠴᠡᠭᠡ ᠲᠠᠢ ᠪᠠᠶᠢᠵᠠᠢ᠃ | | ᠦᠵᠦᠮᠦᠴᠢᠨ ᠤ ᠢᠰᠡᠭᠡᠢ ᠬᠢᠬᠦ ᠦᠢᠯᠡᠳᠪᠦᠷᠢᠯᠡᠯ ᠪᠣᠯ ᠲᠣᠭᠲᠠᠭᠰᠠᠨ ᠴᠠᠭ ᠲᠠᠢ᠂ ᠲᠣᠭᠲᠠᠭᠰᠠᠨ ᠠᠷᠭ᠎ᠠ | ᠪᠠᠷᠢᠯ ᠲᠠᠢ᠂ ᠬᠥᠳᠡᠯᠮᠦᠷᠢ ᠬᠦᠴᠦᠨ ᠤ ᠠᠵᠢᠯ ᠤᠨ ᠨᠠᠷᠢᠨ ᠬᠤᠪᠢᠶᠠᠷᠢ ᠲᠠᠢ᠂ ᠬᠢᠬᠦ ᠴᠠᠭ ᠣᠬᠤᠷ᠂ ᠪᠦᠲᠦᠭᠡᠭᠳᠡᠬᠦᠨ | ᠤ ᠲᠤᠭ᠎ᠠ ᠠᠷᠪᠢᠨ᠂ ᠶᠠᠰᠤ ᠴᠢᠨᠠᠷ ᠰᠠᠶᠢᠨ᠂ ᠦᠷ᠎ᠡ ᠠᠰᠢᠭ ᠥᠨᠳᠥᠷ ᠨᠡᠶᠢᠭᠡᠮᠴᠢᠯᠡᠭᠰᠡᠨ ᠬᠡᠪᠴᠢᠶ᠎ᠡ ᠨᠢ ᠶᠡᠭᠡ ᠲᠣᠮᠣ | ᠬᠡᠮᠵᠢᠶᠡᠨ ᠤ ᠭᠠᠷ ᠦᠢᠯᠡᠳᠪᠦᠷᠢ ᠪᠠᠶᠢᠳᠠᠭ᠃ ᠨᠡᠩ ᠴᠦ ᠮᠣᠷᠢ ᠶᠢ ᠢᠰᠡᠭᠡᠢ ᠬᠢᠬᠦ ᠦᠢᠯᠡᠳᠪᠦᠷᠢᠯᠡᠯ ᠳᠤ ᠬᠡᠷᠡᠭᠯᠡᠵᠦ | ︽ᠮᠣᠷᠢᠨ ᠢᠰᠡᠭᠡᠢ ᠬᠢᠬᠦ︾ ᠪᠣᠯᠣᠭᠰᠠᠨ ᠨᠢ ᠮᠠᠯᠵᠢᠬᠤ ᠦᠢᠯᠡᠳᠪᠦᠷᠢᠯᠡᠯ ᠤᠨ ᠬᠦᠴᠦᠨ ᠤ ᠶᠡᠭᠡ ᠴᠢᠯᠦᠭᠡᠯᠡᠯᠲᠡ | ᠮᠥᠨ᠃ ᠢᠰᠡᠭᠡᠢ ᠬᠢᠬᠦ ᠶᠢ ᠬᠠᠭᠠᠰ ︽ᠮᠠᠰᠢᠨᠴᠢᠯᠠᠭᠰᠠᠨ︾ ᠦᠢᠯᠡᠳᠦᠯ ᠭᠠᠷᠭᠠᠵᠤ ᠤᠯᠠᠮᠵᠢᠯᠠᠯᠲᠤ ᠢᠰᠡᠭᠡᠢ ᠬᠢᠬᠦ | ᠭᠠᠷ ᠦᠢᠯᠡᠳᠪᠦᠷᠢ ᠶᠢ ᠶᠡᠬᠡᠪᠡᠷ ᠬᠥᠭᠵᠢᠭᠦᠯᠵᠡᠢ᠃ ᠡᠨᠡ ᠨᠢ ᠦᠵᠦᠮᠦᠴᠢᠨ ᠤ ᠤᠩᠭᠠᠰᠤ ᠨᠣᠣᠰᠣ ᠪᠣᠯᠪᠠᠰᠤᠷᠠᠭᠤᠯᠬᠤ | ᠦᠢᠯᠡᠳᠪᠦᠷᠢ ᠶᠡᠬᠡᠪᠡᠷ ᠬᠥᠭᠵᠢᠵᠦ ᠢᠷᠡᠭᠰᠡᠨ ᠢ ᠦᠵᠡᠭᠦᠯᠵᠦ᠂ ᠲᠡᠳᠡᠨ ᠤ ᠭᠠᠷ ᠦᠢᠯᠡᠳᠪᠦᠷᠢ ᠶᠢᠨ ᠴᠢᠬᠤᠯᠠ | ᠪᠦᠷᠢᠯᠳᠦᠬᠦᠨ ᠬᠡᠰᠡᠭ ᠮᠥᠨ ᠪᠣᠯᠬᠤ ᠶᠢ ᠬᠠᠷᠠᠭᠤᠯᠵᠠᠢ᠃ | | 3. ᠮᠢᠬ᠎ᠠ ᠢᠳᠡᠭᠡ ᠪᠣᠯᠪᠠᠰᠤᠷᠠᠭᠤᠯᠬᠤ᠄ ᠮᠢᠬ᠎ᠠ ᠢᠳᠡᠭᠡ ᠡᠳ᠋ᠰᠢᠭᠦᠯᠦᠨ ᠪᠣᠯᠪᠠᠰᠤᠷᠠᠭᠤᠯᠵᠤ ᠦᠢᠯᠡᠳᠪᠦᠷᠢᠯᠡᠬᠦ | ᠪᠣᠯ ᠮᠣᠩᠭᠤᠯ ᠤᠨ ᠤᠯᠠᠮᠵᠢᠯᠠᠯᠲᠤ ︽ᠤᠯᠠᠭᠠᠨ ᠢᠳᠡᠭᠡᠨ︾ ᠤ ᠠᠵᠤ ᠠᠬᠤᠢ ᠶᠢᠨ ᠦᠢᠯᠡᠳᠪᠦᠷᠢᠯᠡᠯ ᠮᠥᠨ᠃ | ᠪᠠᠰᠠ ᠴᠦ ᠦᠵᠦᠮᠦᠴᠢᠨ ᠳᠤ ᠦᠵᠦᠮᠦᠴᠢᠨ ᠤ ᠤᠯᠠᠮᠵᠢᠯᠠᠯᠲᠤ ︽ᠭᠠᠷ ᠦᠢᠯᠡᠳᠪᠦᠷᠢ︾ ᠶᠢᠨ ᠴᠢᠬᠤᠯᠠ | ᠪᠦᠷᠢᠯᠳᠦᠬᠦᠨ ᠪᠣᠯᠣᠨ᠎ᠠ᠃ ᠦᠵᠦᠮᠦᠴᠢᠨ ᠮᠣᠩᠭᠤᠯᠴᠤᠳ ᠤᠨ ᠥᠪᠡᠷ ᠢ ᠪᠠᠨ ᠬᠠᠩᠭᠠᠳᠠᠭ᠂ ᠨᠡᠶᠢᠭᠡᠮ ᠨᠡᠶᠢᠲᠡ ᠶᠢᠨ | ᠬᠤᠶᠠᠷ ᠶᠡᠭᠡ ᠬᠦᠨᠡᠰᠦ ᠶᠢᠨ ᠦᠢᠯᠡᠳᠪᠦᠷᠢᠯᠡᠯ ᠤᠨ ᠨᠢᠭᠡ ᠨᠢ ᠮᠥᠨ᠃ | | ᠦᠵᠦᠮᠦᠴᠢᠨ ᠮᠣᠩᠭᠤᠯᠴᠤᠳ ᠲᠡᠦᠬᠡᠨ ᠠᠴᠠ ᠪᠠᠨ ᠠᠪᠤᠭᠠᠳ ᠥᠪᠡᠷ ᠤᠨ ᠢᠳᠡᠬᠦ ᠬᠦᠨᠡᠰᠦᠨ ᠮᠢᠬ᠎ᠠ ᠪᠠᠨ | ᠥᠪᠡᠷ ᠢᠶᠠᠨ ᠬᠠᠩᠭᠠᠳᠠᠭ ᠠᠴᠠ ᠮᠢᠬ᠎ᠠ ᠶᠢ ᠠᠯᠢ ᠡᠷᠲᠡᠨ ᠠᠴᠠ ᠪᠠᠨ ᠶᠡᠬᠡᠪᠡᠷ ᠦᠢᠯᠡᠳᠪᠦᠷᠢᠯᠡᠵᠦ ᠢᠷᠠᠵᠠᠢ᠃ | | ᠦᠵᠦᠮᠦᠴᠢᠨ ᠤ ᠬᠥᠮᠥᠨ ᠪᠦᠷᠢ ᠶᠢᠨ ᠨᠢᠭᠡ ᠵᠢᠯ ᠳᠤ ᠬᠡᠷᠡᠭᠰᠡᠬᠦ ᠮᠢᠬ᠎ᠠ ᠶᠢ ᠪᠤᠭ ᠮᠠᠯ ᠤᠨ ᠮᠢᠬ᠎ᠠ ᠪᠠᠷ | ᠲᠡᠭᠰᠢᠳᠬᠡᠵᠦ ᠪᠣᠳᠣᠪᠠᠯ ᠪᠠᠷᠤᠭ ᠳᠤᠮᠳᠠᠴᠢ ᠪᠠᠷ 3 ᠲᠣᠯᠣᠭᠠᠢ ᠨᠣᠭᠳᠠᠨ᠎ᠠ᠃ ᠡᠭᠦᠨ ᠢ ︽ᠵᠤᠨ ᠤ ᠱᠥᠯᠥ︾᠂ ︽ | ᠡᠪᠦᠯ ᠤᠨ ᠢᠳᠡᠰᠢ︾ ᠭᠡᠵᠦ ᠬᠤᠶᠠᠷ ᠵᠦᠢᠯ ᠳᠤ ᠬᠤᠪᠢᠶᠠᠳᠠᠭ᠃ ᠵᠤᠨ ᠤ ᠱᠥᠯᠥ ᠤᠤᠭᠤᠬᠤ ᠶᠢ ᠵᠤᠨ ᠤ | ᠳᠤᠮᠳᠠᠳᠤ ᠰᠠᠷ᠎ᠠ ᠠᠴᠠ ᠨᠠᠮᠤᠷ ᠤᠨ ᠰᠡᠭᠦᠯ ᠰᠠᠷ᠎ᠠ ᠪᠣᠯᠲᠠᠯᠠᠬᠢ ᠬᠤᠭᠤᠷᠣᠨᠳᠤ ᠶᠢᠨ ︽ᠤᠯᠠᠭᠠᠨ ᠢᠳᠡᠭᠡᠨ︾ ᠳᠤ | ᠢᠳᠡᠬᠦ ᠮᠢᠬ᠎ᠠ ᠶᠢᠨ ᠠᠰᠠᠭᠤᠳᠠᠯ ᠢ ᠲᠠᠰᠤᠯᠬᠤ ᠪᠠᠷ ᠮᠠᠯ ᠪᠠᠵᠠᠭᠠᠳᠠᠭ᠃ ︽ᠵᠤᠨ ᠤ ᠱᠥᠯᠥ︾ ᠳᠤ ᠡᠷᠦᠬᠡ ᠪᠠᠷ | ᠲᠡᠭᠰᠢᠳᠬᠡᠭᠡᠳ 4 ᠲᠣᠯᠣᠭᠠᠢ ᠣᠷᠴᠢᠮ ᠪᠤᠭ ᠮᠠᠯ ᠣᠷᠣᠨ᠎ᠠ᠃ ᠮᠢᠬ᠎ᠠ ᠱᠥᠯᠥ ᠶᠢᠨ ᠬᠡᠷᠡᠭᠴᠡᠭᠡ ᠪᠠᠨ | ᠦᠨᠳᠦᠰᠦᠯᠡᠵᠦ ︽ᠰᠤᠪᠤᠷᠠᠭᠤᠯᠵᠤ ᠱᠥᠯᠥ ᠤᠤᠭᠤᠬᠤ︾ ᠠᠷᠭ᠎ᠠ ᠶᠢ ᠬᠡᠷᠡᠭᠯᠡᠳᠡᠭ᠃ | | ᠡᠪᠦᠯ ᠤᠨ ᠢᠳᠡᠰᠢ ᠶᠢ ᠡᠷᠦᠬᠡ ᠪᠠᠷ ᠨᠢᠭᠡᠴᠢᠯᠡᠵᠦ᠂ ᠬᠥᠮᠥᠨ ᠢᠶᠠᠷ ᠲᠡᠭᠰᠢᠳᠬᠡᠭᠡᠳ ᠳᠤᠮᠳᠠᠴᠢ ᠪᠠᠷ 2 ~2. | 5 ᠲᠣᠯᠣᠭᠠᠢ ᠪᠤᠭ ᠮᠠᠯ ᠤᠨ ᠲᠥᠯᠥᠪ ᠢᠶᠠᠷ ᠳᠦᠭᠦᠷᠭᠡᠳᠡᠭ᠃ 5 ᠬᠥᠮᠥᠨ ᠠᠮᠠ ᠲᠠᠢ ᠡᠷᠦᠬᠡ ᠪᠣᠯ ᠨᠢᠭᠡ ᠡᠪᠦᠯ ᠤᠨ | ᠢᠳᠡᠰᠢ ᠳᠤ 10 ~12.5 ᠲᠣᠯᠣᠭᠠᠢ ᠪᠤᠭ ᠮᠠᠯ ᠤᠨ ᠲᠥᠯᠥᠪ ᠲᠠᠢ ᠪᠠᠶᠢᠳᠠᠭ᠃ ᠡᠭᠦᠨ ᠳᠤ ᠬᠡᠷᠪᠡ ᠪᠣᠳᠠ ᠮᠠᠯ | ᠣᠷᠣᠭᠤᠯᠪᠠᠯ ᠨᠢᠭᠡ ᠲᠣᠯᠣᠭᠠᠢ ᠦᠬᠡᠷ ᠤᠨ ᠭᠠᠳᠠᠨ᠎ᠠ 6 ~7 ᠪᠤᠭ ᠮᠠᠯ ᠣᠷᠴᠢᠮ ᠢᠶᠠᠷ ᠨᠣᠭᠳᠠᠭᠤᠯᠵᠤ ᠪᠠᠵᠠᠭᠠᠨ᠎ᠠ᠃ | | | ᠡᠪᠦᠯ ᠤᠨ ᠢᠳᠡᠰᠢ ᠪᠣᠯ ᠡᠪᠦᠯ ᠬᠠᠪᠤᠷ ᠤᠨ ︽ᠤᠯᠠᠭᠠᠨ ᠢᠳᠡᠭᠡᠨ︾ ᠤ ᠠᠰᠠᠭᠤᠳᠠᠯ ᠢ ᠲᠠᠰᠤᠯᠬᠤ ᠪᠠᠷ ︽ | ᠢᠳᠡᠰᠢ︾ ᠭᠡᠵᠦ ᠮᠠᠯ ᠪᠠᠵᠠᠭᠠᠵᠤ ᠪᠡᠯᠡᠳᠬᠡᠳᠡᠭ ᠢᠳᠡᠰᠢᠨ ᠮᠢᠬ᠎ᠠ᠃ ᠡᠪᠦᠯ ᠤᠨ ᠢᠳᠡᠰᠢ ᠶᠢ ᠡᠪᠦᠯ ᠤᠨ ᠡᠬᠢᠨ | ᠰᠠᠷ᠎ᠠ ᠶᠢᠨ 25 ᠤ ᠡᠳᠦᠷ ᠤᠨ ᠤᠷᠢᠳ ᠬᠤᠵᠢᠳ ᠢᠶᠠᠷ ᠮᠢᠬ᠎ᠠ ᠬᠥᠯᠳᠡᠬᠦ ᠦᠶ᠎ᠡ ᠳᠤ ᠪᠠᠵᠠᠭᠠᠨ᠎ᠠ᠃ ᠢᠳᠡᠬᠦ ᠮᠠᠯ | ᠢᠶᠠᠨ ᠤᠷᠢᠳ ᠢᠶᠠᠷ ᠲᠣᠭᠲᠠᠭᠠᠵᠤ ᠢᠯᠭᠠᠵᠤ ᠠᠪᠤᠭᠠᠳ ᠴᠠᠭ ᠬᠦᠴᠦ ᠪᠠᠨ ᠲᠥᠪᠯᠡᠷᠡᠭᠦᠯᠵᠦ᠂ 1 — 3 ᠡᠳᠦᠷ ᠤᠨ | ᠳᠣᠲᠣᠷ᠎ᠠ ᠨᠢᠭᠡ ᠤᠳᠠᠭ᠎ᠠ ᠶᠢᠨ ᠴᠢᠨᠠᠷ ᠲᠠᠢ ᠪᠦᠬᠦᠨ ᠢ ᠪᠠᠵᠠᠭᠠᠵᠤ᠂ ᠡᠪᠦᠯ ᠬᠠᠪᠤᠷ ᠤᠨ ᠢᠳᠡᠬᠦ ᠮᠢᠬ᠎ᠠ ᠪᠠᠨ | ᠰᠠᠯᠭᠠᠵᠤ᠂ ᠠᠳᠠᠯᠢ ᠦᠭᠡᠢ ᠬᠡᠯᠪᠡᠷᠢ ᠪᠠᠷ ᠬᠠᠳᠠᠭᠠᠯᠠᠨ᠎ᠠ᠃ | | ᠵᠤᠨ ᠤ ᠱᠥᠯᠥᠨ ᠤ ᠵᠠᠬ᠎ᠠ ᠶᠢ ᠬᠡᠷᠪᠡ ᠬᠠᠳᠠᠭᠠᠯᠠᠪᠠᠯ ᠭᠤᠣᠯᠳᠠᠭᠤ ᠬᠠᠲᠠᠭᠠᠵᠤ ᠬᠠᠳᠠᠭᠠᠯᠠᠨ᠎ᠠ᠃ ᠬᠠᠲᠠᠭᠠᠬᠤ | ᠳᠠᠭᠠᠨ ᠰᠢᠭᠤᠳ ᠲᠣᠩ ᠨᠠᠷᠢᠨ ᠪᠣᠷᠴᠠᠯᠠᠵᠤ ᠬᠠᠲᠠᠭᠠᠬᠤ᠂ ᠳᠠᠪᠤᠰᠤᠯᠠᠵᠤ ᠪᠣᠷᠴᠠᠯᠠᠵᠤ ᠬᠠᠲᠠᠭᠠᠬᠤ᠂ ᠭᠤᠯᠢᠷ ᠲᠤ | ᠲᠦᠷᠢᠵᠦ ᠬᠠᠲᠠᠭᠠᠬᠤ ᠁ ᠵᠡᠷᠭᠡ ᠠᠷᠭ᠎ᠠ ᠠᠪᠳᠠᠭ᠃ ᠮᠢᠬ᠎ᠠ ᠬᠠᠲᠠᠭᠠᠬᠤ ᠪᠣᠯ ᠲᠣᠩ ᠨᠠᠷᠢᠨ ᠮᠡᠷᠭᠡᠵᠢᠯ ᠤᠨ | ᠠᠵᠢᠯ᠂ ᠶᠠᠭᠠᠬᠢᠵᠤ ᠬᠠᠲᠠᠭᠠᠬᠤ ᠨᠢ ᠮᠡᠷᠭᠡᠵᠢᠯ ᠳᠤ ᠬᠤᠯᠪᠣᠭᠳᠠᠨ᠎ᠠ᠃ ᠥᠩᠭᠡᠷᠡᠭᠰᠡᠨ ᠳᠤ ᠰᠦᠮ᠎ᠡ ᠬᠡᠶᠢᠳ ᠵᠡᠷᠭᠡ | ᠰᠠᠭᠤᠭᠠᠯᠢ ᠭᠠᠵᠠᠷ ᠲᠤ ᠪᠠᠰᠠ ᠬᠠᠲᠠᠭᠠᠬᠤ ᠦᠭᠡᠢ᠂ ᠭᠦᠨ ᠵᠣᠭᠤᠷᠢ ᠬᠤᠳᠳᠤᠭ ᠵᠡᠷᠭᠡ ᠬᠦᠢᠲᠡᠨ ᠬᠥᠮᠥᠷᠭᠡ ᠰᠢᠭ | ᠭᠠᠵᠠᠷ ᠬᠠᠳᠠᠭᠠᠯᠠᠬᠤ ᠠᠷᠭ᠎ᠠ ᠡᠭᠦᠰᠴᠦ ᠪᠠᠶᠢᠵᠠᠢ᠃ | | ᠡᠪᠦᠯ ᠤᠨ ᠢᠳᠡᠰᠢ ᠶᠢᠨ ᠮᠢᠬ᠎ᠠ ᠪᠣᠯ ᠡᠪᠦᠯ ᠤᠨ ᠰᠡᠭᠦᠯ ᠰᠠᠷ᠎ᠠ ᠠᠴᠠ ᠵᠤᠨ ᠤ ᠡᠬᠢᠨ ᠰᠠᠷ᠎ᠠ ᠬᠦᠷᠲᠡᠯ᠎ᠡ | ᠢᠳᠡᠬᠦ ᠢᠳᠡᠰᠢ ᠶᠢᠨ ᠮᠢᠬ᠎ᠠ ᠪᠣᠯᠬᠤᠷ ᠬᠠᠳᠠᠭᠠᠯᠠᠬᠤ ᠬᠤᠭᠤᠴᠠᠭ᠎ᠠ ᠨᠢ ᠲᠣᠩ ᠤᠷᠲᠤ ᠪᠠᠶᠢᠳᠠᠭ᠃ ᠡᠶᠢᠮᠦ ᠠᠴᠠ | ᠡᠪᠦᠯ ᠤᠨ ᠢᠳᠡᠰᠢ ᠶᠢᠨ ᠮᠢᠬ᠎ᠠ ᠶᠢ ᠳᠣᠲᠣᠷ᠎ᠠ ᠨᠢ ᠲᠣᠩ ᠣᠯᠠᠨ ᠬᠤᠪᠢᠶᠠᠨ᠎ᠠ᠃ ᠡᠪᠦᠯ ᠢᠳᠡᠬᠦ᠂ ᠬᠠᠪᠤᠷ ᠢᠳᠡᠬᠦ᠂ | ᠣᠲᠣᠷ ᠲᠤ ᠠᠪᠠᠴᠢᠬᠤ᠂ ᠰᠠᠭᠤᠷᠢᠨ ᠳᠤ ᠦᠯᠡᠳᠡᠭᠡᠬᠦ᠂ ᠴᠢᠨᠠᠵᠤ ᠢᠳᠡᠬᠦ᠂ ᠬᠥᠰᠬᠦᠯᠡᠭᠡ ᠳᠤ ᠬᠥᠰᠬᠦᠯᠡᠬᠦ᠂ | ᠬᠠᠪᠰᠤᠷᠬᠤ ᠦᠭᠦᠴᠡᠯᠡᠬᠦ ᠭᠡᠵᠦ ᠲᠣᠰ ᠲᠣᠰ ᠲᠠᠭᠠᠨ ᠪᠠᠶᠢᠳᠠᠭ᠃ | | ᠡᠶᠢᠮᠦ ᠠᠴᠠ ᠬᠡᠷᠡᠭᠴᠡᠭᠡ ᠪᠠᠨ ᠦᠨᠳᠦᠰᠦᠯᠡᠵᠦ᠂ ᠦᠶ᠎ᠡ ᠮᠥᠴᠡ ᠪᠠᠷ ᠨᠢ ᠨᠠᠷᠢᠨ ᠰᠠᠯᠭᠠᠬᠤ ᠪᠠ ᠪᠦᠬᠦᠯᠢ | ᠦᠯᠡᠳᠡᠭᠡᠨ ᠬᠠᠪᠰᠤᠷᠴᠤ ᠦᠭᠦᠴᠡᠯᠡᠵᠦ ᠪᠠᠶᠢᠳᠠᠭ ᠃ ᠭᠡᠳᠡᠰᠦ ᠳᠣᠲᠣᠷ ᠢ ᠨᠢ ᠣᠨᠴᠤᠭᠤᠢ ᠰᠠᠶᠢᠬᠠᠨ ᠠᠷᠢᠯᠭᠠᠵᠤ | ᠴᠢᠬᠢᠵᠦ ᠴᠢᠳᠬᠤᠨ ᠬᠡᠰᠡᠭ ᠬᠡᠰᠡᠭ ᠢᠶᠠᠷ ᠬᠤᠪᠢᠶᠠᠵᠤ᠂ ᠴᠠᠭ ᠴᠠᠭ ᠢᠶᠠᠷ ᠴᠢᠨᠠᠵᠤ ᠢᠳᠡᠬᠦ ᠶᠢᠨ ᠬᠡᠷᠡᠭᠴᠡᠭᠡ ᠪᠠᠷ | ᠢᠶᠠᠨ ᠵᠠᠶᠢᠳᠠᠰᠤᠯᠠᠵᠤ ᠲᠠᠯᠪᠢᠨ᠎ᠠ᠃ ᠡᠭᠦᠨ ᠠᠴᠠ ᠭᠠᠳᠠᠨ᠎ᠠ ᠡᠪᠦᠯ ᠤᠨ ᠢᠳᠡᠰᠢ ᠶᠢᠨ ᠮᠢᠬ᠎ᠠ ᠶᠢ ᠨᠥᠬᠦᠴᠡᠯ ᠲᠠᠢ | ᠰᠠᠭᠤᠭᠠᠯᠢ ᠭᠠᠵᠠᠷ ᠪᠣᠯ ᠪᠠᠷᠢᠨ ᠳᠣᠣᠷ᠎ᠠ ᠨᠢ ᠪᠣᠷᠴᠠᠯᠠᠵᠤ ᠰᠠᠯᠭᠠᠵᠤ᠂ ᠳᠡᠭᠦᠵᠢᠯᠡᠨ ᠬᠥᠯᠳᠡᠭᠡᠵᠦ ᠬᠥᠯᠳᠡᠭᠦᠦ ᠪᠠᠷ ᠨᠢ | ᠬᠠᠲᠠᠭᠠᠬᠤ ᠪᠤᠶᠤ ᠬᠥᠰᠬᠦᠯᠡᠵᠦ ᠬᠠᠲᠠᠭᠠᠬᠤ ᠵᠡᠷᠭᠡ ᠪᠠᠶᠢᠳᠠᠭ᠃ | | ᠡᠪᠦᠯ ᠤᠨ ᠢᠳᠡᠰᠢ ᠶᠢᠨ ᠮᠢᠬ᠎ᠠ ᠶᠢ ᠪᠠᠵᠠᠭᠠᠬᠤ ᠲᠥᠬᠦᠭᠡᠷᠬᠦ ᠠᠴᠠ ᠠᠪᠤᠭᠠᠳ ᠠᠳᠠᠯᠢ ᠦᠭᠡᠢ ᠰᠠᠯᠭᠠᠵᠤ | ᠬᠠᠳᠠᠭᠠᠯᠠᠬᠤ ᠵᠡᠷᠭᠡ ᠨᠢ ᠪᠦᠷ ᠠᠳᠠᠯᠢ ᠪᠤᠰᠤ ᠴᠠᠭ ᠦᠶ᠎ᠡ ᠳᠤ ᠬᠡᠷᠡᠭᠯᠡᠬᠦ ᠪᠠᠷ ᠠᠳᠠᠯᠢ ᠦᠭᠡᠢ ᠦᠢᠯᠡᠳᠪᠦᠷᠢᠯᠡᠭᠰᠡᠨ᠂ | ᠦᠵᠦᠮᠦᠴᠢᠨ ᠮᠣᠩᠭᠤᠯᠴᠤᠳ ᠤᠨ ᠲᠡᠦᠬᠡᠨ ᠨᠥᠬᠦᠴᠡᠯ ᠤᠨ ᠳᠣᠣᠷᠠᠬᠢ ᠮᠢᠬ᠎ᠠ ᠪᠣᠯᠪᠠᠰᠤᠷᠠᠭᠤᠯᠬᠤ ᠭᠠᠷ | ᠦᠢᠯᠡᠳᠪᠦᠷᠢ ᠶᠢᠨ ᠪᠦᠲᠦᠭᠡᠭᠳᠡᠬᠦᠨ ᠪᠠᠶᠢᠵᠠᠢ᠃ | | 4. ᠰᠦ ᠴᠠᠭᠠᠨ ᠢᠳᠡᠭᠡᠨ ᠢ ᠪᠣᠯᠪᠠᠰᠤᠷᠠᠭᠤᠯᠬᠤ᠄ ᠰᠦ ᠴᠠᠭᠠᠨ ᠢᠳᠡᠭᠡᠨ ᠢ ᠪᠣᠯᠪᠠᠰᠤᠷᠠᠭᠤᠯᠬᠤ | ᠦᠢᠯᠡᠳᠪᠦᠷᠢ ᠮᠥᠨ ᠮᠣᠩᠭᠤᠯ ᠣᠷᠣᠨ ᠳᠤ ᠠᠯᠢ ᠡᠷᠲᠡ ᠬᠥᠭᠵᠢᠭᠰᠡᠨ ᠤᠤᠭᠠᠨ ᠦᠢᠯᠡᠳᠪᠦᠷᠢᠯᠡᠯ ᠪᠣᠯᠣᠨ᠎ᠠ᠃ ︽ | ᠮᠣᠩᠭᠤᠯ ᠤᠨ ᠨᠢᠭᠤᠴᠠ ᠲᠣᠪᠴᠢᠶᠠᠨ︾ ᠳᠤ᠄ ︽ᠰᠤᠷᠬᠠᠨ ᠰᠢᠷ᠎ᠠ ᠶᠢᠨ ᠭᠡᠷ ᠤᠨ ᠲᠡᠮᠳᠡᠭ ᠨᠢ ᠲᠡᠳᠡᠨ ᠤ ᠬᠢ | ᠠᠶᠢᠷᠠᠭ ᠲᠠᠭᠠᠨ ᠰᠦ ᠲᠦᠰᠦᠷᠦᠭᠡᠳ ᠰᠥᠨᠢᠵᠢᠨ ᠦᠷ ᠴᠠᠶᠢᠲᠠᠯ᠎ᠠ ᠪᠦᠯᠢᠳᠡᠭ ᠶᠤᠮ᠃︾ ᠭᠡᠵᠡᠢ᠃ | | ᠠᠳᠡ ᠬᠡᠯᠡᠭᠰᠡᠨ ︽ᠠᠶᠢᠷᠠᠭ︾᠂ ︽ᠰᠥᠨᠢᠵᠢᠨ︾᠂ ︽ᠪᠦᠯᠢᠳᠡᠭ︾ ᠭᠡᠰᠡᠨ ᠪᠣᠯ ᠮᠣᠩᠭᠤᠯᠴᠤᠳ ᠤᠨ | ᠲᠤᠬᠠᠢ ᠶᠢᠨ ᠦᠶ᠎ᠡ ᠳᠤ ︽ᠴᠠᠭᠠᠨ ᠢᠳᠡᠭᠡᠨ︾ ᠦᠢᠯᠡᠳᠪᠦᠷᠢᠯᠡᠵᠦ ᠪᠠᠶᠢᠭᠰᠠᠨ ᠢ ᠲᠤᠰᠬᠠᠭᠰᠠᠨ ᠢᠶᠠᠷ ᠪᠠᠷᠠᠬᠤ | ᠦᠭᠡᠢ᠂ ᠲᠡᠭᠦᠨ ᠤ ᠪᠣᠳᠠᠰ ᠤᠨ ᠲᠥᠷᠥᠯ᠂ ᠥᠷᠭᠡᠴᠡ ᠶᠢᠨ ᠬᠡᠮᠵᠢᠶ᠎ᠡ᠂ ᠦᠢᠯᠡᠳᠪᠦᠷᠢᠯᠡᠬᠦ ᠴᠠᠭ ᠬᠤᠭᠤᠴᠠᠭ᠎ᠠ ᠪᠠ | ᠠᠷᠭ᠎ᠠ ᠪᠠᠷᠢᠯ ᠢ ᠲᠣᠪᠴᠢ ᠬᠡᠳᠦᠨ ᠦᠭᠡ ᠪᠠᠷ ᠲᠣᠩ ᠨᠠᠷᠢᠨ ᠲᠣᠳᠣᠷᠬᠠᠢ ᠬᠤᠷᠢᠶᠠᠩᠭᠤᠶᠢᠯᠠᠵᠤ ᠲᠤᠰᠬᠠᠵᠠᠢ᠃ ᠡᠨᠡ | ᠨᠢ 12 ᠳ᠋ᠤᠭᠠᠷ ᠵᠠᠭᠤᠨ ᠤ ᠦᠶ᠎ᠡ ᠳᠤ ᠮᠣᠩᠭᠤᠯᠴᠤᠳ ᠨᠢᠭᠡᠨᠲᠡ ᠨᠡᠯᠢᠶᠡᠳ ᠳᠠᠪᠰᠢᠩᠭᠤᠢ ︽ᠴᠠᠭᠠᠨ ᠢᠳᠡᠭᠡᠨ︾ | ᠤ ᠦᠢᠯᠡᠳᠪᠦᠷᠢᠯᠡᠯ ᠲᠠᠢ ᠪᠠᠶᠢᠭᠰᠠᠨ ᠢ ᠬᠠᠷᠠᠭᠤᠯᠵᠠᠢ᠃ | | ᠮᠣᠩᠭᠤᠯ ᠤᠨ ᠡᠷᠲᠡᠨ ᠤ ᠤᠯᠠᠮᠵᠢᠯᠠᠯᠲᠤ ︽ᠴᠠᠭᠠᠨ ᠢᠳᠡᠭᠡᠨ︾ ᠤ ᠦᠢᠯᠡᠳᠪᠦᠷᠢᠯᠡᠯ ᠦᠵᠦᠮᠦᠴᠢᠨ ᠳᠤ | ᠮᠥᠨ ᠡᠷᠡᠰ ᠪᠠᠷᠢᠮᠲᠠᠯᠠᠭᠳᠠᠨ ᠴᠢᠨᠠᠭᠰᠢᠳᠠ ᠲᠠᠰᠤᠷᠠᠯᠲᠠ ᠦᠭᠡᠢ ᠬᠥᠭᠵᠢᠭᠡᠳ᠂ ᠭᠠᠵᠠᠷ ᠣᠷᠣᠨ ᠤ ᠣᠨᠴᠠᠯᠢᠭ ᠲᠠᠢ | ︽ᠦᠵᠦᠮᠦᠴᠢᠨ ᠴᠠᠭᠠᠨ ᠢᠳᠡᠭᠡᠨ︾ ᠦᠢᠯᠡᠳᠪᠦᠷᠢᠯᠡᠯ ᠪᠣᠯᠣᠨ ᠲᠣᠭᠲᠠᠨᠢᠭᠰᠠᠨ ᠪᠠᠶᠢᠨ᠎ᠠ᠃ | | ᠦᠵᠦᠮᠦᠴᠢᠨ ᠤ ᠴᠠᠭᠠᠨ ᠢᠳᠡᠭᠡᠨ ᠤ ᠦᠢᠯᠡᠳᠪᠦᠷᠢᠯᠡᠯ ᠨᠢ ᠪᠠᠰᠠ ᠴᠦ ᠥᠪᠡᠷ ᠤᠨ ᠬᠡᠷᠡᠭᠴᠡᠭᠡ ᠪᠠᠨ | ᠬᠠᠩᠭᠠᠳᠠᠭ ᠬᠤᠶᠠᠷ ᠶᠡᠭᠡ ᠬᠦᠨᠡᠰᠦᠨ ᠢᠳᠡᠭᠡᠨ ᠤ ᠦᠢᠯᠡᠳᠪᠦᠷᠢᠯᠡᠯ ᠤᠨ ᠨᠢᠭᠡ ᠨᠢ ᠮᠥᠨ᠃ ︽ᠴᠠᠭᠠᠨ ᠢᠳᠡᠭᠡᠨ︾ | ᠤ ᠦᠢᠯᠡᠳᠪᠦᠷᠢᠯᠡᠯ ᠨᠢ ︽ᠤᠯᠠᠭᠠᠨ ᠢᠳᠡᠭᠡᠨ︾ ᠤ ᠦᠢᠯᠡᠳᠪᠦᠷᠢᠯᠡᠯ ᠲᠠᠢ ᠬᠤᠣᠰ ᠵᠢᠭᠦᠷᠯᠡᠵᠦ᠂ ᠦᠵᠦᠮᠦᠴᠢᠨ ᠤ | ᠭᠤᠣᠯ ᠬᠦᠨᠡᠰᠦᠨ ᠢᠳᠡᠭᠡᠨ ᠢ ᠬᠠᠩᠭᠠᠬᠤ ᠨᠢᠭᠡ ᠲᠣᠮᠣ ᠲᠥᠷᠥᠯ ᠪᠣᠯᠣᠭᠰᠠᠨ ᠪᠠᠶᠢᠨ᠎ᠠ᠃ | | ᠦᠵᠦᠮᠦᠴᠢᠨ ᠤ ᠴᠠᠭᠠᠨ ᠢᠳᠡᠭᠡᠨ ᠤ ᠦᠢᠯᠡᠳᠪᠦᠷᠢᠯᠡᠯ ᠤᠨ ᠦᠢᠯᠡᠳᠦᠭᠰᠡᠨ ︽ᠴᠠᠭᠠᠨ ᠢᠳᠡᠭᠡᠨ︾ ᠤ | ᠲᠥᠷᠥᠯ ᠵᠦᠢᠯ ᠨᠢ ᠲᠣᠩ ᠣᠯᠠᠨ ᠶᠤᠮ᠃ ᠵᠥᠪᠬᠡᠨ ᠲᠡᠦᠬᠡ ᠶᠢᠨ ᠤᠯᠠᠮᠵᠢᠯᠠᠯᠲᠤ ᠴᠠᠭᠠᠨ ᠢᠳᠡᠭᠡᠨ ᠤ ᠲᠥᠷᠥᠯ | ᠵᠦᠢᠯ ᠳᠠᠩ ᠢᠶᠠᠷ ᠢᠶᠠᠨ ᠭᠤᠴᠢ ᠣᠷᠴᠢᠮ ᠪᠠᠶᠢᠳᠠᠭ᠃ ᠳᠠᠩ ᠲᠥᠷᠥᠯ ᠤᠨ ᠳᠣᠲᠣᠷ᠎ᠠ ᠨᠢ ᠮᠡᠷᠭᠡᠵᠢᠯ ᠮᠠᠲ᠋ᠧᠷᠢᠶᠠᠯ | ᠤᠨ ᠲᠣᠬᠢᠷᠠᠭᠤᠯᠤᠯᠲᠠ᠂ ᠦᠢᠯᠡᠳᠪᠦᠷᠢᠯᠡᠬᠦ ᠠᠷᠭ᠎ᠠ ᠮᠠᠶ᠋ᠢᠭ ᠤᠨ ᠠᠳᠠᠯᠢ ᠦᠭᠡᠢ ᠪᠤᠶᠤ ᠥᠭᠡᠷᠡᠴᠢᠯᠡᠨ | ᠦᠢᠯᠡᠳᠪᠦᠷᠢᠯᠡᠬᠦ ᠠᠴᠠ ᠪᠣᠯᠵᠤ ᠪᠠᠰᠠ 5 ~7 ᠵᠢᠵᠢᠭ ᠲᠥᠷᠥᠯ ᠬᠤᠪᠢᠶᠠᠵᠤ ᠦᠢᠯᠡᠳᠪᠦᠷᠢᠯᠡᠳᠡᠭ᠃ | | ᠲᠥᠷᠥᠯ ᠵᠦᠢᠯ ᠢ ᠬᠤᠪᠢᠷᠠᠭᠤᠯᠵᠤ ᠦᠢᠯᠡᠳᠪᠦᠷᠢᠯᠡᠬᠦ ᠨᠢ ᠪᠦᠷ ᠦᠵᠦᠮᠦᠴᠢᠨ ᠤ ᠰᠠᠭᠠᠯᠢᠴᠢᠳ ᠤᠨ ᠤᠷᠲᠤ | ᠬᠤᠭᠤᠴᠠᠭᠠᠨ ᠤ ᠦᠢᠯᠡᠳᠦᠯᠭᠡ ᠶᠢᠨ ᠳᠤᠮᠳᠠ ᠳᠠᠬᠢᠨ ᠳᠠᠪᠲᠠᠨ ᠰᠤᠳᠤᠯᠵᠤ᠂ ᠮᠡᠷᠭᠡᠵᠢᠯ ᠤᠨ ᠴᠢᠨᠠᠷ ᠲᠠᠢ | ᠥᠭᠡᠷᠡᠴᠢᠯᠡᠯᠲᠡ ᠬᠢᠵᠦ᠂ ᠣᠯᠠᠨ ᠵᠦᠢᠯ ᠤᠨ ᠬᠡᠷᠡᠭᠴᠡᠭᠡᠨ ᠳᠤ ᠵᠣᠬᠢᠴᠠᠭᠤᠯᠵᠤ ᠦᠢᠯᠡᠳᠪᠦᠷᠢᠯᠡᠭᠰᠡᠨ ᠤ ᠦᠷ᠎ᠡ | ᠳ᠋ᠦᠩ ᠮᠥᠨ᠃ | | ᠦᠵᠦᠮᠦᠴᠢᠨ ᠳᠤ ᠰᠦ ᠶᠢ ᠪᠣᠯᠪᠠᠰᠤᠷᠠᠭᠤᠯᠤᠨ ᠦᠢᠯᠡᠳᠪᠦᠷᠢᠯᠡᠬᠦ ᠳᠡᠭᠡᠨ ᠲᠠᠪᠤᠨ ᠬᠤᠰᠢᠭᠤ ᠮᠠᠯ ᠤᠨ ᠰᠦ | ᠶᠢ ᠲᠣᠰ ᠲᠣᠰ ᠤᠨ ᠠᠳᠠᠯᠢ ᠦᠭᠡᠢ ᠣᠨᠴᠠᠯᠢᠭ ᠲᠤᠨᠢ ᠲᠣᠬᠢᠷᠠᠭᠤᠯᠵᠤ᠂ ᠠᠳᠠᠯᠢ ᠦᠭᠡᠢ ᠲᠥᠷᠥᠯ ᠤᠨ ᠴᠠᠭᠠᠨ | ᠢᠳᠡᠭᠡᠨ ᠦᠢᠯᠡᠳᠬᠦ ᠳᠤ ᠬᠡᠷᠡᠭᠯᠡᠬᠦ ᠪᠣᠯᠵᠠᠢ᠃ ᠦᠨᠢᠶ᠎ᠡ ᠶᠢᠨ ᠰᠦ ᠶᠢ ᠲᠦᠭᠦᠬᠡᠢ ᠪᠠ ᠪᠣᠯᠭᠠᠵᠤ ᠦᠢᠯᠡᠳᠪᠦᠷᠢᠯᠡᠨ | ᠠᠰᠢᠭᠯᠠᠬᠤ ᠳᠤ᠂ ᠬᠤᠨᠢ ᠢᠮᠠᠭ᠎ᠠ ᠶᠢᠨ ᠰᠦ ᠶᠢ ᠬᠠᠷᠢᠨ ᠵᠠᠪᠠᠯ ᠪᠣᠯᠭᠠᠵᠤ ᠦᠢᠯᠡᠳᠪᠦᠷᠢᠯᠡᠵᠦ᠂ ᠠᠶᠢᠷᠠᠭ ᠪᠠᠷᠢᠬᠤ᠂ | ᠭᠡᠭᠦᠦ ᠶᠢᠨ ᠰᠦ ᠶᠢ ᠴᠡᠭᠡ ᠪᠠᠷᠢᠬᠤ ᠳᠤ ᠲᠣᠰ ᠲᠣᠰ ᠬᠡᠷᠡᠭᠯᠡᠨ᠎ᠡ᠃ | | ᠦᠵᠦᠮᠦᠴᠢᠨ ᠤ ᠰᠦ ᠦᠢᠯᠡᠳᠪᠦᠷᠢᠯᠡᠬᠦ ᠤᠯᠠᠮᠵᠢᠯᠠᠯᠲᠤ ᠦᠢᠯᠡᠳᠪᠦᠷᠢᠯᠡᠯ ᠪᠣᠯ ᠪᠠᠰᠠ ᠬᠡᠪᠴᠢᠶ᠎ᠡ ᠪᠠᠷ ᠲᠣᠩ | ᠶᠡᠭᠡ᠂ ᠬᠤᠭᠤᠴᠠᠭ᠎ᠠ ᠪᠠᠷ ᠲᠣᠩ ᠤᠷᠲᠤ᠂ ᠠᠷᠭ᠎ᠠ ᠪᠠᠷᠢᠯ ᠢᠶᠠᠷ ᠴᠢᠩᠭ᠎ᠠ᠂ ᠳᠦᠷᠢᠮᠵᠢᠵᠦ ᠬᠡᠪᠰᠢᠨ ᠲᠣᠭᠲᠠᠭᠰᠠᠨ᠂ | ᠦᠢᠯᠡᠳᠬᠦᠨ ᠤ ᠲᠥᠷᠥᠯ ᠵᠦᠢᠯ ᠢᠶᠠᠷ ᠣᠯᠠᠨ᠂ ᠶᠠᠰᠤ ᠴᠢᠨᠠᠷ ᠢᠶᠠᠷ ᠣᠬᠢ᠂ ᠪᠠᠶᠢᠭᠠᠯᠢᠯᠢᠭ ᠴᠢᠨᠠᠷ ᠪᠠ | ᠪᠣᠯᠪᠠᠰᠤᠷᠠᠭᠤᠯᠬᠤ ᠮᠡᠷᠭᠡᠵᠢᠯ ᠢ ᠤᠶᠠᠯᠳᠤᠭᠤᠯᠵᠤ᠂ ᠭᠡᠷ ᠪᠦᠯᠢ ᠪᠠᠷ ᠨᠢᠭᠡᠴᠢᠯᠡᠭᠰᠡᠨ ᠳᠡᠭᠡᠳᠦ ᠵᠡᠷᠭᠡ ᠶᠢᠨ ᠭᠠᠷ | ᠦᠢᠯᠡᠳᠪᠦᠷᠢᠯᠡᠯ ᠪᠠᠶᠢᠪᠠ᠃ ᠡᠨᠡ ᠦᠢᠯᠡᠳᠪᠦᠷᠢ ᠨᠢ ᠲᠡᠦᠬᠡ ᠶᠢᠨ ᠬᠥᠭᠵᠢᠯ ᠤᠨ ᠶᠠᠪᠤᠴᠠ ᠳᠤ ᠲᠠᠰᠤᠷᠠᠯᠲᠠ ᠦᠭᠡᠢ | ᠥᠷᠭᠡᠵᠢᠯ ᠪᠠ ᠭᠦᠨᠵᠡᠭᠡᠶᠢᠷᠡᠯ ᠤᠨ ᠲᠠᠯ᠎ᠠ ᠪᠠᠷ ᠳᠠᠪᠰᠢᠵᠤ᠂ ᠬᠥᠮᠥᠨ ᠠᠷᠠᠳ ᠤᠨ ᠠᠮᠢᠳᠤᠷᠠᠯ ᠤᠨ 33% ᠠᠴᠠ | ᠳᠡᠭᠡᠭᠰᠢ ᠶᠢ ᠬᠠᠩᠭᠠᠳᠠᠭ ᠡᠯᠪᠡᠭ ᠪᠠᠶᠠᠯᠢᠭ ᠬᠦᠨᠡᠰᠦ ᠶᠢᠨ ᠦᠢᠯᠡᠳᠪᠦᠷᠢᠯᠡᠯ ᠪᠣᠯᠵᠠᠢ᠃ | | ᠬᠤᠶᠠᠷ᠂ ᠦᠵᠦᠮᠦᠴᠢᠨ ᠤ ᠭᠠᠷ ᠦᠢᠯᠡᠳᠪᠦᠷᠢᠯᠡᠯ ᠤᠨ ᠬᠥᠭᠵᠢᠯᠲᠡ ᠳᠤ ᠮᠣᠳᠣᠨ ᠮᠠᠲ᠋ᠧᠷᠢᠶᠠᠯ | ᠦᠢᠯᠡᠳᠪᠦᠷᠢᠯᠡᠬᠦ ᠦᠢᠯᠡᠰ ᠶᠡᠭᠡ ᠬᠥᠭᠵᠢᠵᠡᠢ᠃ ᠡᠨᠡ ᠨᠢ ᠮᠣᠩᠭᠤᠯ ᠤᠨ ᠡᠷᠲᠡᠨ ᠤ ᠮᠣᠳᠣᠨ ᠤ ᠠᠵᠤ ᠠᠬᠤᠶᠢᠯᠠᠯ | ᠡᠷᠬᠢᠯᠡᠵᠦ ᠢᠷᠡᠭᠰᠡᠨ ᠤᠯᠠᠮᠵᠢᠯᠠᠯ ᠢ ᠪᠦᠲᠦᠭᠡᠯᠴᠢ ᠪᠠᠷ ᠵᠠᠯᠭᠠᠮᠵᠢᠯᠠᠭᠰᠠᠨ ᠶᠠᠪᠤᠳᠠᠯ ᠮᠥᠨ᠃ ᠮᠣᠩᠭᠤᠯᠴᠤᠳ ᠤᠨ | ᠮᠣᠳᠣᠨ ᠠᠵᠤ ᠠᠬᠤᠶᠢᠯᠠᠯ ᠲᠣᠩ ᠡᠷᠲᠡ ᠦᠶ᠎ᠡ ᠳᠤ ᠪᠣᠢ ᠪᠣᠯᠵᠠᠢ᠃ ᠮᠣᠳᠣᠨ ᠤ ᠠᠵᠤ ᠠᠬᠤᠶᠢᠯᠠᠯ ᠤᠨ ᠡᠷᠲᠡ | ᠬᠥᠭᠵᠢᠭᠰᠡᠨ ᠶᠠᠪᠤᠳᠠᠯ ᠨᠢ ᠲᠡᠳᠡ ᠤᠮᠠᠷᠠᠲᠤ ᠶᠢᠨ ᠣᠢ ᠲᠠᠶᠢᠭ᠎ᠠ ᠶᠢᠨ ᠣᠷᠣᠨ ᠠᠴᠠ ᠡᠭᠦᠰᠦᠭᠰᠡᠨ ᠲᠠᠢ ᠰᠢᠭᠤᠳ | ᠬᠤᠯᠪᠣᠭ᠎ᠠ ᠲᠠᠢ ᠪᠥᠭᠡᠳ ᠨᠡᠭᠦᠳᠡᠯ ᠤᠨ ᠠᠮᠢᠳᠤᠷᠠᠯ ᠬᠢᠭᠰᠡᠨ ᠤ ᠦᠷ᠎ᠡ ᠳ᠋ᠦᠩ ᠮᠥᠨ᠃ | | ᠦᠵᠦᠮᠦᠴᠢᠨ ᠮᠣᠩᠭᠤᠯᠴᠤᠳ᠂ ᠮᠣᠩᠭᠤᠯ ᠤᠨ ᠤᠯᠠᠮᠵᠢᠯᠠᠯᠲᠤ ᠮᠣᠳᠣᠨ ᠠᠵᠤ ᠠᠬᠤᠢ ᠶᠢ ᠵᠠᠯᠭᠠᠮᠵᠢᠯᠠᠬᠤ | ᠳᠠᠭᠠᠨ ᠲᠣᠩ ᠠᠪᠢᠶᠠᠰᠯᠢᠭ ᠪᠥᠭᠡᠳ ᠡᠭᠦᠳᠦᠯᠲᠡ ᠲᠠᠢ ᠪᠠᠶᠢᠵᠤ᠂ ᠦᠵᠦᠮᠦᠴᠢᠨ ᠤ ᠪᠡᠶ᠎ᠡ ᠪᠠᠨ ᠳᠠᠭᠠᠭᠠᠭᠰᠠᠨ ︽ | ᠮᠣᠳᠣᠨ ᠤ ᠦᠢᠯᠡᠳᠪᠦᠷᠢᠯᠡᠯ︾ ᠢ ᠪᠣᠢ ᠪᠣᠯᠭᠠᠵᠤ᠂ ᠲᠡᠦᠬᠡᠨ ᠠᠴᠠ ᠠᠪᠤᠭᠠᠳ ᠭᠠᠷ ᠦᠢᠯᠡᠳᠪᠦᠷᠢᠯᠡᠯ ᠢᠶᠠᠨ ᠤᠯᠠᠮ | ᠴᠢᠨᠠᠭᠰᠢᠳᠠ ᠪᠦᠷᠢᠨᠰᠢᠭᠦᠯᠵᠠᠢ᠃ ᠲᠡᠦᠬᠡᠨ ᠠᠴᠠ ᠠᠪᠤᠭᠠᠳ ᠦᠵᠦᠮᠦᠴᠢᠨ ᠳᠤ ᠬᠡᠷᠡᠭᠯᠡᠳᠡᠭ ᠮᠣᠳᠣᠨ ᠡᠳ᠋ᠯᠡᠯ ᠨᠢ | ᠪᠦᠷ ᠲᠡᠳᠡᠨ ᠤ ᠭᠠᠷ ᠦᠢᠯᠡᠳᠪᠦᠷᠢᠯᠡᠯ ᠤᠨ ᠦᠢᠯᠡᠳᠬᠦᠨ ᠪᠠᠶᠢᠵᠠᠢ᠃ ᠡᠭᠦᠨ ᠳᠤ᠄ | | 1. ᠮᠣᠩᠭᠤᠯ ᠭᠡᠷ ᠦᠢᠯᠡᠳᠪᠦᠷᠢᠯᠡᠬᠦ — ᠦᠵᠦᠮᠦᠴᠢᠨ ᠮᠣᠩᠭᠤᠯᠴᠤᠳ ᠲᠡᠦᠬᠡ ᠶᠢᠨ ᠤᠷᠲᠤ | ᠬᠤᠭᠤᠴᠠᠭᠠᠨ ᠤ ᠲᠤᠷᠰᠢ ᠣᠷᠣᠨ ᠰᠠᠭᠤᠴᠠ ᠶᠢᠨ ᠪᠦᠲᠦᠭᠡᠨ ᠪᠠᠶᠢᠭᠤᠯᠤᠯᠲᠠ ᠶᠢᠨ ᠲᠠᠯ᠎ᠠ ᠪᠠᠷ ᠪᠦᠷ ᠮᠣᠩᠭᠤᠯ ᠭᠡᠷ | ᠪᠣᠰᠬᠠᠵᠤ ᠰᠠᠭᠤᠵᠤ ᠢᠷᠠᠪᠠ᠃ | | ᠮᠣᠩᠭᠤᠯ ᠭᠡᠷ ᠪᠣᠯ ᠨᠡᠭᠦᠳᠡᠯ ᠣᠲᠣᠷ ᠤᠨ ᠮᠠᠯ ᠠᠵᠤ ᠠᠬᠤᠢ ᠶᠢᠨ ᠦᠢᠯᠡᠳᠪᠦᠷᠢᠯᠡᠯ ᠤᠨ ᠵᠠᠶᠢᠯᠠᠰᠢ ᠦᠭᠡᠢ | ᠪᠦᠲᠦᠭᠡᠭᠳᠡᠬᠦᠨ ᠪᠥᠭᠡᠳ ᠳᠡᠭᠡᠳᠦ ᠬᠡᠮᠵᠢᠶᠡᠨ ᠤ ᠠᠮᠢᠳᠤᠯᠢᠭ ᠬᠡᠷᠡᠭᠴᠡᠭᠡᠲᠦ ᠣᠷᠣᠨ ᠰᠠᠭᠤᠴᠠ ᠮᠥᠨ᠃ ᠡᠨᠡ ᠨᠢ | ᠲᠡᠦᠬᠡ ᠶᠢᠨ ᠴᠣᠯ ᠮᠠᠯᠵᠢᠬᠤ ᠣᠷᠣᠨ — ᠦᠵᠦᠮᠦᠴᠢᠨ ᠮᠣᠩᠭᠤᠯᠴᠤᠳ ᠤᠨ ᠭᠡᠷ ᠣᠷᠣᠨ ᠰᠠᠭᠤᠴᠠ ᠶᠢᠨ | ᠪᠠᠶᠢᠭᠤᠯᠤᠯᠲᠠ ᠳᠤ ᠬᠠᠮᠤᠭ ᠤᠨ ᠲᠣᠬᠢᠷᠠᠮᠵᠢᠲᠠᠢ ᠣᠷᠳᠣ ᠬᠠᠷᠰᠢ ᠪᠠᠶᠢᠵᠠᠢ᠃ ᠡᠶᠢᠨᠬᠦ ᠬᠠᠮᠤᠭ ᠤᠨ ᠲᠣᠬᠢᠷᠠᠮᠵᠢᠲᠠᠢ | ᠣᠷᠳᠣ ᠬᠠᠷᠰᠢ — ᠮᠣᠩᠭᠤᠯ ᠭᠡᠷ ᠢ ᠦᠵᠦᠮᠦᠴᠢᠨ ᠳᠤ ᠦᠵᠦᠮᠦᠴᠢᠨ ᠮᠣᠩᠭᠤᠯᠴᠤᠳ ᠥᠪᠡᠷ ᠢᠶᠠᠨ | ᠦᠢᠯᠡᠳᠪᠦᠷᠢᠯᠡᠳᠡᠭ᠃ | | ᠮᠣᠩᠭᠤᠯ ᠭᠡᠷ ᠤᠨ ᠭᠤᠣᠯ ᠪᠦᠲᠦᠴᠡ ᠪᠣᠯ ᠭᠡᠷ ᠤᠨ ᠮᠣᠳᠣ ᠪᠣᠯᠣᠨ᠎ᠠ᠃ ᠭᠡᠷ ᠤᠨ ᠮᠣᠳᠣᠨ ᠳᠤ ᠲᠣᠭᠤᠨᠣ᠂ | ᠤᠨᠢ᠂ ᠬᠠᠨ᠎ᠠ᠂ ᠬᠠᠭᠠᠯᠭ᠎ᠠ ᠵᠡᠷᠭᠡ ᠳᠥᠷᠪᠡᠨ ᠶᠡᠭᠡ ᠲᠥᠷᠥᠯ ᠪᠠᠶᠢᠵᠤ᠂ ᠲᠥᠷᠥᠯ ᠪᠦᠷᠢ ᠶᠢᠨ ᠳᠣᠲᠣᠷ᠎ᠠ ᠨᠢ ᠲᠣᠩ | ᠣᠯᠠᠨ ᠨᠠᠷᠢᠨ ᠡᠯᠧᠮᠧᠨ᠋ᠲ ᠬᠤᠪᠢᠶᠠᠵᠤ᠂ ᠣᠯᠠᠨ ᠶᠠᠩᠵᠤ ᠪᠠᠷ ᠬᠡᠮᠵᠢᠨ ᠵᠢᠷᠤᠭᠯᠠᠵᠤ᠂ ᠠᠳᠠᠯᠢ ᠦᠭᠡᠢ | ᠦᠢᠯᠡᠳᠪᠦᠷᠢᠯᠡᠯ ᠤᠨ ᠠᠷᠭ᠎ᠠ ᠪᠠᠷᠢᠯ ᠢ ᠬᠡᠷᠡᠭᠯᠡᠵᠦ ᠬᠢᠨ᠎ᠡ᠃ ᠲᠡᠷᠡ ᠨᠢ ᠪᠦᠷ ᠭᠠᠷ ᠦᠢᠯᠡᠳᠪᠦᠷᠢᠯᠡᠯ ᠤᠨ | ᠪᠦᠲᠦᠭᠡᠭᠰᠡᠨ ᠪᠥᠭᠡᠳ ᠭᠠᠷ ᠤᠷᠠᠯᠢᠭ ᠤᠨ ᠪᠦᠲᠦᠭᠡᠭᠳᠡᠬᠦᠨ ᠪᠠᠶᠢᠳᠠᠭ᠃ ᠡᠶᠢᠮᠦ ᠠᠴᠠ ᠦᠵᠦᠮᠦᠴᠢᠨ ᠤ ᠮᠣᠳᠣᠨ ᠤ | ᠦᠢᠯᠡᠳᠪᠦᠷᠢᠯᠡᠯ ᠤᠨ ᠭᠤᠣᠯ ᠴᠢᠬᠤᠯᠠ ᠪᠦᠷᠢᠯᠳᠦᠬᠦᠨ ᠶᠤᠮ᠃ | | 2. ᠨᠡᠭᠦᠳᠡᠯ ᠤᠨ ᠲᠡᠷᠭᠡ ᠦᠢᠯᠡᠳᠪᠦᠷᠢᠯᠡᠬᠦ — ᠦᠵᠦᠮᠦᠴᠢᠨ ᠮᠣᠩᠭᠤᠯᠴᠤᠳ ᠤᠨ ᠨᠡᠭᠦᠳᠡᠯ ᠮᠠᠯᠵᠢᠯ ᠤᠨ | ᠭᠤᠣᠯ ᠪᠣᠯᠬᠤ ᠵᠠᠮ ᠲᠡᠭᠡᠭᠡᠪᠦᠷᠢ ᠵᠥᠭᠡᠭᠡᠪᠦᠷᠢ ᠶᠢᠨ ᠪᠠᠭᠠᠵᠢ ᠨᠢ ᠦᠬᠡᠷ ᠲᠡᠷᠭᠡ ᠪᠣᠯᠣᠨ᠎ᠠ᠃ ᠲᠡᠷᠭᠡ ᠶᠢ ᠥᠪᠴᠢ | ᠮᠣᠳᠣᠨ ᠮᠠᠲ᠋ᠧᠷᠢᠶᠠᠯ ︵ᠴᠢᠤᠸᠠᠨ ᠵᠠᠩ ᠠᠴᠠ ᠪᠤᠰᠤᠳ︶ ᠢᠶᠠᠷ ᠬᠢᠨ᠎ᠡ᠃ ᠲᠡᠷᠭᠡᠨ ᠳᠤ ᠬᠠᠮ ᠲᠡᠷᠭᠡ᠂ ᠠᠪᠳᠠᠷ᠎ᠠ | ᠲᠡᠷᠭᠡ᠂ ᠬᠠᠩᠭᠠᠢ ᠲᠡᠷᠭᠡ ᠭᠡᠵᠦ ᠭᠤᠷᠪᠠᠨ ᠵᠦᠢᠯ ᠬᠤᠪᠢᠶᠠᠵᠤ ᠦᠢᠯᠡᠳᠪᠦᠷᠢᠯᠡᠨ᠎ᠡ᠃ ᠦᠵᠦᠮᠦᠴᠢᠨ ᠤ ᠨᠢᠭᠡ ᠠᠶᠢᠯ | ᠡᠷᠦᠬᠡ᠂ ᠦᠢᠯᠡᠳᠪᠦᠷᠢᠯᠡᠯ ᠠᠮᠢᠳᠤᠷᠠᠯ ᠤᠨ ᠬᠡᠷᠡᠭᠴᠡᠭᠡᠨ ᠠᠴᠠ ᠪᠠᠨ ᠪᠣᠯᠵᠤ᠂1 ~ 2 ᠬᠠᠮ ᠲᠡᠷᠭᠡ᠂ 1 ~ 2 | ᠠᠪᠳᠠᠷ᠎ᠠ ᠲᠡᠷᠭᠡ᠂ 5 ~ 7 ᠬᠠᠩᠭᠠᠢ ᠲᠡᠷᠭᠡ ︵ᠳᠤᠮᠳᠠᠴᠢ ᠪᠠᠷ︶ ᠬᠡᠷᠡᠭᠯᠡᠨ᠎ᠡ᠃ | | ᠲᠡᠷᠭᠡ ᠨᠢ ᠦᠵᠦᠮᠦᠴᠢᠨ ᠤ ᠨᠡᠶᠢᠭᠡᠮ ᠨᠡᠶᠢᠲᠡ ᠶᠢᠨ ᠦᠢᠯᠡᠳᠪᠦᠷᠢᠯᠡᠯ ᠪᠠ ᠠᠮᠢᠳᠤᠷᠠᠯ ᠤᠨ ᠵᠠᠶᠢᠯᠠᠰᠢ ᠦᠭᠡᠢ | ᠬᠡᠷᠡᠭᠰᠡᠯ ᠤᠨ ᠪᠠᠭᠠᠵᠢ ᠪᠣᠯᠬᠤᠷ᠂ ᠲᠡᠳᠡ ᠭᠡᠷ ᠪᠦᠯᠢ᠂ ᠠᠶᠢᠯ ᠡᠷᠦᠬᠡ ᠪᠠᠷ ᠢᠶᠠᠨ ᠨᠢᠭᠡᠴᠢᠯᠡᠵᠦ ᠲᠡᠷᠭᠡ | ᠦᠢᠯᠡᠳᠪᠦᠷᠢᠯᠡᠳᠡᠭ᠃ ᠦᠵᠦᠮᠦᠴᠢᠨ ᠤ ᠠᠶᠢᠯ ᠡᠷᠦᠬᠡ ᠪᠣᠯ ᠨᠡᠯᠦᠭᠡᠷ ᠶᠡᠭᠡ ᠮᠣᠳᠣᠨ ᠲᠡᠷᠭᠡ ᠶᠢᠨ ᠦᠢᠯᠡᠳᠪᠦᠷᠢ | ᠶᠤᠮ᠃ ᠡᠭᠦᠨ ᠠᠴᠠ ᠭᠠᠳᠠᠨ᠎ᠠ ᠬᠥᠭᠵᠢᠯᠲᠡ ᠶᠢᠨ ᠶᠠᠪᠤᠴᠠ ᠳᠠᠭᠠᠨ ᠲᠤᠰᠬᠠᠶᠢᠵᠢᠭᠰᠠᠨ ᠲᠡᠷᠭᠡᠨ ᠮᠣᠳᠣᠴᠢᠨ | ᠭᠠᠷᠤᠭᠰᠠᠨ ᠴᠦ ᠪᠠᠭ᠎ᠠ ᠪᠤᠰᠤ ᠪᠠᠶᠢᠵᠠᠢ᠃ | | ᠲᠡᠳᠡᠨ ᠤ ᠦᠢᠯᠡᠳᠪᠦᠷᠢᠯᠡᠭᠰᠡᠨ ᠲᠡᠷᠭᠡ᠂ ᠣᠷᠣᠨ ᠨᠤᠲᠤᠭ ᠤᠨ ᠵᠠᠮ ᠬᠠᠷᠢᠯᠴᠠᠭᠠᠨ ᠤ ᠲᠡᠭᠡᠭᠡᠪᠦᠷᠢ ᠳᠡᠭᠡᠨ | ᠣᠨᠴᠤᠭᠤᠢ ᠲᠣᠬᠢᠷᠠᠳᠠᠭ᠃ ᠪᠥᠬᠡ ᠮᠥᠷᠲᠡᠭᠡᠨ ᠬᠥᠩᠭᠡᠨ᠂ ᠰᠡᠯᠪᠢᠵᠦ ᠵᠠᠰᠠᠬᠤ ᠳᠤ ᠠᠮᠠᠷᠬᠠᠨ᠂ ᠬᠥᠯᠪᠦᠷᠢ ᠬᠥᠯᠦᠰᠢ | ᠶᠢᠨ ᠳᠠᠭᠠᠭᠠᠴᠠ ᠳᠠᠭᠠᠨ ᠲᠡᠩᠴᠡᠳᠡᠭ ᠵᠡᠷᠭᠡ ᠣᠯᠠᠨ ᠲᠠᠯ᠎ᠠ ᠶᠢᠨ ᠣᠨᠴᠣᠭᠤᠢ ᠣᠨᠴᠠᠯᠢᠭ ᠲᠠᠢ ᠶᠤᠮ᠃ ᠡᠶᠢᠮᠦ ᠠᠴᠠ | ᠦᠵᠦᠮᠦᠴᠢᠨ ᠳᠤ ᠥᠪᠡᠷᠲᠡᠭᠡᠨ ᠲᠡᠷᠭᠡ ᠦᠢᠯᠡᠳᠪᠦᠷᠢᠯᠡᠬᠦ ᠨᠢ ᠲᠡᠳᠡᠨ ᠤ ᠮᠣᠳᠣᠨ ᠤ ᠠᠵᠤ ᠠᠬᠤᠶᠢᠯᠠᠯ ᠤᠨ | ᠦᠢᠯᠡᠳᠪᠦᠷᠢᠯᠡᠯ ᠤᠨ ᠭᠤᠣᠯ ᠪᠦᠷᠢᠯᠳᠦᠬᠦᠨ ᠪᠣᠯᠣᠭᠰᠠᠨ ᠪᠠᠶᠢᠨ᠎ᠠ᠃ | | 3. ᠮᠠᠯ ᠤᠨ ᠬᠤᠷᠤᠭ᠎ᠠ ᠰᠢᠪᠡᠭᠡ ᠭᠦᠷᠦᠬᠦ ᠦᠢᠯᠡᠳᠪᠦᠷᠢᠯᠡᠯ — ᠮᠠᠯ ᠤᠨ ᠬᠤᠷᠤᠭ᠎ᠠ ᠰᠢᠪᠡᠭᠡ ᠭᠦᠷᠦᠬᠦ | ᠦᠢᠯᠡᠳᠪᠦᠷᠢᠯᠡᠯ ᠪᠣᠯ ᠦᠵᠦᠮᠦᠴᠢᠨ ᠤ ᠪᠠᠰᠠ ᠨᠢᠭᠡ ᠬᠡᠮᠵᠢᠶᠡᠨ ᠤ ᠪᠤᠷᠭᠠᠰᠤ ᠮᠣᠳᠣᠨ ᠤ ᠠᠵᠤ ᠦᠢᠯᠡᠳᠪᠦᠷᠢᠯᠡᠯ | ᠪᠣᠯᠣᠨ᠎ᠠ᠃ | | ᠦᠵᠦᠮᠦᠴᠢᠨ ᠮᠣᠩᠭᠤᠯᠴᠤᠳ᠂ ᠲᠡᠳᠡᠨ ᠤ ᠴᠣᠯ ᠨᠡᠭᠦᠳᠡᠯ ᠤᠨ ᠦᠢᠯᠡᠳᠪᠦᠷᠢᠯᠡᠯ ᠤᠨ ᠬᠡᠷᠡᠭᠴᠡᠭᠡᠨ ᠳᠡᠭᠡᠨ | ᠲᠣᠬᠢᠷᠠᠭᠤᠯᠵᠤ᠂ ᠮᠠᠯ ᠤᠨ ᠬᠤᠷᠤᠭ᠎ᠠ ᠰᠢᠪᠡᠭᠡᠨ ᠳᠤ ᠡᠪᠬᠡᠵᠦ ᠪᠣᠯᠬᠤ᠂ ᠳᠡᠯᠭᠡᠵᠦ ᠪᠣᠯᠬᠤ᠂ ᠲᠡᠭᠡᠭᠡᠵᠦ ᠪᠣᠯᠬᠤ᠂ | ᠪᠠᠭᠤᠯᠭᠠᠵᠤ ᠪᠣᠯᠬᠤ ᠮᠥᠷᠲᠡᠭᠡᠨ ᠲᠡᠭᠡᠭᠡᠬᠦ ᠳᠤ ᠬᠥᠩᠭᠡᠨ᠂ ᠬᠡᠷᠡᠭᠯᠡᠬᠦ ᠳᠤ ᠪᠥᠬᠡᠯᠢᠭ ᠪᠤᠷᠭᠠᠰᠤᠨ ᠬᠤᠷᠤᠭ᠎ᠠ ᠶᠢ | ᠡᠭᠦᠳᠦᠨ ᠬᠡᠷᠡᠭᠯᠡᠵᠡᠢ᠃ ᠪᠤᠷᠭᠠᠰᠤᠨ ᠬᠤᠷᠤᠭ᠎ᠠ ᠦᠵᠦᠮᠦᠴᠢᠨ ᠤ ᠠᠶᠢᠯ ᠡᠷᠦᠬᠡ ᠪᠦᠭᠦᠳᠡ ᠳᠤ ᠪᠠᠶᠢᠵᠤ᠂ ᠳᠤᠮᠳᠠᠴᠢ | ᠪᠠᠷ ᠨᠢᠭᠡ ᠡᠷᠦᠬᠡ ᠳᠤ 5 ~7 ᠨᠣᠭᠳᠠᠨ᠎ᠠ᠃ ᠴᠢᠨᠠᠭᠰᠢᠯᠠᠪᠠᠯ ᠡᠭᠦᠨ ᠠᠴᠠ ᠴᠦ ᠣᠯᠠᠨ ᠬᠤᠷᠤᠭ᠎ᠠ ᠬᠡᠷᠡᠭᠯᠡᠳᠡᠭ | ᠴᠢᠨᠡᠭᠡᠯᠢᠭ ᠪᠠᠶᠠᠨ ᠠᠶᠢᠯ ᠤᠳ ᠪᠠᠶᠢᠳᠠᠭ᠃ | | ᠬᠤᠷᠤᠭ᠎ᠠ ᠶᠢ ᠲᠠᠲᠠ᠂ ᠬᠤᠨᠢᠨ ᠤ ᠬᠤᠷᠤᠭ᠎ᠠ᠂ ᠲᠤᠭᠤᠯ ᠤᠨ ᠬᠤᠷᠤᠭ᠎ᠠ ᠭᠡᠵᠦ ᠬᠤᠶᠠᠷ ᠬᠤᠪᠢᠶᠠᠨ᠎ᠠ᠃ | ᠬᠤᠨᠢᠨ ᠤ ᠬᠤᠷᠤᠭ᠎ᠠ ᠶᠢ ᠬᠤᠳᠠ ᠪᠠᠷᠢᠬᠤ ᠳᠤ ᠭᠤᠣᠯ ᠬᠡᠷᠡᠭᠯᠡᠵᠦ᠂ ᠲᠤᠭᠤᠯ ᠤᠨ ᠬᠤᠷᠤᠭ᠎ᠠ ᠶᠢ ᠲᠤᠭᠤᠯ ᠬᠤᠷᠢᠬᠤ | ᠳᠤ ᠬᠡᠷᠡᠭᠯᠡᠨ᠎ᠡ᠃ | | ᠡᠭᠦᠨ ᠤ ᠬᠠᠮᠲᠤ ᠪᠠᠰᠠ ᠦᠵᠦᠮᠦᠴᠢᠨ ᠳᠤ ᠪᠤᠷᠭᠠᠰᠤᠨ ᠭᠦᠷᠦᠮᠡᠯ ᠤᠨ ᠦᠢᠯᠡᠰ ᠶᠡᠭᠡ ᠬᠥᠭᠵᠢᠵᠦ᠂ ᠢᠵᠢ | ᠪᠦᠷᠢᠯᠳᠦᠭᠰᠡᠨ ᠪᠤᠷᠭᠠᠰᠤᠨ ᠭᠦᠷᠦᠮᠡᠯ ᠡᠳ᠋ᠯᠡᠯ ᠭᠦᠷᠦᠬᠦ ᠪᠣᠯᠵᠠᠢ᠃ ᠬᠤᠩᠰᠤ ᠭᠡᠪᠡᠯ ᠠᠷᠭᠠᠯ ᠤᠨ ᠬᠤᠩᠰᠤ᠂ | ᠬᠤᠷᠤᠳ ᠤᠨ ᠬᠤᠩᠰᠤ᠃ ᠰᠠᠭᠰᠤ ᠭᠡᠪᠡᠯ ᠰᠠᠭᠰᠤ᠂ ᠠᠷᠤᠭ᠂ ᠱᠠᠵᠢᠬᠡᠢ ᠶᠡᠭᠡ ᠪᠠᠭ᠎ᠠ ᠁ ᠭᠡᠬᠦ ᠵᠡᠷᠭᠡ ᠲᠡᠷᠭᠡᠨ | ᠴᠢᠭ ᠠᠷᠭᠠᠯ ᠤᠨ ᠰᠢᠪᠡᠭᠡ ᠶᠢ ᠬᠦᠷᠲᠡᠯ᠎ᠡ ᠪᠤᠷᠭᠠᠰᠤ ᠪᠠᠷ ᠭᠦᠷᠦᠵᠦ ᠦᠢᠯᠡᠳᠪᠦᠷᠢᠯᠡᠬᠦ ᠪᠣᠯᠵᠠᠢ᠃ | | ᠡᠳᠡᠭᠡᠷ ᠢᠵᠢ ᠪᠦᠷᠢᠯᠳᠦᠭᠰᠡᠨ ᠶᠡᠭᠡ ᠬᠡᠮᠵᠢᠶᠡᠨ ᠤ ᠪᠤᠷᠭᠠᠰᠤᠨ ᠡᠳ᠋ᠯᠡᠯ ᠢ ᠦᠢᠯᠡᠳᠪᠦᠷᠢᠯᠡᠬᠦ ᠳᠤ᠂ | ᠦᠵᠦᠮᠦᠴᠢᠨ ᠮᠣᠩᠭᠤᠯᠴᠤᠳ ᠪᠦᠷᠢ ᠥᠪᠡᠷ ᠢᠶᠠᠨ ᠮᠠᠲ᠋ᠧᠷᠢᠶᠠᠯ ᠢᠶᠠᠨ ᠰᠣᠩᠭᠤᠵᠤ ᠬᠠᠳᠤᠵᠤ ᠲᠡᠭᠡᠭᠡᠵᠦ ᠱᠤᠯᠤᠵᠤ | ᠭᠦᠷᠦᠳᠡᠭ᠃ | | ᠦᠵᠦᠮᠦᠴᠢᠨ ᠤ ᠪᠤᠷᠭᠠᠰᠤᠨ ᠭᠦᠷᠦᠮᠡᠯ ᠨᠢ ᠲᠡᠷᠡ ᠴᠢᠭ ᠢᠶᠠᠷ ᠢᠶᠠᠨ ᠦᠢᠯᠡᠳᠪᠦᠷᠢᠯᠡᠯ ᠤᠨ ᠬᠡᠷᠡᠭᠰᠡᠯ᠂ | ᠦᠢᠯᠡᠳᠪᠦᠷᠢᠯᠡᠬᠦ ᠴᠢᠨᠠᠷ ᠲᠠᠢ ᠭᠠᠷ ᠦᠢᠯᠡᠳᠪᠦᠷᠢᠯᠡᠯ ᠤᠨ ᠪᠦᠲᠦᠭᠡᠭᠳᠡᠬᠦᠨ ᠪᠥᠭᠡᠳ ᠲᠡᠳᠡᠨ ᠤ ᠮᠣᠳᠣᠨ ᠤ ᠠᠵᠤ | ᠠᠬᠤᠢ ᠶᠢᠨ ᠦᠢᠯᠡᠳᠪᠦᠷᠢᠯᠡᠯ ᠤᠨ ᠡᠷᠲᠡᠨ ᠤ ᠴᠢᠬᠤᠯᠠ ᠪᠦᠷᠢᠯᠳᠦᠬᠦᠨ ᠪᠣᠯᠣᠭᠰᠠᠭᠠᠷ ᠢᠷᠠᠵᠠᠢ᠃ | | 4. ᠭᠡᠷ ᠤᠨ ᠡᠳ᠋ᠯᠡᠯ ᠬᠡᠷᠡᠭᠰᠡᠯ ᠪᠤᠰᠤᠳ ᠮᠣᠳᠣᠨ ᠪᠠᠭᠠᠵᠢ ᠬᠡᠷᠡᠭᠰᠡᠯ ᠤᠨ ᠦᠢᠯᠡᠳᠪᠦᠷᠢᠯᠡᠯ — | ᠦᠵᠦᠮᠦᠴᠢᠨ ᠳᠤ ᠮᠣᠳᠣᠨ ᠮᠠᠲ᠋ᠧᠷᠢᠶᠠᠯ ᠢᠶᠠᠷ ᠠᠶᠢᠯ ᠭᠡᠷ ᠤᠨ ᠡᠳ᠋ᠯᠡᠯ ᠦᠢᠯᠡᠳᠪᠦᠷᠢᠯᠡᠬᠦ ᠦᠢᠯᠡ ᠶᠠᠪᠤᠳᠠᠯ ᠠᠯᠢ | ᠤᠵᠤᠭᠤᠷ ᠠᠴᠠ ᠲᠣᠩ ᠶᠡᠭᠡ ᠬᠥᠭᠵᠢᠵᠡᠢ᠃ | | ᠳᠣᠲᠣᠷ ᠠᠪᠳᠠᠷ᠎ᠠ᠂ ᠬᠠᠶᠢᠷᠴᠠᠭ᠂ ᠳᠠᠪᠤᠰᠠᠭ᠂ ᠡᠷᠭᠢᠨᠡᠭ ᠡᠷᠭᠢᠭᠦᠯ᠂ ᠳᠥᠷᠥᠭᠡ ᠰᠠᠭᠤᠯᠭ᠎ᠠ᠃ ᠶᠠᠭ᠂ ᠱᠠᠲᠤ | ᠂ ᠲᠠᠪᠠᠭ ᠫᠢᠯᠠ᠂ ᠭᠠᠩ ᠰᠠᠪᠠ᠂ ᠭᠠᠳᠠᠭ᠎ᠠ ᠠᠪᠳᠠᠷ᠎ᠠ᠂ ᠨᠣᠬᠠᠢ ᠶᠢᠨ ᠴᠠᠷ᠎ᠠ ᠵᠡᠷᠭᠡ᠃ ᠪᠠᠰᠠ ᠡᠮᠡᠭᠡᠯ᠂ ᠤᠷᠭ᠎ᠠ᠂ | ᠲᠠᠰᠢᠭᠤᠷ᠂ ᠭᠠᠳᠠᠰᠤ ︵ᠮᠣᠳᠣᠨ ᠭᠠᠳᠠᠰᠤ︶᠂ ᠮᠣᠳᠣᠨ ᠬᠠᠷᠠᠭᠤᠯ ᠁ ᠵᠡᠷᠭᠡ ᠡᠳᠡᠭᠡᠷ ᠦᠢᠯᠡᠳᠪᠦᠷᠢᠯᠡᠯ | ᠠᠮᠢᠳᠤᠷᠠᠯ ᠤᠨ ᠪᠠᠶᠢᠩᠭᠤ ᠶᠢᠨ ᠡᠳ᠋ᠯᠡᠯ ᠬᠡᠷᠡᠭᠰᠡᠯ ᠢ ᠦᠵᠦᠮᠦᠴᠢᠨ ᠳᠤ ᠪᠦᠷ ᠥᠪᠡᠷ ᠤᠨ ᠭᠠᠷ ᠢᠶᠠᠷ | ᠦᠢᠯᠡᠳᠪᠦᠷᠢᠯᠡᠳᠡᠭ ᠪᠥᠭᠡᠳ ᠣᠨᠴᠤᠭᠤᠢ ᠮᠡᠷᠭᠡᠵᠢᠯ ᠣᠷᠣᠭᠤᠯᠳᠠᠭ ᠶᠤᠮ᠃ ᠲᠡᠭᠡᠬᠦ ᠮᠥᠷᠲᠡᠭᠡᠨ ᠵᠠᠷᠢᠮ ᠨᠢ ᠪᠦᠷ | ᠦᠢᠯᠡᠳᠪᠦᠷᠢᠯᠡᠯ ᠤᠨ ᠬᠡᠷᠡᠭᠰᠡᠯ ᠳᠡᠭᠡᠷ᠎ᠡ ᠪᠠᠨ ᠭᠠᠷ ᠤᠷᠠᠯᠢᠭ ᠤᠨ ᠣᠨᠴᠠ ᠪᠦᠲᠦᠭᠡᠭᠳᠡᠬᠦᠨ ᠪᠠᠶᠢᠳᠠᠭ᠃ ᠡᠶᠢᠮᠦ | ᠠᠴᠠ ᠡᠨᠡᠬᠦ ᠭᠡᠷ ᠤᠨ ᠡᠳ᠋ᠯᠡᠯ ᠬᠡᠷᠡᠭᠰᠡᠯ ᠢ ᠦᠢᠯᠡᠳᠬᠦ ᠨᠢ ᠮᠥᠨ ᠦᠵᠦᠮᠦᠴᠢᠨ ᠤ ᠭᠠᠷ ᠦᠢᠯᠡᠳᠪᠦᠷᠢᠯᠡᠯ ᠤᠨ | ᠮᠣᠳᠣᠨ ᠤ ᠠᠵᠤ ᠠᠬᠤᠶᠢᠯᠠᠯ ᠤᠨ ᠴᠢᠬᠤᠯᠠ ᠤᠯᠠᠮᠵᠢᠯᠠᠯᠲᠤ ᠵᠦᠢᠯ ᠮᠥᠨ᠃ | | 5. ᠪᠠᠷᠢᠯᠭ᠎ᠠ ᠶᠢᠨ ᠮᠣᠳᠣᠨ ᠮᠠᠲ᠋ᠧᠷᠢᠶᠠᠯ ᠤᠨ ᠦᠢᠯᠡᠳᠪᠦᠷᠢᠯᠡᠯ — ᠦᠵᠦᠮᠦᠴᠢᠨ ᠤ ᠭᠠᠷ | ᠦᠢᠯᠡᠳᠪᠦᠷᠢᠯᠡᠯ ᠳᠠᠬᠢ ᠪᠠᠷᠢᠯᠭ᠎ᠠ ᠶᠢᠨ ᠮᠣᠳᠣᠨ ᠮᠠᠲ᠋ᠧᠷᠢᠶᠠᠯ ᠤᠨ ᠦᠢᠯᠡᠳᠪᠦᠷᠢᠯᠡᠯ ᠨᠢ ᠪᠠᠰᠠ ᠡᠷᠲᠡ ᠪᠣᠢ ᠪᠣᠯᠵᠠᠢ᠃ | ᠪᠠᠷᠤᠭ 17 ᠳ᠋ᠤᠭᠠᠷ ᠵᠠᠭᠤᠨ ᠤ ᠰᠡᠭᠦᠯ 18 ᠳ᠋ᠤᠭᠠᠷ ᠵᠠᠭᠤᠨ ᠤ ᠦᠶ᠎ᠡ ᠳᠤ ᠶᠡᠭᠡ ᠬᠥᠭᠵᠢᠵᠡᠢ᠃ ᠲᠡᠷᠡ ᠨᠢ᠂ | ᠦᠵᠦᠮᠦᠴᠢᠨ ᠳᠤ ᠰᠦᠮ᠎ᠡ ᠬᠡᠶᠢᠳ ᠬᠤᠲᠠ ᠪᠠᠯᠭᠠᠰᠤ ᠪᠠᠶᠢᠭᠤᠯᠬᠤ ᠶᠢᠨ ᠴᠢᠬᠤᠯᠠᠴᠢᠯᠠᠭ᠎ᠠ ᠠᠴᠠ ᠪᠣᠯᠣᠭᠰᠠᠨ | ᠪᠠᠶᠢᠨ᠎ᠠ᠃ | | ᠦᠵᠦᠮᠦᠴᠢᠨ ᠤ ᠰᠦᠮ᠎ᠡ ᠬᠡᠶᠢᠳ ᠨᠢ ᠪᠦᠷ ᠡᠷᠲᠡᠨ ᠤ ᠮᠣᠳᠣ ᠲᠣᠭᠤᠰᠬ᠎ᠠ ᠶᠢᠨ ᠪᠦᠲᠦᠴᠡ ᠲᠠᠢ ᠥᠨᠳᠥᠷ | ᠰᠦᠷᠯᠢᠭ ᠠᠰᠠᠷ ᠲᠠᠭᠲᠤ ᠪᠠᠶᠢᠳᠠᠭ ᠠᠴᠠ ᠶᠡᠭᠡ ᠬᠡᠮᠵᠢᠶᠡᠨ ᠤ ᠮᠣᠳᠣᠨ ᠮᠠᠲ᠋ᠧᠷᠢᠶᠠᠯ ᠢᠶᠠᠷ ᠭᠤᠣᠯ ᠪᠣᠯᠵᠤ ᠪᠣᠰᠴᠤ | ᠪᠠᠶᠢᠵᠠᠢ᠃ ᠲᠡᠭᠦᠨ ᠤ ᠲᠤᠯᠭᠠᠭᠤᠷᠢ ᠬᠥᠨᠳᠡᠯᠡᠨ ᠲᠡᠩᠨᠡᠭᠦᠷ ︵ᠭᠦᠸᠧ ᠯᠢᠶᠠᠩ︶᠂ ᠨᠢᠷᠤᠭᠤ ᠬᠢᠭᠡᠳ ᠳᠠᠪᠬᠤᠷᠯᠢᠭ | ᠤᠨ ᠪᠦᠲᠦᠴᠡ ᠨᠢ ᠪᠦᠷ ᠶᠡᠭᠡ ᠬᠡᠮᠵᠢᠶᠡᠨ ᠤ ᠲᠣᠮᠣ ᠲᠣᠮᠣ ᠤᠷᠲᠤ ᠤᠷᠲᠤ ᠨᠠᠷᠠᠰᠤᠨ ᠮᠣᠳᠣ ᠪᠠᠶᠢᠳᠠᠭ᠃ | | ᠡᠳᠡᠭᠡᠷ ᠮᠣᠳᠣᠨ ᠮᠠᠲ᠋ᠧᠷᠢᠶᠠᠯ ᠤᠨ ᠣᠯᠠᠩᠬᠢ ᠶᠢ ᠨᠢ ᠬᠢᠩᠭᠠᠨ ᠳᠠᠪᠠᠭ᠎ᠠ᠂ ᠰᠣᠯᠣᠨ ᠠᠭᠤᠯᠠ᠂ ᠪᠣᠭᠳᠠ | ᠠᠭᠤᠯᠠ ᠵᠡᠷᠭᠡ ᠠᠯᠤᠰ ᠬᠤᠯᠠ ᠶᠢᠨ ᠠᠭᠤᠯᠠ ᠨᠢᠷᠤᠭᠤᠨ ᠠᠴᠠ ᠵᠥᠭᠡᠭᠡᠪᠦᠷᠢᠯᠡᠵᠦ ᠠᠪᠴᠢᠷᠠᠳᠠᠭ᠃ ᠲᠡᠭᠦᠨ ᠶᠢ | ᠣᠭᠲᠣᠯᠵᠤ᠂ ᠪᠠᠭᠤᠯᠭᠠᠵᠤ᠂ ᠲᠡᠭᠡᠭᠡᠵᠦ ᠵᠥᠭᠡᠭᠡᠪᠦᠷᠢᠯᠡᠵᠦ ᠠᠪᠴᠢᠷᠠᠬᠤ ᠨᠢ ᠲᠤᠬᠠᠢ ᠶᠢᠨ ᠦᠶ᠎ᠡ ᠶᠢᠨ ᠡᠯ᠎ᠡ ᠲᠠᠯ᠎ᠠ | ᠪᠠᠷ ᠬᠤᠴᠣᠷᠤᠩᠭᠤᠢ ᠨᠡᠶᠢᠭᠡᠮ ᠳᠤ ᠲᠤᠶᠢᠯ ᠤᠨ ᠨᠦᠰᠡᠷ ᠬᠦᠨᠳᠦ ᠦᠢᠯᠡᠳᠪᠦᠷᠢᠯᠡᠯ ᠤᠨ ᠠᠵᠢᠯᠯᠠᠭ᠎ᠠ ᠪᠠᠶᠢᠵᠠᠢ᠃ | ᠡᠨᠡ ᠬᠦᠨᠳᠦ ᠬᠡᠴᠡᠭᠦᠦ ᠦᠢᠯᠡᠳᠪᠦᠷᠢᠯᠡᠯ ᠤᠨ ᠠᠵᠢᠯᠯᠠᠭ᠎ᠠ ᠶᠢ ᠦᠵᠦᠮᠦᠴᠢᠨ ᠮᠣᠩᠭᠤᠯᠴᠤᠳ ᠥᠪᠡᠷ ᠢᠶᠠᠨ | ᠡᠭᠦᠷᠭᠡᠯᠡᠵᠦ᠂ ᠥᠪᠡᠷ ᠢᠶᠠᠨ ᠣᠭᠲᠣᠯᠵᠤ ᠥᠪᠡᠷ ᠢᠶᠠᠨ ᠵᠥᠭᠡᠭᠡᠪᠦᠷᠢᠯᠡᠵᠦ ᠣᠷᠣᠭᠤᠯᠤᠭᠰᠠᠨ ᠲᠡᠦᠬᠡ ᠪᠠᠷᠢᠮᠲᠠ ᠲᠠᠢ | ᠶᠤᠮ᠃ ᠦᠵᠦᠮᠦᠴᠢᠨ ᠤ ᠲᠡᠦᠬᠡᠨ ᠳᠡᠭᠡᠷᠡᠬᠢ 20 ᠭᠠᠷᠤᠢ ᠰᠦᠮ᠎ᠡ ᠬᠡᠶᠢᠳ ᠤᠨ ᠪᠠᠷᠢᠯᠭ᠎ᠠ ᠳᠤ ᠬᠡᠷᠡᠭᠯᠡᠭᠰᠡᠨ | ᠮᠣᠳᠣᠨ ᠮᠠᠲ᠋ᠧᠷᠢᠶᠠᠯ ᠢ ᠪᠦᠷ ᠦᠵᠦᠮᠦᠴᠢᠨ ᠮᠣᠩᠭᠤᠯᠴᠤᠳ ᠥᠪᠡᠷ ᠢᠶᠠᠨ ᠣᠭᠲᠣᠯᠵᠤ ᠲᠡᠭᠡᠭᠡᠵᠦ ᠵᠥᠭᠡᠭᠡᠪᠦᠷᠢᠯᠡᠵᠦ | ᠣᠷᠣᠭᠤᠯᠵᠠᠢ᠃ ᠡᠭᠦᠨ ᠳᠤ ᠬᠡᠳᠦᠨ ᠳᠠᠪᠬᠤᠷ ᠠᠰᠠᠷ ᠢ ᠰᠢᠪᠲᠤ ᠲᠤᠯᠤᠭᠰᠠᠨ ᠲᠤᠯᠭᠠᠭᠤᠷᠢ ᠪᠣᠯ ᠬᠠᠮᠤᠭ ᠤᠨ | ᠪᠦᠳᠦᠭᠦᠨ ᠮᠣᠳᠣ ᠪᠣᠯᠣᠨ᠎ᠠ᠃ ᠲᠡᠷᠡ ᠨᠢ ᠨᠢᠭᠤᠷ ᠢᠶᠠᠷ ᠢᠶᠠᠨ ᠲᠣᠬᠤᠢ ᠢᠯᠡᠭᠦᠦ ᠶᠢᠨ ᠳ᠋ᠢᠶᠠᠮᠧᠲᠷ ᠲᠠᠢ᠂ ᠤᠷᠲᠤ | ᠪᠠᠷ ᠢᠶᠠᠨ 10m ᠥᠨᠳᠥᠷ ᠪᠠᠶᠢᠳᠠᠭ᠃ ᠡᠭᠦᠨ ᠢ 100 ᠭᠠᠵᠠᠷ ᠤᠨ ᠠᠯᠤᠰ ᠠᠴᠠ ᠲᠡᠭᠡᠭᠡᠵᠦ ᠠᠪᠴᠢᠷᠠᠳᠠᠭ᠃ | ᠡᠶᠢᠮᠦ ᠲᠤᠯᠭᠠᠭᠤᠷᠢ ᠭᠠᠭᠴᠠᠬᠠᠨ ᠢᠨᠵᠠᠭᠠᠨ ᠰᠦᠮ᠎ᠡ ᠳᠤ 8 ᠬᠡᠰᠡᠭ ᠪᠠᠶᠢᠪᠠ᠃ | | ᠡᠭᠦᠨ ᠠᠴᠠ ᠭᠠᠳᠠᠨ᠎ᠠ᠂ ᠦᠵᠦᠮᠦᠴᠢᠨ ᠤ ᠮᠣᠳᠣᠨ ᠮᠠᠲ᠋ᠧᠷᠢᠶᠠᠯ ᠤᠨ ᠭᠠᠷ ᠦᠢᠯᠡᠳᠪᠦᠷᠢᠯᠡᠯ ᠳᠤ ᠲᠣᠩ | ᠵᠢᠵᠢᠭ ᠭᠠᠷ ᠤᠷᠠᠯᠢᠭ ᠤᠨ ᠵᠦᠢᠯ ᠢ ᠪᠠᠰᠠ ᠶᠡᠭᠡ ᠦᠢᠯᠡᠳᠪᠦᠷᠢᠯᠡᠵᠦ ᠪᠠᠶᠢᠵᠠᠢ᠃ ᠲᠠᠪᠤᠨ ᠬᠤᠰᠢᠭᠤ ᠮᠠᠯ ᠤᠨ | ᠰᠡᠶᠢᠯᠦᠮᠡᠯ᠂ ᠮᠣᠩᠭᠤᠯ ᠰᠢᠲᠠᠷ᠎ᠠ ᠶᠢᠨ ᠰᠡᠶᠢᠯᠦᠮᠡᠯ᠂ ᠠᠮᠤᠷ ᠪᠠᠶᠠᠰᠬᠤᠯᠠᠩ ᠤᠨ ᠰᠡᠶᠢᠯᠦᠮᠡᠯ᠂ ᠠᠷᠪᠠᠨ ᠬᠤᠶᠠᠷ ᠵᠢᠯ | ᠤᠨ ᠠᠮᠢᠲᠠᠨ ᠤ ᠰᠡᠶᠢᠯᠦᠮᠡᠯ᠂ ᠪᠤᠷᠬᠠᠨ ᠤ ᠡᠳ᠋ᠯᠡᠯ ᠤᠨ ᠮᠣᠳᠣᠨ ᠰᠡᠶᠢᠯᠦᠮᠡᠯ᠂ ᠬᠠᠷᠭᠠᠨ᠎ᠠ ᠶᠢᠨ ᠦᠨᠳᠦᠰᠦ ᠵᠡᠷᠭᠡ ᠪᠠᠷ | ᠰᠡᠶᠢᠯᠦᠭᠰᠡᠨ ᠮᠣᠳᠣᠨ ᠠᠶᠠᠭ᠎ᠠ ᠶᠢᠨ ᠰᠡᠶᠢᠯᠦᠮᠡᠯ ᠪᠠ ᠲᠡᠭᠦᠨ ᠤ ᠰᠢᠷ ᠪᠤᠳᠤᠭ ᠤᠨ ᠲᠣᠬᠢᠷᠠᠭᠤᠯᠭ᠎ᠠ ᠵᠡᠷᠭᠡ ᠲᠤᠶᠢᠯ | ᠤᠨ ᠶᠡᠭᠡ ᠪᠠᠷ ᠬᠥᠭᠵᠢᠭᠰᠡᠨ ᠪᠠᠶᠢᠵᠠᠢ᠃ | | ᠭᠤᠷᠪᠠ᠂ ᠲᠡᠮᠦᠷᠯᠢᠭ ᠡᠳ᠋ᠯᠡᠯ ᠤᠨ ᠦᠢᠯᠡᠳᠪᠦᠷᠢᠯᠡᠯ᠄ ᠲᠡᠦᠬᠡ ᠶᠢᠨ ᠶᠠᠪᠤᠴᠠ ᠳᠤ ᠦᠵᠦᠮᠦᠴᠢᠨ ᠤ ᠭᠠᠷ | ᠦᠢᠯᠡᠳᠪᠦᠷᠢᠯᠡᠯ ᠤᠨ ᠬᠥᠭᠵᠢᠯᠲᠡ ᠨᠢ ᠲᠡᠮᠦᠷᠯᠢᠭ ᠡᠳ᠋ ᠢᠶᠠᠷ ᠦᠢᠯᠡᠳᠪᠦᠷᠢᠯᠡᠵᠦ ᠬᠡᠷᠡᠭᠯᠡᠬᠦ ᠲᠡᠰᠢ ᠬᠥᠭᠵᠢᠵᠦ | ᠢᠷᠠᠵᠠᠢ᠃ | | ᠲᠡᠮᠦᠷᠯᠢᠭ ᠦᠢᠯᠡᠳᠪᠦᠷᠢᠯᠡᠬᠦ ᠪᠣᠯ ᠮᠣᠩᠭᠤᠯ ᠤᠨ ᠡᠷᠲᠡᠨ ᠤ ᠲᠡᠦᠬᠡ ᠳᠤ ᠬᠤᠯᠪᠣᠭᠳᠠᠬᠤ ᠡᠬᠡ | ᠦᠢᠯᠡᠳᠪᠦᠷᠢᠯᠡᠯ ᠤᠨ ᠨᠢᠭᠡ ᠭᠡᠵᠦ ᠲᠡᠦᠬᠡ ᠲᠡᠮᠳᠡᠭᠯᠡᠯ ᠳᠤ ᠪᠠᠶᠢᠳᠠᠭ᠃ ᠭᠡᠪᠡᠴᠦ᠂ ᠦᠢᠯᠡᠳᠪᠦᠷᠢᠯᠡᠯ ᠤᠨ ᠬᠦᠴᠦᠨ ᠤ | ᠬᠢᠷᠢ ᠬᠡᠮᠵᠢᠶ᠎ᠡ ᠬᠤᠴᠣᠷᠤᠩᠭᠤᠢ ᠪᠠᠶᠢᠭᠰᠠᠨ ᠲᠡᠦᠬᠡᠨ ᠨᠥᠬᠦᠴᠡᠯ ᠳᠣᠣᠷ᠎ᠠ᠂ ᠤᠮᠠᠷᠠᠲᠤ ᠶᠢᠨ ᠣᠲᠣᠷ ᠨᠡᠭᠦᠳᠡᠯ ᠤᠨ | ᠮᠠᠯ ᠠᠵᠤ ᠠᠬᠤᠢ ᠶᠢᠨ ᠦᠢᠯᠡᠳᠪᠦᠷᠢᠯᠡᠯ ᠲᠠᠢ ᠵᠣᠬᠢᠴᠠᠬᠤ ᠦᠭᠡᠢ ᠠᠴᠠ ᠪᠣᠯᠵᠤ ᠴᠠᠰᠢ ᠬᠥᠭᠵᠢᠵᠦ ᠴᠢᠳᠠᠭᠰᠠᠨ | ᠦᠭᠡᠢ ᠪᠠᠶᠢᠬᠤ ᠁ | | ᠭᠡᠶ᠎ᠡ᠂ ᠲᠡᠷᠡ᠂ ᠮᠠᠯ ᠠᠵᠤ ᠠᠬᠤᠢ ᠶᠢᠨ ᠦᠢᠯᠡᠳᠪᠦᠷᠢᠯᠡᠯ ᠤᠨ ᠲᠣᠭᠤᠷᠢᠨ ᠳᠤ ᠵᠣᠬᠢᠬᠤ ᠬᠡᠮᠵᠢᠶ᠎ᠡ ᠪᠠᠷ | ᠲᠡᠰᠦᠷᠡᠯᠲᠡ ᠦᠭᠡᠢ ᠣᠷᠣᠰᠢᠵᠤ᠂ ᠮᠣᠩᠭᠤᠯ ᠤᠨ ᠦᠢᠯᠡᠳᠪᠦᠷᠢᠯᠡᠯ ᠠᠮᠢᠳᠤᠷᠠᠯ ᠳᠤ ᠬᠡᠷᠡᠭᠯᠡᠬᠦ ᠭᠠᠷ ᠦᠵᠦᠭᠦᠷ ᠤᠨ | ᠬᠡᠷᠡᠭᠴᠡᠭᠡᠲᠦ ᠵᠦᠢᠯ ᠢ ᠦᠢᠯᠡᠳᠬᠦ ᠳᠤ ᠮᠥᠨ ᠡᠷᠲᠡᠨ ᠤ ᠪᠠᠶᠢᠷᠢ ᠰᠠᠭᠤᠷᠢ ᠪᠠᠨ ᠬᠠᠳᠠᠭᠠᠯᠠᠭᠰᠠᠭᠠᠷ ᠢᠷᠠᠵᠠᠢ᠃ | ᠡᠶᠢᠮᠦ ᠠᠴᠠ ᠲᠡᠮᠦᠷᠯᠢᠭ ᠪᠠᠭᠠᠵᠢ ᠬᠡᠷᠡᠭᠰᠡᠯ ᠦᠢᠯᠡᠳᠪᠦᠷᠢᠯᠡᠬᠦ ᠨᠢ ᠬᠡᠪ ᠴᠢᠳᠠᠪᠤᠷᠢ ᠬᠡᠷᠡᠭᠴᠡᠭᠡᠨ ᠤ ᠳᠣᠲᠣᠷ᠎ᠠ ᠪᠠᠨ | ᠦᠵᠦᠮᠦᠴᠢᠨ ᠳᠤ ᠪᠠᠰᠠ ᠲᠠᠰᠤᠷᠠᠯᠲᠠ ᠦᠭᠡᠢ ᠪᠠᠷᠢᠮᠲᠠᠯᠠᠭᠳᠠᠵᠠᠢ᠃ | | ᠦᠵᠦᠮᠦᠴᠢᠨ ᠳᠤ ᠲᠡᠮᠦᠷᠯᠢᠭ ᠤᠨ ᠠᠵᠢᠯᠴᠢᠳ ᠢ ︽ᠲᠠᠷᠬᠠᠨ︾ ᠭᠡᠳᠡᠭ᠃ ᠳᠣᠲᠣᠷ᠎ᠠ ᠨᠢ ︽ᠲᠡᠮᠦᠷ ᠤᠨ | ᠲᠠᠷᠬᠠᠨ︾ ︽ᠮᠥᠩᠭᠦᠨ ᠲᠠᠷᠬᠠᠨ︾ ᠭᠡᠵᠦ ᠬᠤᠶᠠᠷ ᠢᠯᠭᠠᠨ᠎ᠠ᠃ ᠡᠭᠦᠨ ᠳᠤ᠄ | | 1. ᠮᠥᠩᠭᠦᠨ ᠲᠠᠷᠬᠠᠨ — ᠦᠵᠦᠮᠦᠴᠢᠨ ᠳᠤ ᠮᠥᠩᠭᠦᠨ ᠲᠠᠷᠬᠠᠨ ᠪᠣᠯ ᠭᠠᠷ ᠤᠷᠠᠯᠢᠭ ᠤᠨ ᠨᠠᠷᠢᠯᠢᠭ | ᠦᠢᠯᠡᠳᠬᠦᠨ ᠦᠢᠯᠡᠳᠪᠦᠷᠢᠯᠡᠳᠡᠭ ᠲᠠᠷᠬᠠᠨ ᠪᠣᠯᠣᠨ᠎ᠠ᠃ ᠲᠡᠳᠡ ᠨᠡᠶᠢᠭᠡᠮ ᠤᠨ ᠥᠷᠭᠡᠨ ᠬᠡᠷᠡᠭᠴᠡᠭᠡᠨ ᠤ ᠵᠠᠰᠠᠯ ᠴᠢᠮᠡᠭ | ᠲᠤ ᠬᠡᠷᠡᠭᠯᠡᠬᠦ ᠠᠯᠲᠠ ᠮᠥᠩᠭᠦ᠂ ᠵᠡᠰ ᠭᠠᠤᠯᠢ ᠶᠢᠨ ᠡᠯ᠎ᠡ ᠵᠦᠢᠯ ᠤᠨ ᠭᠠᠷ ᠤᠷᠠᠯᠢᠭ ᠤᠨ ᠵᠦᠢᠯ ᠤᠨ ᠠᠮᠢᠳᠤᠷᠠᠯ ᠤᠨ | ᠬᠡᠷᠡᠭᠰᠡᠯ ᠢ ᠦᠢᠯᠡᠳᠪᠦᠷᠢᠯᠡᠨ᠎ᠡ᠃ | | ᠡᠷᠡᠭᠲᠡᠶᠢᠴᠦᠳ ᠤᠨ ᠡᠳ᠋ᠯᠡᠯ ᠳᠤ ᠬᠡᠲᠡ ᠬᠢᠲᠤᠭ᠎ᠠ᠂ ᠬᠡᠲᠡ ᠬᠢᠲᠤᠭ᠎ᠠ ᠶᠢᠨ ᠬᠤᠢ ᠲᠤᠤᠬᠠᠢ ︵ᠲᠤᠤᠬ᠎ᠠ︶᠂ | ᠬᠡᠲᠡ ᠲᠡᠭᠡᠭ᠂ ᠰᠠᠪᠬ᠎ᠠ ᠵᠢᠴᠢ ᠮᠥᠩᠭᠦᠨ ᠠᠶᠠᠭ᠎ᠠ᠂ ᠲᠠᠮᠠᠬᠢ ᠶᠢᠨ ᠬᠡᠦᠳᠡᠢ ᠶᠢᠨ ᠲᠣᠭᠤᠭ᠎ᠠ ᠭᠠᠷᠭᠤᠯ᠂ ᠪᠤᠯᠤᠩ | ᠲᠡᠭᠡᠭ ᠁ ᠵᠡᠷᠭᠡ᠃ ᠡᠮᠡᠭᠲᠡᠶᠢᠴᠦᠳ ᠤᠨ ᠡᠳ᠋ᠯᠡᠯ ᠳᠤ ᠲᠣᠯᠣᠭᠠᠢ ᠶᠢᠨ ᠡᠳ᠋ᠯᠡᠯ᠂ ᠳᠠᠳᠠᠭᠤᠷ ᠰᠦᠬᠡᠢ᠂ ᠠᠮᠲᠠᠢ | ᠪᠠᠯ ᠡᠭᠡᠮᠦᠭ ᠦᠰᠦᠨ ᠵᠣᠭᠤᠰ ᠤᠳ᠂ ᠰᠢᠬᠠᠭᠤᠷᠭ᠎ᠠ ᠁ ᠵᠡᠷᠭᠡ ᠬᠡᠦᠬᠡᠳ ᠤᠨ ᠵᠠᠰᠠᠯ ᠤᠨ ᠡᠳ᠋ᠯᠡᠯ᠂ ᠭᠤᠤ | ᠵᠠᠩᠭᠢᠶ᠎ᠠ᠂ ᠪᠡᠭᠡᠯᠵᠢᠭ᠂ ᠨᠠᠭᠠᠳᠤᠮ ᠲᠣᠪᠴᠢ ᠁ ᠵᠡᠷᠭᠡ᠃ ᠵᠢᠴᠢ ᠪᠤᠷᠬᠠᠨ ᠤ ᠡᠳ᠋ᠯᠡᠯ ᠬᠢᠭᠡᠳ ᠡᠮᠡᠭᠡᠯ ᠤᠨ | ᠡᠳ᠋ᠯᠡᠯ ᠵᠡᠷᠭᠡ ᠁ | | ᠵᠡᠰ ᠭᠠᠤᠯᠢ ᠶᠢᠨ ᠡᠳ᠋ᠯᠡᠯ ᠳᠤ ᠪᠠᠰᠠ ᠰᠠᠭᠤᠯᠭ᠎ᠠ ᠰᠠᠪᠠ᠂ ᠳᠡᠪᠦᠷ᠎ᠡ᠂ ᠲᠣᠭᠤᠭ᠎ᠠ᠂ ᠰᠢᠨᠠᠭ᠎ᠠ ᠶᠢ ᠦᠢᠯᠡᠳᠬᠦ | ᠠᠴᠠ ᠭᠠᠳᠠᠨ᠎ᠠ ᠬᠦᠷᠡᠯ ᠴᠢᠳᠬᠤᠮᠠᠯ ᠡᠳ᠋ᠯᠡᠯ ᠢ ᠴᠦ ᠬᠢᠵᠦ ᠦᠢᠯᠡᠳᠪᠦᠷᠢᠯᠡᠳᠡᠭ᠃ | | ᠦᠵᠦᠮᠦᠴᠢᠨ ᠲᠠᠷᠬᠠᠳ ᠤᠨ ᠦᠢᠯᠡᠳᠪᠦᠷᠢᠯᠡᠭᠰᠡᠨ᠂ ᠠᠯᠲᠠ ᠮᠥᠩᠭᠦ᠂ ᠵᠡᠰ ᠭᠠᠤᠯᠢ ᠶᠢᠨ ᠡᠳ᠋ᠯᠡᠯ ᠪᠣᠯ᠂ | ᠨᠢᠭᠡ ᠳᠤ ᠵᠢᠩᠬᠢᠨᠢ᠂ ᠬᠤᠶᠠᠷ ᠲᠤ ᠰᠠᠶᠢᠬᠠᠨ᠂ ᠭᠤᠷᠪᠠ ᠳᠤ ᠪᠥᠬᠡ ᠪᠠᠶᠢᠳᠠᠭ ᠢᠶᠠᠷ ᠢᠶᠠᠨ ᠠᠯᠳᠠᠷᠲᠠᠢ᠃ ᠬᠤᠳᠠᠯ | ᠬᠠᠭᠤᠷᠮᠠᠭ ᠮᠠᠭᠤ ᠡᠳ᠋ ᠦᠢᠯᠡᠳᠪᠦᠷᠢᠯᠡᠳᠡᠭ ᠦᠭᠡᠢ᠃ | | 2. ᠲᠡᠮᠦᠷ ᠤᠨ ᠲᠠᠷᠬᠠᠨ — ᠦᠵᠦᠮᠦᠴᠢᠨ ᠤ ᠲᠠᠷᠬᠠᠴᠤᠳ ᠪᠠᠰᠠ ᠪᠣᠯᠣᠳ ᠲᠡᠮᠦᠷ ᠵᠡᠷᠭᠡ ᠲᠡᠮᠦᠷᠯᠢᠭ | ᠡᠳ᠋ᠯᠡᠯ ᠢ ᠥᠷᠭᠡᠨ ᠢᠶᠠᠷ ᠬᠢᠵᠦ ᠦᠢᠯᠡᠳᠬᠦ ᠪᠣᠯᠵᠠᠢ᠃ ᠲᠡᠳᠡ ᠭᠠᠩ ᠪᠣᠯᠣᠳ ᠢᠶᠠᠷ ᠪᠦᠷ ᠦᠢᠯᠡᠳᠪᠦᠷᠢᠯᠡᠯ ᠤᠨ | ᠪᠠᠭᠠᠵᠢ᠂ ᠠᠯᠤᠬ᠎ᠠ᠂ ᠰᠦᠬᠡ᠂ ᠣᠶᠢᠯ᠂ ᠬᠢᠷᠦᠭᠡ᠂ ᠴᠥᠭᠦᠴᠡ᠂ ᠲᠠᠲᠠᠭᠤᠷ᠂ ᠰᠠᠩᠲᠤᠤ ᠬᠠᠳᠤᠭᠤᠷ᠂ ᠬᠢᠲᠤᠭ᠎ᠠ᠂ | ᠬᠠᠶᠢᠴᠢ᠂ ᠥᠷᠥᠮ᠂ ᠴᠣᠭᠤᠯᠳᠠᠭᠤᠷ ᠵᠡᠷᠭᠡ ᠢᠷᠲᠦ ᠪᠠᠭᠠᠵᠢ ᠬᠢᠳᠡᠭ᠃ ᠲᠡᠮᠦᠷ ᠢᠶᠠᠷ ᠭᠤᠣᠯᠳᠠᠭᠤ ᠲᠤᠯᠭ᠎ᠠ ᠵᠤᠤᠬ᠎ᠠ | ᠬᠠᠶᠢᠴᠢ ᠲᠡᠮᠦᠷ ︵ᠬᠠᠶᠢᠲᠡᠮᠦᠷ︶ ᠵᠢᠴᠢ ᠡᠯ᠎ᠡ ᠵᠦᠢᠯ ᠤᠨ ᠴᠠᠭᠠᠷᠢᠭ᠂ ᠭᠠᠳᠠᠰᠤ ᠁ ᠵᠡᠷᠭᠡ ᠶᠢ ᠬᠢᠳᠡᠭ᠃ | | ᠦᠵᠦᠮᠦᠴᠢᠨ ᠲᠠᠷᠬᠠᠴᠤᠳ ᠲᠡᠮᠦᠷᠯᠢᠭ ᠤᠨ ᠡᠳ᠋ᠯᠡᠯ ᠦᠢᠯᠡᠳᠪᠦᠷᠢᠯᠡᠬᠦ ᠳᠤ᠂ ᠦᠨᠳᠦᠰᠦᠨ ᠳᠡᠭᠡᠨ ᠮᠡᠷᠭᠡᠵᠢᠯ | ᠤᠨ ᠲᠠᠯ᠎ᠠ ᠪᠠᠷ ᠲᠡᠮᠦᠷ ᠦᠢᠯᠡᠳᠪᠦᠷᠢᠯᠡᠬᠦ ᠠᠷᠭ᠎ᠠ ᠬᠡᠮᠵᠢᠶ᠎ᠡ ᠶᠢ ᠪᠦᠷ ᠡᠵᠡᠮᠰᠢᠭᠰᠡᠨ ᠪᠠᠶᠢᠵᠠᠢ᠃ ᠲᠡᠳᠡ᠂ ᠠᠳᠠᠯᠢ | ᠪᠤᠰᠤ ᠬᠡᠮᠵᠢᠶᠡᠨ ᠳᠣᠲᠣᠷ᠎ᠠ ᠲᠡᠮᠦᠷ ᠢ ᠤᠯᠠᠶᠢᠯᠭᠠᠵᠤ ᠬᠠᠶᠢᠯᠬᠤ᠂ ᠳᠠᠪᠲᠠᠵᠤ ᠨᠡᠶᠢᠯᠡᠭᠦᠯᠬᠦ᠂ ᠴᠢᠳᠬᠤᠵᠤ ᠬᠡᠪᠰᠢᠭᠦᠯᠬᠦ | ᠂ ᠭᠠᠩᠨᠠᠵᠤ ᠵᠠᠯᠭᠠᠬᠤ ᠵᠡᠷᠭᠡ ᠦᠢᠯᠡᠳᠪᠦᠷᠢᠯᠡᠬᠦ ᠠᠷᠭ᠎ᠠ ᠶᠢ ᠪᠦᠷ ᠬᠡᠷᠡᠭᠯᠡᠵᠦ ᠪᠠᠶᠢᠵᠠᠢ᠃ ᠨᠡᠩ ᠴᠦ ᠲᠡᠳᠡ ᠲᠡᠮᠦᠷ | ᠦᠢᠯᠡᠳᠪᠦᠷᠢᠯᠡᠬᠦ ᠳᠤ ︽ᠬᠥᠭᠡᠷᠭᠡ︾ ᠬᠡᠷᠡᠭᠯᠡᠵᠦ᠂ ᠲᠡᠮᠦᠷ ᠬᠠᠶᠢᠯᠤᠭᠤᠯᠬᠤ ᠪᠣᠯᠣᠭᠰᠠᠨ ᠨᠢ ᠨᠡᠯᠢᠶᠡᠳ ᠲᠣᠮᠣ | ᠬᠡᠮᠵᠢᠶᠡᠨ ᠤ ᠲᠡᠮᠦᠷᠯᠢᠭ ᠪᠠᠭᠠᠵᠢ ᠶᠢ ᠥᠪᠡᠷᠲᠡᠭᠡᠨ ᠦᠢᠯᠡᠳᠪᠦᠷᠢᠯᠡᠵᠦ᠂ ᠠᠮᠢᠳᠤᠷᠠᠯ ᠦᠢᠯᠡᠳᠪᠦᠷᠢᠯᠡᠯ ᠳᠤ ᠬᠡᠷᠡᠭᠯᠡᠬᠦ | ᠬᠡᠮᠵᠢᠶᠡᠨ ᠳᠤ ᠬᠦᠷᠴᠡᠢ᠃ | | ᠳᠥᠷᠪᠡ᠂ ᠣᠶᠣᠳᠠᠯ ᠤᠨ ᠦᠢᠯᠡᠳᠪᠦᠷᠢᠯᠡᠯ᠄ ᠦᠵᠦᠮᠦᠴᠢᠨ ᠤ ᠭᠠᠷ ᠦᠢᠯᠡᠳᠪᠦᠷᠢᠯᠡᠯ ᠤᠨ ᠬᠥᠭᠵᠢᠯᠲᠡ ᠨᠢ | ᠲᠡᠳᠡᠨ ᠤ ᠣᠶᠣᠳᠠᠯ ᠤᠷᠠᠯᠠᠯ ᠤᠨ ᠦᠢᠯᠡᠳᠪᠦᠷᠢᠯᠡᠯ ᠢ ᠶᠡᠭᠡ ᠪᠠᠷ ᠬᠥᠭᠵᠢᠭᠦᠯᠵᠡᠢ᠃ | | ᠦᠵᠦᠮᠦᠴᠢᠨ ᠤ ᠣᠶᠣᠳᠠᠯ ᠤᠨ ᠦᠢᠯᠡᠳᠪᠦᠷᠢᠯᠡᠯ ᠪᠣᠯ ᠲᠣᠩ ᠤᠷᠲᠤ ᠬᠤᠭᠤᠴᠠᠭᠠᠨ ᠤ ᠲᠡᠦᠬᠡ ᠶᠢᠨ | ᠤᠯᠠᠮᠵᠢᠯᠠᠯ ᠲᠠᠢ ᠦᠢᠯᠡᠳᠪᠦᠷᠢᠯᠡᠯ ᠮᠥᠨ᠃ ᠭᠤᠣᠯ ᠨᠢ ᠡᠮᠡᠭᠲᠡᠶᠢᠴᠦᠳ ᠣᠷᠣᠯᠴᠠᠳᠠᠭ ᠭᠡᠷ ᠪᠦᠯᠢ ᠶᠢᠨ ᠴᠢᠨᠠᠷ ᠲᠠᠢ | ᠪᠠᠶᠢᠩᠭᠤ ᠶᠢᠨ ᠦᠢᠯᠡᠳᠪᠦᠷᠢᠯᠡᠯ ᠪᠣᠯᠣᠨ᠎ᠠ᠃ ᠦᠢᠯᠡᠳᠬᠦᠨ ᠨᠢ ᠥᠪᠡᠷ ᠤᠨ ᠬᠢ ᠪᠠᠨ ᠬᠡᠷᠡᠭᠴᠡᠭᠡ ᠶᠢ ᠬᠠᠩᠭᠠᠬᠤ ᠪᠠᠷ | ᠤᠷᠢᠳᠠᠯ ᠪᠣᠯᠭᠠᠳᠠᠭ᠃ | | ᠭᠡᠪᠡᠴᠦ᠂ ᠬᠥᠮᠥᠨ ᠪᠦᠷᠢ ᠬᠤᠪᠴᠠᠰᠤ ᠡᠮᠦᠰᠴᠦ᠂ ᠠᠶᠢᠯ ᠪᠣᠯᠭᠠᠨ ᠤ ᠡᠳᠦᠷ ᠲᠤᠲᠤᠮ ᠤᠨ ᠠᠮᠢᠳᠤᠷᠠᠯ ᠳᠤ | ᠬᠤᠯᠪᠣᠭᠳᠠᠬᠤ ᠪᠣᠯᠬᠤᠷ ︽ᠭᠡᠷ ᠪᠦᠭᠦᠳᠡ ᠦᠢᠯᠡᠳᠪᠦᠷᠢ︾᠂ ︽ᠡᠮᠡᠭᠲᠡᠶᠢᠴᠦᠳ ᠪᠦᠭᠦᠳᠡ ᠠᠵᠢᠯᠴᠢᠨ︾ ᠪᠠᠶᠢᠵᠤ᠂ | ᠨᠡᠶᠢᠭᠡᠮᠴᠢᠯᠡᠭᠰᠡᠨ ᠬᠡᠪᠴᠢᠶ᠎ᠡ ᠨᠢ ᠲᠣᠩ ᠥᠷᠭᠡᠨ ᠪᠠᠶᠢᠵᠠᠢ᠃ ᠨᠡᠩ ᠴᠦ ᠬᠤᠵᠢᠭᠤ ᠦᠶ᠎ᠡ ᠳᠤ ᠬᠥᠭᠵᠢᠯ ᠤᠨ | ᠶᠠᠪᠤᠴᠠ ᠳᠠᠭᠠᠨ ᠣᠶᠣᠳᠠᠯ ᠤᠨ ᠦᠢᠯᠡᠰ ᠲᠤᠰᠬᠠᠶᠢᠵᠢᠵᠤ ᠥᠷᠭᠡᠵᠢᠬᠦ ᠲᠡᠰᠢ ᠬᠥᠭᠵᠢᠵᠦ᠂ ᠸᠠᠩ ᠤᠨ ᠣᠷᠳᠣᠨ | ᠵᠡᠷᠭᠡ ᠲᠥᠪᠯᠡᠷᠡᠩᠭᠦᠢ ᠭᠠᠵᠠᠷ ᠲᠤ ︽ᠦᠢᠯᠡᠴᠢᠨ︾ ᠭᠡᠳᠡᠭ ᠨᠡᠷᠡᠶᠢᠳᠦᠯ ᠲᠠᠢ ᠲᠤᠰᠬᠠᠢ ᠣᠶᠣᠳᠠᠯ ᠤᠨ ᠭᠠᠵᠠᠷ | ᠭᠠᠷᠴᠤ ᠢᠷᠠᠵᠠᠢ᠃ | | ᠡᠶᠢᠮᠦ ᠠᠴᠠ ᠦᠵᠦᠮᠦᠴᠢᠨ ᠤ ᠨᠡᠶᠢᠭᠡᠮ ᠳᠤ ᠬᠤᠶᠠᠷ ᠶᠠᠩᠵᠤ ᠶᠢᠨ ︽ᠣᠶᠣᠳᠠᠯᠴᠢᠨ ᠤ ᠡᠩᠨᠡᠭᠡ︾ | ᠨᠡᠯᠢᠶᠡᠳ ᠡᠷᠲᠡ ᠪᠣᠢ ᠪᠣᠯᠵᠠᠢ᠃ ᠦᠵᠦᠮᠦᠴᠢᠨ ᠪᠦᠰᠡᠭᠦᠶᠢᠴᠦᠳ ᠪᠣᠯ ᠮᠠᠯ ᠠᠵᠤ ᠠᠬᠤᠢ ᠶᠢᠨ ᠦᠢᠯᠡᠳᠪᠦᠷᠢᠯᠡᠯ | ᠳᠡᠭᠡᠷ᠎ᠡ ᠮᠠᠯᠴᠢᠳ᠂ ᠭᠡᠷ ᠪᠦᠯᠢ ᠶᠢᠨ ᠣᠶᠣᠳᠠᠯ ᠤᠨ ᠦᠢᠯᠡᠳᠪᠦᠷᠢ ᠳᠡᠭᠡᠷ᠎ᠡ ᠪᠠᠰᠠ ︽ᠠᠵᠢᠯᠴᠢᠳ︾ ᠮᠥᠷᠲᠡᠭᠡᠨ ︽ | ᠭᠠᠷ ᠤᠷᠠᠯᠢᠭᠴᠢᠳ︾ ᠶᠤᠮ᠃ ᠲᠡᠳᠡᠨ ᠤ ᠣᠶᠣᠳᠠᠯ ᠤᠨ ᠦᠢᠯᠡᠳᠪᠦᠷᠢ ᠶᠢᠨ ᠦᠢᠯᠡᠳᠬᠦᠨ ᠨᠢ᠄ | | 1. ᠠᠷᠠᠰᠤ ᠨᠡᠬᠡᠢ ᠶᠢᠨ ᠡᠳ᠋ᠯᠡᠯ — ᠠᠷᠠᠰᠤ ᠨᠡᠬᠡᠢ ᠶᠢᠨ ᠡᠳ᠋ᠯᠡᠯ ᠦᠢᠯᠡᠳᠪᠦᠷᠢᠯᠡᠵᠦ ᠣᠶᠣᠬᠤ ᠪᠣᠯ | ᠮᠣᠩᠭᠤᠯᠴᠤᠳ ᠤᠨ ᠡᠷᠲᠡᠨ ᠤ ᠤᠯᠠᠮᠵᠢᠯᠠᠯᠲᠤ ᠭᠠᠷ ᠦᠢᠯᠡᠳᠪᠦᠷᠢᠯᠡᠯ ᠤᠨ ᠡᠭᠦᠰᠦᠯ ᠤᠨ ᠨᠢᠭᠡ ᠶᠤᠮ᠃ | ᠦᠵᠦᠮᠦᠴᠢᠨ ᠮᠣᠩᠭᠤᠯᠴᠤᠳ ᠦᠨᠳᠦᠰᠦᠲᠡᠨ ᠤ ᠪᠠᠨ ᠤᠯᠠᠮᠵᠢᠯᠠᠯᠲᠤ ᠭᠠᠷ ᠦᠢᠯᠡᠳᠪᠦᠷᠢᠯᠡᠯ ᠤᠨ ᠥᠪ ᠢ | ᠵᠠᠯᠭᠠᠮᠵᠢᠯᠠᠨ ᠠᠪᠴᠤ᠂ ᠴᠢᠨᠠᠭᠰᠢᠳᠠ ᠲᠡᠳᠡᠨ ᠤ ᠦᠢᠯᠡᠳᠪᠦᠷᠢᠯᠡᠯ ᠤᠨ ᠣᠨᠴᠠᠯᠢᠭ᠂ ᠭᠠᠵᠠᠷ ᠵᠦᠢ ᠶᠢᠨ ᠣᠨᠴᠠᠯᠢᠭ᠂ | ᠠᠭᠤᠷ ᠠᠮᠢᠰᠬᠤᠯ ᠤᠨ ᠣᠨᠴᠠᠯᠢᠭ ᠠᠴᠠ ᠪᠠᠨ ᠪᠣᠯᠵᠤ ᠤᠯᠠᠮ ᠬᠥᠭᠵᠢᠭᠦᠯᠦᠭᠡᠳ ᠠᠷᠠᠰᠤ᠂ ᠨᠡᠬᠡᠢ ᠶᠢ ᠲᠣᠩ ᠶᠡᠭᠡ | ᠬᠡᠮᠵᠢᠶ᠎ᠡ ᠪᠠᠷ ᠡᠳ᠋ᠯᠡᠵᠦ ᠦᠢᠯᠡᠳᠪᠦᠷᠢᠯᠡᠬᠦ ᠪᠣᠯᠵᠠᠢ᠃ | | ᠦᠵᠦᠮᠦᠴᠢᠨ ᠮᠣᠩᠭᠤᠯᠴᠤᠳ ᠠᠷᠠᠰᠤᠨ ᠬᠤᠪᠴᠠᠰᠤ ᠶᠢ ᠪᠠᠷᠤᠭ ᠨᠠᠮᠤᠷ ᠤᠨ ᠰᠡᠭᠦᠯ ᠤᠨ ᠬᠤᠭᠤᠴᠠᠭ᠎ᠠ | ᠠᠴᠠ ᠳᠠᠷᠠᠭ᠎ᠠ ᠬᠠᠪᠤᠷ ᠤᠨ ᠰᠡᠭᠦᠯᠴᠢ ᠶᠢᠨ ᠬᠤᠭᠤᠴᠠᠭ᠎ᠠ ᠬᠦᠷᠲᠡᠯ᠎ᠡ 6 ᠰᠠᠷ᠎ᠠ ᠣᠷᠴᠢᠮ ᠡᠮᠦᠰᠳᠡᠭ᠃ ᠡᠶᠢᠮᠦ ᠠᠴᠠ | ᠲᠡᠳᠡᠨ ᠤ ᠣᠶᠣᠵᠤ ᠦᠢᠯᠡᠳᠪᠦᠷᠢᠯᠡᠳᠡᠭ ᠠᠷᠠᠰᠤᠨ ᠬᠤᠪᠴᠠᠰᠤᠨ ᠤ ᠲᠥᠷᠥᠯ ᠵᠦᠢᠯ ᠲᠣᠩ ᠣᠯᠠᠨ ᠪᠠᠶᠢᠳᠠᠭ᠃ | ᠬᠤᠨᠢᠨ ᠠᠷᠠᠰᠤ᠂ ᠢᠮᠠᠭᠠᠨ ᠠᠷᠠᠰᠤᠨ ᠤᠲᠤᠮᠠᠯ ᠥᠩᠭᠡ ᠳᠡᠪᠡᠯ᠂ ᠬᠤᠨᠢᠨ ᠠᠷᠠᠰᠤᠨ ᠦᠵᠦᠭᠦᠷᠰᠦᠨ ᠳᠡᠪᠡᠯ ︵ | ᠤᠲᠤᠮᠠᠯ︶᠂ ᠵᠤᠪᠴᠠᠭ᠎ᠠ᠂ ᠬᠤᠷᠠᠭᠠᠨ ᠠᠷᠠᠰᠤ᠂ ᠢᠰᠢᠭᠡᠨ ᠠᠷᠠᠰᠤ ᠠᠩᠴᠢᠯᠠᠵᠤ ᠬᠢᠭᠰᠢᠨ ᠵᠤᠪᠴᠠᠭ᠎ᠠ ᠵᠢᠴᠢ ᠬᠤᠨᠢ | ᠢᠮᠠᠭᠠᠨ ᠠᠷᠠᠰᠤᠨ ᠤᠲᠤᠮᠠᠯ ᠥᠮᠥᠳᠦ᠂ ᠤᠲᠤᠮᠠᠯ ᠢᠯᠭᠢᠨ ᠬᠦᠷᠮ᠎ᠡ᠂ ᠬᠠᠨᠵᠢᠶᠠᠷ᠂ ᠡᠯ᠎ᠡ ᠵᠦᠢᠯ ᠤᠨ ᠬᠤᠷᠠᠭᠠᠨ | ᠠᠷᠠᠰᠤᠨ ᠮᠠᠯᠠᠭᠠᠢ᠂ ᠪᠤᠯᠢᠭᠠᠷᠢ ᠰᠢᠷᠢ ᠶᠢᠨ ᠵᠣᠳᠤᠭ᠂ ᠪᠤᠯᠢᠭᠠᠷᠢ ᠭᠤᠲᠤᠯ᠂ ᠠᠷᠠᠰᠤᠨ ᠭᠤᠲᠤᠯ᠂ ᠳᠠᠬᠤ ᠪᠣᠶᠢᠪᠣᠭ | ᠵᠡᠷᠭᠡ ᠨᠦᠭᠦᠳ ᠪᠣᠯᠣᠨ᠎ᠠ᠃ | ᠢᠯᠠᠩᠭᠤᠶ᠎ᠠ ᠲᠡᠳᠡ ᠪᠠᠰᠠ ᠨᠠᠷᠢᠨ ᠦᠰᠦᠲᠦ ᠠᠩ ᠭᠥᠷᠥᠭᠡᠨ ᠤ ᠠᠮᠢᠲᠠᠨ ᠤ ᠠᠷᠠᠰᠤ ᠪᠠᠷ ᠳᠡᠭᠡᠳᠦ ᠵᠡᠷᠭᠡ | ᠶᠢᠨ ᠦᠨ᠎ᠡ ᠥᠷᠲᠡᠭ ᠲᠠᠢ ᠪᠠ ᠤᠷᠠᠯᠢᠭ ᠲᠠᠢ ᠮᠠᠯᠠᠭ᠎ᠠ᠂ ᠵᠤᠪᠴᠠᠭ᠎ᠠ᠂ ᠬᠦᠷᠮ᠎ᠡ᠂ ᠬᠠᠨᠵᠢᠶᠠᠷ ᠵᠡᠷᠭᠡ ᠵᠠᠰᠠᠯ ᠤᠨ | ᠡᠳ᠋ᠯᠡᠯ ᠣᠶᠣᠳᠠᠭ᠃ ᠪᠠᠰᠠ ᠠᠷᠠᠰᠤ ᠪᠠᠷ ᠶᠠᠩᠵᠤ ᠪᠦᠷᠢ ᠶᠢᠨ ᠬᠡᠷᠡᠭᠴᠡᠭᠡᠨ ᠳᠤ ᠲᠣᠬᠢᠷᠠᠭᠰᠠᠨ ᠤᠭᠤᠲᠠ ᠲᠡᠭᠲᠠᠢ᠂ | ᠰᠤᠤᠮᠠᠰᠤ ᠲᠤᠯᠤᠮ ᠵᠡᠷᠭᠡ ᠶᠢ ᠦᠢᠯᠡᠳᠪᠦᠷᠢᠯᠡᠳᠡᠭ᠃ | | 2. ᠪᠥᠰ ᠡᠳ᠋ᠯᠡᠯ — ᠦᠵᠦᠮᠦᠴᠢᠨ ᠳᠤ ᠪᠥᠰ ᠡᠳ᠋ᠯᠡᠯ ᠦᠢᠯᠡᠳᠬᠦ ᠳᠡᠭᠡᠨ ᠪᠥᠰ ᠢ ᠨᠢ ᠭᠠᠳᠠᠨ᠎ᠠ ᠠᠴᠠ | ᠬᠤᠳᠠᠯᠳᠤᠨ ᠣᠷᠣᠭᠤᠯᠵᠤ᠂ ᠣᠶᠣᠵᠤ ᠦᠢᠯᠡᠳᠪᠦᠷᠢᠯᠡᠬᠦ ᠶᠢ ᠨᠢ ᠥᠪᠡᠷ ᠲᠡᠭᠡᠨ ᠬᠢᠳᠡᠭ᠃ ᠡᠨᠡ ᠨᠢ ᠪᠠᠰᠠ ᠨᠢᠭᠡ | ᠴᠢᠬᠤᠯᠠ ᠭᠠᠷ ᠦᠢᠯᠡᠳᠪᠦᠷᠢᠯᠡᠯ ᠪᠣᠯᠣᠨ᠎ᠠ᠃ ᠡᠭᠦᠨ ᠤ ᠬᠡᠪᠴᠢᠶ᠎ᠡ ᠥᠷᠭᠡᠴᠡ ᠨᠢ ᠠᠷᠠᠰᠤᠨ ᠡᠳ᠋ᠯᠡᠯ ᠣᠶᠣᠵᠤ | ᠦᠢᠯᠡᠳᠬᠦ ᠲᠠᠢ ᠠᠳᠠᠯᠢ᠂ ᠭᠤᠣᠯᠳᠠᠭᠤ ᠵᠤᠨ ᠨᠠᠮᠤᠷ ᠤᠨ ᠥᠪᠴᠢ ᠵᠦᠢᠯ ᠤᠨ ᠬᠤᠪᠴᠠᠰᠤ ᠪᠣᠯᠣᠨ ᠡᠪᠦᠯ ᠤᠨ | ᠵᠤᠪᠴᠠᠭ᠎ᠠ᠂ ᠮᠠᠯᠠᠭ᠎ᠠ ᠵᠡᠷᠭᠡ ᠭᠠᠳᠠᠷ ᠲᠠᠢ ᠬᠤᠪᠴᠠᠰᠤ ᠶᠢᠨ ᠭᠠᠳᠠᠷ ᠢ ᠣᠶᠣᠵᠤ ᠦᠢᠯᠡᠳᠪᠦᠷᠢᠯᠡᠬᠦ ᠪᠠ ᠲᠣᠷᠭ᠎ᠠ᠂ | ᠮᠠᠩᠨᠤᠭ᠂ ᠬᠤᠷᠭᠤᠢ᠂ ᠪᠥᠰ ᠪᠠᠷᠠᠭ᠎ᠠ ᠪᠠᠷ ᠣᠶᠣᠵᠤ ᠦᠢᠯᠡᠳᠪᠦᠷᠢᠯᠡᠭᠰᠡᠨ ᠲᠡᠷᠯᠢᠭ᠂ ᠴᠠᠮᠴᠠ᠂ ᠬᠠᠨᠲᠠᠭᠠᠰᠤ᠂ | ᠬᠠᠨᠵᠢᠶᠠᠷ᠂ ᠤᠤᠵᠢ᠂ ᠥᠮᠥᠳᠦ ᠲᠤᠤᠱᠢᠭᠤ᠂ ᠮᠠᠯᠠᠭ᠎ᠠ ᠁ ᠵᠡᠷᠭᠡ ᠶᠠᠩᠵᠤ ᠪᠦᠷᠢ ᠶᠢᠨ ᠬᠤᠪᠴᠠᠰᠤ ᠪᠠᠭᠲᠠᠨ᠎ᠠ᠃ | ᠬᠡᠯᠪᠡᠷᠢ ᠶᠠᠩᠵᠤ ᠨᠢ ᠲᠣᠩ ᠣᠯᠠᠨ᠂ ᠤᠷᠠᠯᠢᠭ ᠨᠢ ᠲᠣᠩ ᠨᠠᠷᠢᠨ ᠪᠥᠭᠡᠳ ᠭᠠᠷ ᠤᠷᠠᠯᠠᠯ ᠨᠢ ᠭᠤᠣᠯ ᠪᠠᠶᠢᠷᠢ ᠶᠢ | ᠡᠵᠡᠯᠡᠨ᠎ᠡ᠃ | | 3. ᠢᠰᠡᠭᠡᠢ ᠡᠳ᠋ᠯᠡᠯ — ᠢᠰᠡᠭᠡᠢ ᠡᠳ᠋ᠯᠡᠯ ᠦᠢᠯᠡᠳᠪᠦᠷᠢᠯᠡᠬᠦ ᠪᠣᠯ ᠦᠵᠦᠮᠦᠴᠢᠨ ᠤ ᠪᠠᠰᠠ ᠨᠢᠭᠡ ᠣᠶᠣᠳᠠᠯ | ᠤᠨ ᠦᠢᠯᠡᠳᠪᠦᠷᠢ ᠶᠢᠨ ᠬᠡᠪᠴᠢᠶ᠎ᠡ ᠪᠠᠷ ᠥᠷᠭᠡᠨ᠂ ᠤᠷᠠᠯᠢᠭ ᠢᠶᠠᠷ ᠨᠠᠷᠢᠨ᠂ ᠠᠵᠢᠯ ᠢᠶᠠᠷ ᠬᠦᠨᠳᠦ ᠪᠣᠯᠬᠤ ᠭᠤᠣᠯ | ᠪᠦᠷᠢᠯᠳᠦᠬᠦᠨ ᠪᠣᠯᠣᠨ᠎ᠠ᠃ ᠲᠡᠭᠦᠨ ᠳᠤ ᠮᠣᠩᠭᠤᠯ ᠭᠡᠷ ᠤᠨ ᠢᠰᠡᠭᠡᠢ ᠪᠦᠷᠢᠶᠡᠰᠦ ᠶᠢ ᠥᠪᠴᠢ ᠣᠶᠣᠵᠤ ᠰᠢᠷᠢᠬᠦ᠂ | ᠮᠣᠩᠭᠤᠯ ᠭᠡᠷ ᠤᠨ ᠬᠡᠳᠦᠨ ᠳᠠᠪᠬᠤᠷ ᠳᠡᠪᠢᠰᠬᠡᠷ ᠰᠢᠷᠲᠡᠭ ᠢ ᠥᠪᠴᠢ ᠣᠶᠣᠵᠤ ᠰᠢᠷᠢᠬᠦ᠂ ᠡᠯ᠎ᠡ ᠵᠦᠢᠯ ᠤᠨ ᠢᠰᠡᠭᠡᠢ | ᠲᠠᠭᠠᠷᠴᠤᠭ ᠰᠠᠪᠠ ᠶᠢ ᠤᠷᠠᠯᠠᠬᠤ᠂ ᠣᠶᠢᠮᠤᠰᠤ᠂ ᠪᠣᠶᠢᠪᠣᠭ᠂ ᠳᠠᠬᠤ ᠣᠶᠣᠬᠤ᠂ ᠬᠠᠮ ᠲᠡᠷᠭᠡ᠂ ᠠᠪᠳᠠᠷ᠎ᠠ ᠲᠡᠷᠭᠡᠨ | ᠤ ᠪᠦᠷᠢᠶᠡᠰᠦ ᠣᠶᠣᠬᠤ ᠁ ᠵᠡᠷᠭᠡ ᠦᠢᠯᠡᠳᠪᠦᠷᠢᠯᠡᠯ ᠠᠮᠢᠳᠤᠷᠠᠯ ᠤᠨ ᠬᠡᠷᠡᠭᠰᠡᠯ ᠦᠢᠯᠡᠳᠬᠦ ᠪᠠᠭᠲᠠᠨ᠎ᠠ᠃ | | ᠣᠶᠣᠳᠠᠯ ᠨᠢ ᠪᠦᠷᠢ ᠤᠭᠠᠯᠵᠠ ᠬᠤᠸᠠᠷ ᠬᠡ ᠲᠠᠢ ᠤᠷᠠᠯᠢᠭ ᠨᠠᠷᠢᠯᠢᠭ᠃ ᠬᠥᠳᠡᠯᠮᠦᠷᠢ ᠨᠢ ᠬᠦᠨᠳᠦ | ᠪᠦᠲᠦᠭᠡᠭᠳᠡᠬᠦᠨ ᠨᠢ ᠪᠦᠷ ᠭᠠᠷ ᠦᠢᠯᠡᠳᠪᠦᠷᠢᠯᠡᠯ ᠤᠨ ᠪᠦᠲᠦᠭᠡᠭᠳᠡᠬᠦᠨ ᠪᠣᠯᠣᠨ᠎ᠠ᠃ | | 4. ᠲᠠᠮᠤᠵᠤ ᠭᠦᠷᠦᠬᠦ ᠣᠶᠣᠬᠤ ᠡᠳ᠋ᠯᠡᠯ — ᠦᠵᠦᠮᠦᠴᠢᠨ ᠳᠤ ᠲᠠᠮᠤᠵᠤ ᠭᠦᠷᠦᠬᠦ ᠭᠠᠷ ᠦᠢᠯᠡᠳᠪᠦᠷᠢᠯᠡᠯ | ᠤᠨ ᠪᠦᠲᠦᠭᠡᠭᠳᠡᠬᠦᠨ ᠢ ᠪᠠᠰᠠ ᠣᠶᠣᠳᠠᠯ ᠤᠨ ᠦᠢᠯᠡᠳᠪᠦᠷᠢᠯᠡᠯ ᠤᠨ ᠬᠦᠷᠢᠶ᠎ᠡ ᠬᠡᠪᠴᠢᠶᠡᠨ ᠳᠤ ᠪᠠᠭᠲᠠᠭᠠᠵᠤ᠂ | ᠣᠶᠣᠳᠠᠯ ᠤᠨ ᠦᠢᠯᠡᠳᠪᠦᠷᠢ ᠶᠢᠨ ᠴᠢᠬᠤᠯᠠ ᠪᠦᠲᠦᠭᠡᠭᠳᠡᠬᠦᠨ ᠤ ᠪᠦᠷᠢᠯᠳᠦᠬᠦᠨ ᠪᠣᠯᠭᠠᠳᠠᠭ᠃ ᠲᠡᠭᠦᠨ ᠳᠤ ᠮᠣᠩᠭᠤᠯ | ᠭᠡᠷ ᠤᠨ ᠣᠯᠣᠩ᠂ ᠣᠭᠤᠰᠣᠷ᠂ ᠪᠦᠴᠡ᠂ ᠵᠡᠬᠡᠭᠡ᠂ ᠤᠶᠠᠭ᠎ᠠ᠂ ᠴᠢᠭᠳᠠᠭ᠎ᠠ᠂ ᠡᠮᠡᠭᠡᠯ ᠤᠨ ᠣᠯᠣᠩ᠂ ᠲᠡᠮᠡᠭᠡᠨ | ᠪᠣᠷᠭᠳᠠᠭ᠂ ᠬᠤᠨᠢᠨ ᠤ ᠬᠤᠯᠪᠣᠭᠠᠨ ᠳᠡᠭᠡᠰᠦ᠂ ᠮᠣᠷᠢᠨ ᠤ ᠠᠷᠭᠠᠮᠵᠢᠶ᠎ᠠ᠂ ᠲᠤᠭᠤᠯ ᠤᠨ ᠬᠦᠵᠦᠭᠦᠪᠴᠢ᠂ ᠤᠶᠠᠭ᠎ᠠ | ᠡᠭᠦᠷᠦᠯ ᠤᠨ ᠤᠲᠠᠰᠤ ᠵᠡᠷᠭᠡ ᠪᠠᠭᠲᠠᠨ᠎ᠠ᠃ ᠡᠳᠡᠭᠡᠷ ᠨᠢ ᠪᠦᠷᠢ ᠬᠤᠨᠢᠨ ᠤ ᠤᠩᠭᠠᠰᠤ᠂ ᠲᠡᠮᠡᠭᠡᠨ ᠤ ᠤᠩᠭᠠᠰᠤ᠂ | ᠮᠣᠷᠢᠨ ᠳᠡᠯ ᠢᠶᠠᠷ ᠲᠠᠮᠤᠵᠤ ᠭᠦᠷᠦᠵᠦ ᠤᠷᠠᠯᠠᠵᠤ ᠣᠶᠣᠳᠠᠭ᠃ ᠵᠢᠱᠢᠶᠡᠯᠡᠪᠡᠯ ᠣᠯᠣᠩ ᠢ ᠣᠯᠠᠨ ᠨᠠᠷᠢᠨ ᠤᠷᠲᠤ | ᠳᠡᠭᠡᠰᠦ ᠲᠠᠮᠤᠭᠠᠳ ᠲᠠᠬᠢᠵᠤ 8 ~10 ᠬᠡᠰᠡᠭ ᠢ ᠵᠡᠷᠭᠡᠴᠡᠭᠦᠯᠵᠦ᠂ ᠬᠠᠪᠲᠠᠭᠠᠢ ᠲᠠᠯ᠎ᠠ ᠠᠴᠠ ᠤᠩᠭᠠᠰᠤᠨ ᠤᠲᠠᠰᠤ | ᠪᠠᠷ ᠣᠶᠣᠵᠤ ᠣᠯᠣᠩ ᠪᠣᠯᠭᠠᠳᠠᠭ᠃ ᠡᠶᠢᠮᠦ ᠠᠴᠠ ᠡᠳᠡᠭᠡᠷ ᠪᠦᠲᠦᠭᠡᠭᠳᠡᠬᠦᠨ ᠪᠣᠯ ᠲᠠᠮᠤᠬᠤ ᠣᠶᠣᠬᠤ ᠵᠡᠷᠭᠡ | ᠤᠶᠠᠯᠳᠤᠨᠠ᠃ | | 5. ᠭᠠᠷ ᠤᠷᠠᠯᠢᠭ ᠤᠨ ᠪᠤᠰᠤᠳ ᠣᠶᠣᠳᠠᠯ ᠤᠨ ᠡᠳ᠋ᠯᠡᠯ — ᠦᠵᠦᠮᠦᠴᠢᠨ ᠤ ᠣᠶᠣᠳᠠᠯ ᠤᠨ | ᠦᠢᠯᠡᠳᠪᠦᠷᠢ ᠶᠢᠨ ᠪᠦᠲᠦᠭᠡᠭᠳᠡᠬᠦᠨ ᠨᠢ ᠶᠡᠷᠦ ᠳᠡᠭᠡᠨ ᠡᠩ ᠤᠨ ᠪᠠ ᠤᠷᠠᠯᠢᠭ ᠤᠨ ᠬᠤᠶᠠᠷ ᠵᠦᠢᠯ ᠳᠤ | ᠬᠠᠷᠢᠶᠠᠯᠠᠭᠳᠠᠨ᠎ᠠ᠃ ᠤᠷᠠᠯᠢᠭ ᠤᠨ ᠪᠦᠲᠦᠭᠡᠭᠳᠡᠬᠦᠨ ᠨᠢ ᠬᠤᠪᠢ ᠶᠢᠨ ᠵᠢᠩ ᠡᠵᠡᠯᠡᠬᠦ ᠬᠠᠷᠢᠴᠠᠯ ᠤᠨ ᠲᠠᠯ᠎ᠠ ᠪᠠᠷ ᠡᠩ | ᠤᠨ ᠬᠢ ᠠᠴᠠ ᠪᠠᠨ ᠪᠠᠭ᠎ᠠ ᠳᠤᠲᠠᠭᠤ ᠰᠢᠭ᠋ ᠪᠣᠯᠪᠠᠴᠤ᠂ ᠮᠡᠷᠭᠡᠵᠢᠯ ᠤᠨ ᠲᠠᠯ᠎ᠠ ᠪᠠᠷ ᠨᠠᠷᠢᠯᠢᠭ᠂ ᠤᠷᠠᠯᠢᠭ ᠤᠨ ᠲᠠᠯ᠎ᠠ | ᠪᠠᠷ ᠭᠤᠶᠣ᠂ ᠣᠶᠣᠨ ᠤ ᠵᠠᠷᠤᠴᠠᠭᠤᠯᠤᠯᠲᠠ ᠶᠢᠨ ᠲᠠᠯ᠎ᠠ ᠪᠠᠷ ᠶᠡᠭᠡ᠂ ᠥᠷᠲᠡᠭ ᠤᠨ ᠲᠠᠯ᠎ᠠ ᠪᠠᠷ ᠥᠨᠳᠥᠷ ᠪᠠᠶᠢᠳᠠᠭ᠃ | ᠲᠡᠭᠦᠨ ᠳᠤ ᠬᠡᠦᠬᠡᠳ ᠤᠨ ᠬᠤᠪᠴᠠᠰᠤ᠂ ᠶᠣᠰᠣᠯᠠᠯ ᠤᠨ ᠬᠤᠪᠴᠠᠰᠤ᠂ ᠵᠠᠰᠠᠯ ᠤᠨ ᠬᠤᠪᠴᠠᠰᠤ᠂ ᠡᠮᠡᠭᠲᠡᠢ | ᠪᠦᠰᠡᠭᠦᠶᠢᠴᠦᠳ ᠤᠨ ᠣᠨᠴᠠ ᠡᠳ᠋ᠯᠡᠯ ᠪᠠᠭᠲᠠᠵᠤ᠂ ᠮᠠᠨᠵᠤ ᠴᠢᠩ ᠤᠯᠤᠰ ᠠᠴᠠ ᠬᠤᠶᠢᠰᠢ ᠪᠤᠷᠬᠠᠨ ᠤ ᠡᠳ᠋ᠯᠡᠯ᠂ | ᠰᠦᠮ᠎ᠡ ᠬᠡᠶᠢᠳ ᠤᠨ ᠴᠢᠮᠡᠭᠯᠡᠯ ᠤᠨ ᠡᠳ᠋ᠯᠡᠯ ᠵᠡᠷᠭᠡ ᠪᠠᠰᠠ ᠪᠠᠭᠲᠠᠬᠤ ᠪᠣᠯᠵᠠᠢ᠃ | | ᠡᠳᠡᠭᠡᠷ ᠡᠳ᠋ᠯᠡᠯ ᠢ ᠦᠢᠯᠡᠳᠬᠦ ᠳᠤ ᠲᠣᠰ ᠲᠣᠰ ᠤᠨ ᠥᠪᠡᠷᠮᠢᠴᠡ ᠭᠤᠸ᠎ᠠ ᠰᠠᠶᠢᠬᠠᠨ ᠬᠡᠪ ᠶᠠᠩᠵᠤ ᠪᠠᠷᠢᠮᠵᠢᠶ᠎ᠠ | ᠱᠠᠭᠠᠷᠳᠠᠯᠭ᠎ᠠ ᠲᠠᠢ᠃ ᠶᠠᠰᠤ ᠴᠢᠨᠠᠷ᠂ ᠥᠩᠭᠡ ᠦᠵᠡᠮᠵᠢ᠂ ᠤᠷᠠᠯᠠᠯ ᠤᠶᠠᠯᠠᠯ ᠣᠶᠣᠳᠠᠯ ᠪᠦᠷᠢ ᠤᠶᠠᠯᠳᠤᠬᠤ | ᠬᠡᠷᠡᠭᠲᠡᠢ᠃ ᠡᠭᠦᠨ ᠳᠤ ᠤᠷᠠᠯᠢᠭ ᠣᠶᠣᠳᠠᠯ ᠤᠨ ᠲᠠᠯ᠎ᠠ ᠪᠠᠷ ᠭᠤᠶᠣᠯᠠᠵᠤ ᠡᠰᠬᠡᠬᠦ᠂ ᠬᠠᠳᠬᠤᠮᠠᠯ ᠬᠠᠳᠬᠤᠵᠤ | ᠣᠶᠣᠬᠤ᠂ ᠵᠡᠭᠦᠦ ᠣᠷᠢᠶᠠᠵᠤ ᠣᠶᠣᠬᠤ᠂ ᠰᠦᠯᠵᠢᠮᠡᠯ ᠰᠦᠯᠵᠢᠵᠦ ᠣᠶᠣᠬᠤ᠂ ᠰᠡᠶᠢᠯᠦᠮᠡᠯ ᠰᠡᠶᠢᠯᠵᠦ ᠣᠶᠣᠬᠤ᠂ | ᠣᠯᠠᠨ ᠵᠦᠢᠯ ᠤᠨ ᠤᠷᠠᠯᠢᠭ ᠢ ᠬᠠᠮᠲᠤᠷᠠᠭᠤᠯᠵᠤ ᠣᠶᠣᠬᠤ ᠵᠡᠷᠭᠡ ᠲᠣᠩ ᠣᠯᠠᠨ ᠤᠷ᠎ᠠ ᠮᠡᠷᠭᠡᠵᠢᠯ ᠣᠷᠣᠳᠠᠭ᠃ | ᠲᠡᠭᠦᠨ ᠤ ᠦᠢᠯᠡᠳᠬᠦᠨ ᠨᠢ ᠪᠦᠷ ᠦᠵᠦᠮᠦᠴᠢᠨ ᠤ ᠣᠶᠣᠳᠠᠯ ᠤᠨ ᠭᠠᠷ ᠦᠢᠯᠡᠳᠪᠦᠷᠢᠯᠡᠯ ᠤᠨ ᠤᠷᠠᠯᠢᠭ | ᠪᠦᠲᠦᠭᠡᠭᠳᠡᠬᠦᠨ ᠪᠠᠶᠢᠳᠠᠭ᠃ | | ᠦᠵᠦᠮᠦᠴᠢᠨ ᠮᠣᠩᠭᠤᠯᠴᠤᠳ ᠤᠨ ᠣᠶᠣᠳᠠᠯ ᠤᠨ ᠦᠢᠯᠡᠰ ᠪᠣᠯ ᠮᠥᠨ ᠡᠷᠲᠡᠨ ᠠᠴᠠ ᠲᠡᠦᠬᠡ ᠶᠢᠨ | ᠤᠯᠠᠮᠵᠢᠯᠠᠯ ᠲᠠᠢ ᠦᠢᠯᠡᠰ ᠪᠣᠯᠣᠨ᠎ᠠ᠃ ᠲᠡᠷᠡ ᠨᠢ ᠨᠢᠭᠡᠨᠲᠡ ᠭᠠᠷ ᠦᠢᠯᠡᠳᠪᠦᠷᠢᠯᠡᠯ ᠤᠨ ᠬᠡᠯᠪᠡᠷᠢ ᠪᠠᠷ ᠬᠥᠭᠵᠢᠵᠦ | ᠬᠡᠪᠴᠢᠶ᠎ᠡ ᠪᠠᠷ ᠲᠣᠩ ᠥᠷᠭᠡᠨ᠂ ᠲᠥᠷᠥᠯ ᠵᠦᠢᠯ ᠢᠶᠠᠷ ᠲᠣᠩ ᠣᠯᠠᠨ᠂ ᠮᠡᠷᠭᠡᠵᠢᠯ ᠤᠨ ᠵᠣᠬᠢᠬᠤ ᠱᠠᠭᠠᠷᠳᠠᠯᠭ᠎ᠠ ᠪᠠ | ᠶᠠᠰᠤ ᠴᠢᠨᠠᠷ ᠤᠨ ᠲᠣᠶᠢᠮᠣ ᠪᠠᠷᠢᠮᠵᠢᠶ᠎ᠠ ᠲᠠᠢ᠂ ᠬᠡᠪᠰᠢᠯ ᠳᠦᠷᠢᠮᠵᠢᠯ ᠢᠶᠠᠷ ᠨᠡᠯᠢᠶᠡᠳ ᠴᠢᠩᠭ᠎ᠠ᠂ ᠪᠦᠲᠦᠭᠡᠭᠳᠡᠬᠦᠨ ᠨᠢ | ᠡᠯᠪᠡᠭ ᠮᠥᠷᠲᠡᠭᠡᠨ ᠦᠢᠯᠡᠳᠪᠦᠷᠢᠯᠡᠯ ᠠᠮᠢᠳᠤᠷᠠᠯ ᠳᠤ ᠴᠢᠬᠤᠯᠠᠴᠢᠯᠠᠭ᠎ᠠ ᠲᠠᠢ᠂ ᠥᠪᠡᠷ ᠢ ᠪᠠᠨ ᠬᠠᠩᠭᠠᠬᠤ ᠪᠠᠷ | ᠭᠤᠣᠯᠳᠠᠭᠤ᠂ ᠲᠠᠸ᠋ᠷᠯᠠᠬᠤ ᠵᠦᠢᠯ ᠳᠠᠭᠠᠯᠳᠤᠭᠰᠠᠨ ᠭᠡᠷ ᠪᠦᠯᠢ ᠪᠠᠷ ᠲᠤᠯᠭᠠᠭᠤᠷᠢᠯᠠᠵᠤ ᠲᠤᠰᠬᠠᠶᠢᠵᠢᠭᠰᠠᠨ ᠭᠠᠷ | ᠦᠢᠯᠡᠳᠪᠦᠷᠢᠯᠡᠯ ᠪᠣᠯᠣᠨ᠎ᠠ᠃ | ︽ᠦᠵᠦᠮᠦᠴᠢᠨ ᠮᠣᠩᠭᠤᠯᠴᠤᠳ︾ ᠭᠤ᠂ ᠷᠠᠬᠸ᠎ᠠ | | |