| ᠮᠠᠯ ᠠᠵᠤ ᠠᠬᠤᠢ ᠪᠣᠯ ᠮᠣᠩᠭᠤᠯ ᠦᠨᠳᠦᠰᠦᠲᠡᠨ ᠤ ᠡᠷᠲᠡ ᠳᠡᠭᠡᠳᠦ ᠠᠴᠠ ᠪᠠᠨ ᠡᠵᠡᠩᠨᠡᠵᠦ᠂ | ᠦᠢᠯᠡᠳᠪᠦᠷᠢᠯᠡᠵᠦ᠂ ᠬᠥᠭᠵᠢᠭᠦᠯᠵᠦ᠂ ᠲᠡᠭᠦᠯᠳᠡᠷᠵᠢᠭᠦᠯᠵᠦ ᠢᠷᠡᠭᠰᠡᠨ ᠴᠣᠷ ᠤᠨ ᠭᠠᠭᠴᠠ ᠦᠨᠳᠦᠰᠦᠨ ᠠᠵᠤ ᠠᠬᠤᠢ | ᠮᠥᠨ᠃ ᠮᠣᠩᠭᠤᠯᠴᠤᠳ ᠤᠨ ᠤᠯᠤᠰ ᠭᠦᠷᠦᠨ ᠤ ᠪᠠ ᠦᠨᠳᠦᠰᠦᠲᠡᠨ ᠤ ᠤᠯᠤᠰ ᠠᠷᠠᠳ ᠤᠨ ᠠᠵᠤ ᠠᠬᠤᠢ ᠶᠢᠨ | ᠰᠠᠭᠤᠷᠢ ᠮᠥᠨ᠃ | ᠦᠵᠦᠮᠦᠴᠢᠨ ᠮᠣᠩᠭᠤᠯᠴᠤᠳ ᠲᠡᠦᠬᠡᠨ ᠠᠴᠠ ᠠᠪᠤᠭᠠᠳ ᠣᠳᠣ ᠪᠣᠯᠲᠠᠯ᠎ᠠ ᠥᠪᠡᠷ ᠤᠨ ᠦᠨᠳᠦᠰᠦᠲᠡᠨ ᠤ | ᠠᠵᠤ ᠠᠬᠤᠢ ᠪᠠᠨ ᠵᠠᠯᠭᠠᠮᠵᠢᠯᠠᠵᠤ᠂ ᠬᠠᠮᠠᠭᠠᠯᠠᠵᠤ᠂ ᠬᠥᠭᠵᠢᠭᠦᠯᠵᠦ᠂ ᠲᠡᠭᠦᠯᠳᠡᠷᠵᠢᠭᠦᠯᠵᠦ᠂ ᠲᠡᠭᠦᠨ ᠢᠶᠠᠷ ᠥᠪᠡᠷ | ᠤᠨ ᠣᠷᠣᠰᠢᠨ ᠲᠣᠭᠲᠠᠨᠢᠯ ᠤᠨ ᠰᠠᠭᠤᠷᠢ ᠪᠠᠨ ᠪᠣᠯᠭᠠᠵᠤ ᠢᠷᠡᠭᠰᠡᠨ ᠪᠠᠶᠢᠨ᠎ᠠ᠃ ᠡᠶᠢᠮᠦ ᠠᠴᠠ ᠲᠡᠳᠡᠨ ᠤ ᠣᠷᠣᠨ | ᠨᠤᠲᠤᠭ ᠤᠨ ᠰᠠᠭᠤᠷᠢ ᠠᠵᠤ ᠠᠬᠤᠢ ᠨᠢ ᠮᠠᠯ ᠠᠵᠤ ᠠᠬᠤᠢ ᠪᠠᠶᠢᠭᠰᠠᠭᠠᠷ ᠁ | ᠦᠵᠦᠮᠦᠴᠢᠨ ᠤ ᠮᠠᠯ ᠠᠵᠤ ᠠᠬᠤᠢ ᠪᠣᠯ ᠮᠣᠩᠭᠤᠯ ᠤᠨ ᠮᠠᠯ ᠠᠵᠤ ᠠᠬᠤᠢ ᠶᠢᠨ ᠲᠡᠦᠬᠡ ᠶᠢᠨ ᠤᠭ | ᠳᠦᠷᠰᠦ ᠪᠠᠨ ᠪᠦᠷᠢᠨ ᠬᠠᠳᠠᠭᠠᠯᠠᠭᠰᠠᠨ ᠰᠠᠭᠤᠷᠢ ᠳᠡᠭᠡᠷ᠎ᠡ ᠴᠢᠨᠠᠭᠰᠢᠳᠠ ᠬᠥᠭᠵᠢᠵᠦ ᠪᠤᠵᠠᠭᠠᠶᠢᠷᠠᠭᠰᠠᠨ ᠴᠡᠪᠡᠷ ᠮᠠᠯ | ᠠᠵᠤ ᠠᠬᠤᠢ ᠪᠠᠶᠢᠳᠠᠭ᠃ ᠲᠡᠳᠡᠨ ᠤ ᠮᠠᠯ ᠠᠵᠤ ᠠᠬᠤᠢ ᠶᠢᠨ ᠭᠤᠣᠯ ᠣᠨᠴᠠᠯᠢᠭ ᠨᠢ᠄ | ᠨᠢᠭᠡ᠂ ᠦᠵᠦᠮᠦᠴᠢᠨ ᠤ ᠤᠯᠠᠮᠵᠢᠯᠠᠯᠲᠤ ᠮᠠᠯ ᠠᠵᠤ ᠠᠬᠤᠢ ᠶᠢᠨ ᠳᠣᠲᠣᠭᠠᠳᠤ ᠪᠦᠲᠦᠴᠡ ᠨᠢ ᠶᠠᠭ | ᠮᠣᠩᠭᠤᠯ ᠤᠨ ᠡᠬᠡ ᠡᠵᠡᠩᠨᠡᠯᠲᠡ ᠶᠢᠨ ᠮᠠᠯ ᠠᠵᠤ ᠠᠬᠤᠢ — ᠲᠠᠪᠤᠨ ᠬᠤᠰᠢᠭᠤ ᠮᠠᠯ ᠪᠣᠯᠣᠨ᠎ᠠ᠃ ᠲᠠᠪᠤᠨ ᠬᠤᠰᠢᠭᠤ | ᠮᠠᠯ ᠭᠡᠳᠡᠭ ᠨᠢ᠄ ᠠᠳᠤᠭᠤ᠂ ᠦᠬᠡᠷ᠂ ᠲᠡᠮᠡᠭᠡ᠂ ᠬᠤᠨᠢ᠂ ᠢᠮᠠᠭ᠎ᠠ ᠵᠡᠷᠭᠡ ᠲᠠᠪᠤᠨ ᠲᠥᠷᠥᠯ ᠤᠨ ᠮᠠᠯ ᠪᠠᠶᠢᠳᠠᠭ᠃ | ᠦᠵᠦᠮᠦᠴᠢᠨ ᠮᠣᠩᠭᠤᠯᠴᠤᠳ ᠲᠠᠪᠤᠨ ᠬᠤᠰᠢᠭᠤ ᠮᠠᠯ ᠢ ᠡᠵᠡᠩᠨᠡᠨ ᠮᠠᠯᠵᠢᠭᠰᠠᠨ ᠨᠢ᠂ ᠲᠠᠪᠤᠨ ᠬᠤᠰᠢᠭᠤ | ᠮᠠᠯ ᠪᠣᠯ ᠮᠣᠩᠭᠤᠯ ᠤᠨ ᠣᠩᠭᠤᠨ ᠪᠠᠶᠢᠭᠠᠯᠢ ᠶᠢᠨ ᠣᠨᠴᠤᠭᠤᠢ ᠠᠭᠤᠷ ᠠᠮᠢᠰᠬᠤᠯ᠂ ᠭᠠᠵᠠᠷ ᠵᠦᠢ ᠵᠢᠴᠢ ᠨᠡᠭᠦᠳᠡᠯ | ᠤᠨ ᠮᠠᠯᠵᠢᠯ᠂ ᠰᠦᠷᠦᠭᠯᠡᠭᠰᠡᠨ ᠡᠵᠡᠩᠨᠡᠯᠲᠡ᠂ ᠪᠡᠯᠴᠢᠭᠡᠷ ᠤᠨ ᠠᠷᠠᠴᠢᠯᠠᠭ᠎ᠠ ᠵᠡᠷᠭᠡ ᠪᠤᠰᠤᠳᠴᠢ ᠨᠥᠬᠦᠴᠡᠯ ᠳᠤ | ᠲᠣᠬᠢᠷᠠᠳᠠᠭ ᠠᠴᠠ ᠪᠣᠯᠵᠠᠢ᠃ ᠨᠡᠩ ᠴᠦ ᠦᠵᠦᠮᠦᠴᠢᠨ ᠤ ᠣᠷᠴᠢᠨ ᠠᠬᠤᠢ ᠳᠤ ᠲᠠᠪᠤᠨ ᠬᠤᠰᠢᠭᠤ ᠮᠠᠯ ᠰᠠᠶ᠋ᠢ | ᠲᠤᠬᠠᠢ ᠶᠢᠨ ᠦᠶ᠎ᠡ ᠶᠢᠨ ᠮᠠᠯᠴᠢᠨ ᠡᠷᠦᠬᠡ ᠶᠢᠨ ᠮᠠᠯᠵᠢᠯᠭ᠎ᠠ ᠶᠢᠨ ᠬᠡᠯᠪᠡᠷᠢ ᠳᠤ ᠵᠣᠬᠢᠴᠠᠵᠤ᠂ ᠲᠡᠳᠡᠨ ᠤ ᠡᠯᠪᠡᠭ | ᠪᠠᠶᠠᠯᠢᠭ ᠨᠥᠬᠦᠴᠡᠯ ᠲᠠᠢ ᠠᠮᠢᠳᠤᠷᠠᠯ ᠤᠨ ᠬᠢᠷᠢ ᠬᠡᠮᠵᠢᠶ᠎ᠡ ᠶᠢ ᠡᠭᠦᠳᠴᠦ ᠴᠢᠳᠠᠬᠤ ᠪᠦᠷᠢᠨ ᠴᠢᠳᠠᠪᠬᠢ ᠲᠠᠢ ᠠᠵᠤ | ᠠᠬᠤᠢ ᠪᠣᠯᠬᠤ ᠶᠢ ᠰᠢᠨᠵᠢᠯᠡᠨ ᠲᠠᠨᠢᠭᠰᠠᠨ ᠳᠤ ᠣᠷᠣᠰᠢᠨ᠎ᠠ᠃ ᠡᠶᠢᠮᠦ ᠠᠴᠠ ᠦᠵᠦᠮᠦᠴᠢᠨ ᠮᠣᠩᠭᠤᠯᠴᠤᠳ | ᠳᠡᠭᠡᠷᠡᠬᠢ ᠨᠥᠬᠦᠴᠡᠯ ᠳᠤ ᠥᠯᠥ ᠵᠣᠬᠢᠴᠠᠬᠤ ᠭᠡᠷ ᠤᠨ ᠲᠡᠵᠢᠭᠡᠪᠦᠷᠢ — ᠡᠯᠵᠢᠭᠡ᠂ ᠭᠠᠭ᠋ᠠᠢ᠂ ᠲᠠᠬᠢᠶ᠎ᠠ ᠵᠡᠷᠭᠡ ᠶᠢ ︽ | ᠮᠠᠯ︾ ᠭᠡᠵᠦ ᠵᠥᠪᠰᠢᠶᠡᠷᠡᠳᠡᠭ ᠦᠭᠡᠢ ᠪᠥᠭᠡᠳ ᠦᠷᠡᠵᠢᠭᠦᠯᠦᠨ ᠲᠡᠵᠢᠭᠡᠳᠡᠭ ᠦᠭᠡᠢ᠃ ᠲᠡᠳᠡ ᠡᠳᠡᠭᠡᠷ ᠭᠡᠷ ᠤᠨ | ᠲᠡᠵᠢᠭᠡᠪᠦᠷᠢ ᠶᠢ ᠰᠠᠭᠤᠷᠢᠰᠢᠯ ᠣᠷᠣᠨ ᠤ ᠠᠮᠢᠳᠤᠷᠠᠯ ᠢᠶᠠᠨ ᠡᠪᠯᠡᠭᠦᠯᠬᠦ ᠳᠠᠭᠠᠯᠳᠤᠪᠤᠷᠢ ᠠᠵᠤ ᠠᠬᠤᠢ᠂ ᠲᠡᠵᠢᠭᠡᠪᠦᠷᠢ | ᠶᠢᠨ ᠵᠦᠢᠯ ᠢᠶᠠᠷ ᠦᠵᠡᠳᠡᠭ᠃ ᠲᠡᠳᠡᠨ ᠤ ᠢᠩᠭᠢᠵᠦ ᠦᠵᠡᠬᠦ ᠨᠢ ᠣᠷᠴᠢᠨ ᠠᠬᠤᠢ ᠶᠢᠨ ᠪᠠᠶᠢᠭᠠᠯᠢ ᠶᠢᠨ ᠰᠢᠯᠢᠯᠲᠡ | ᠶᠢᠨ ᠦᠷ᠎ᠡ ᠳ᠋ᠦᠩ ᠠᠴᠠ ᠪᠣᠯᠵᠠᠢ᠃ ᠲᠡᠷᠡ ᠨᠢ ᠮᠣᠩᠭᠤᠯ ᠤᠨ ᠤᠯᠠᠮᠵᠢᠯᠠᠯᠲᠤ ᠮᠠᠯ ᠠᠵᠤ ᠠᠬᠤᠢ ᠪᠢᠰᠢ ᠪᠥᠭᠡᠳ | ᠨᠡᠩ ᠦᠵᠦᠮᠦᠴᠢᠨ ᠨᠤᠲᠤᠭ ᠤᠨ ᠪᠠᠶᠢᠭᠠᠯᠢ ᠶᠢᠨ ᠨᠥᠬᠦᠴᠡᠯ ᠵᠢᠴᠢ ᠨᠡᠭᠦᠳᠡᠯ ᠤᠨ ᠮᠠᠯ ᠠᠵᠤ ᠠᠬᠤᠢ ᠶᠢᠨ | ᠡᠵᠡᠩᠨᠡᠯᠲᠡ ᠳᠤ ᠵᠣᠬᠢᠴᠠᠵᠤ ᠴᠢᠳᠠᠬᠤ ᠦᠭᠡᠢ ᠳᠤ ᠪᠠᠶᠢᠳᠠᠭ᠃ ᠡᠶᠢᠮᠦ ᠪᠣᠯᠬᠤᠷ ᠦᠵᠦᠮᠦᠴᠢᠨ ᠤ ᠮᠠᠯ ᠠᠵᠤ ᠠᠬᠤᠢ | ᠶᠢᠨ ᠪᠦᠲᠦᠴᠡ ᠪᠣᠯ ᠲᠤᠬᠠᠢ ᠶᠢᠨ ᠦᠶ᠎ᠡ ᠶᠢᠨ ᠲᠡᠳᠡᠨ ᠤ ᠪᠠᠶᠢᠭᠠᠯᠢ᠂ ᠦᠢᠯᠡᠳᠪᠦᠷᠢᠯᠡᠬᠦ ᠬᠦᠴᠦᠨ ᠤ ᠬᠢᠷᠢ ᠬᠡᠮᠵᠢᠶ᠎ᠡ | ᠳᠤ ᠵᠣᠬᠢᠴᠠᠭᠰᠠᠨ ︽ᠲᠠᠪᠤᠨ ᠬᠤᠰᠢᠭᠤ ᠮᠠᠯ︾ ᠪᠠᠶᠢᠭᠰᠠᠨ ᠶᠤᠮ᠃ | ᠬᠤᠶᠠᠷ᠂ ᠦᠵᠦᠮᠦᠴᠢᠨ ᠮᠣᠩᠭᠤᠯᠴᠤᠳ ᠤᠨ ᠡᠵᠡᠩᠨᠡᠭᠰᠡᠨ ᠲᠠᠪᠤᠨ ᠬᠤᠰᠢᠭᠤ ᠮᠠᠯ ᠤᠨ ᠣᠨᠴᠠᠯᠢᠭ ᠨᠢ | ᠪᠠᠰᠠ ᠥᠪᠡᠷᠮᠢᠴᠡ ᠪᠠᠶᠢᠳᠠᠭ᠃ ᠲᠡᠷᠡ ᠨᠢ ᠡᠷᠲᠡᠨ ᠤ ᠮᠣᠩᠭᠤᠯ ᠲᠥᠷᠥᠯ ᠤᠭᠰᠠᠭ᠎ᠠ ᠶᠢᠨ ᠮᠠᠯ ᠤᠨ ᠤᠭ ᠴᠢᠨᠠᠷ | ᠢᠶᠠᠨ ᠭᠦᠢᠴᠡᠳ ᠬᠠᠳᠠᠭᠠᠯᠠᠭᠰᠠᠨ᠂ ᠴᠡᠪᠡᠷ ᠤᠳᠤᠮ ᠤᠨ ᠮᠣᠩᠭᠤᠯ ᠮᠠᠯ ᠮᠥᠨ᠃ | ᠭᠡᠪᠡᠴᠦ᠂ ᠤᠷᠲᠤ ᠬᠤᠭᠤᠴᠠᠭᠠᠨ ᠤ ᠲᠤᠷᠰᠢᠬᠢ ᠦᠵᠦᠮᠦᠴᠢᠨ ᠮᠣᠩᠭᠤᠯᠴᠤᠳ ᠤᠨ ᠥᠪᠡᠷᠮᠢᠴᠡ | ᠡᠵᠡᠩᠨᠡᠯᠲᠡ᠂ ᠥᠪᠡᠷᠮᠢᠴᠡ ᠰᠤᠳᠤᠯᠤᠯ᠂ ᠥᠪᠡᠷᠮᠢᠴᠡ ᠥᠭᠡᠷᠡᠴᠢᠯᠡᠯᠲᠡ ᠪᠠ ᠥᠪᠡᠷᠮᠢᠴᠡ ᠪᠠᠶᠢᠭᠠᠯᠢ ᠶᠢᠨ ᠣᠨᠴᠠᠯᠢᠭ | ᠲᠤ ᠵᠣᠬᠢᠴᠠᠭᠤᠯᠤᠨ ᠠᠷᠠᠴᠢᠯᠠᠵᠤ ᠮᠠᠯᠵᠢᠭᠰᠠᠨ ᠠᠴᠠ ᠪᠣᠯᠵᠤ᠂ ᠡᠷᠲᠡᠨ ᠤ ᠮᠣᠩᠭᠤᠯ ᠤᠳᠤᠮ ᠤᠨ ᠮᠠᠯ ᠤᠨ ᠴᠡᠪᠡᠷ | ᠤᠭᠰᠠᠭ᠎ᠠ ᠲᠥᠷᠥᠯ ᠢᠶᠠᠨ ᠬᠠᠮᠠᠭᠠᠯᠠᠭᠰᠠᠨ ᠰᠠᠭᠤᠷᠢ ᠳᠡᠭᠡᠷ᠎ᠡ ᠣᠷᠣᠨ ᠨᠤᠲᠤᠭ ᠤᠨ ᠲᠤᠰᠬᠠᠢ ᠣᠨᠴᠠᠯᠢᠭ ᠲᠠᠢ ︽ | ᠦᠵᠦᠮᠦᠴᠢᠨ ᠡᠭᠦᠯᠳᠡᠷ ᠤᠨ ᠮᠠᠯ︾ ᠪᠣᠯᠣᠨ ᠬᠥᠭᠵᠢᠨ ᠲᠣᠭᠲᠠᠪᠤᠷᠢᠵᠢᠭᠰᠠᠨ ᠪᠠᠶᠢᠨ᠎ᠠ᠃ ᠦᠵᠦᠮᠦᠴᠢᠨ ᠡᠭᠦᠯᠳᠡᠷ | ᠤᠨ ᠮᠠᠯ ᠳᠤ ︽ᠦᠵᠦᠮᠦᠴᠢᠨ ᠬᠤᠨᠢ︾᠂ ︽ᠦᠵᠦᠮᠦᠴᠢᠨ ᠦᠬᠡᠷ︾᠂ ︽ᠦᠵᠦᠮᠦᠴᠢᠨ ᠠᠳᠤᠭᠤ︾᠂ ︽ | ᠬᠢᠩᠭ᠎ᠠ ᠢᠮᠠᠭ᠎ᠠ︾ ᠲᠤᠰ ᠲᠤᠰ ᠲᠠᠭᠠᠨ ᠪᠠᠶᠢᠳᠠᠭ ᠪᠥᠭᠡᠳ ᠪᠦᠷ ︽ᠣᠷᠣᠨ ᠨᠤᠲᠤᠭ ᠤᠨ ᠰᠢᠯᠢᠳᠡᠭ ᠡᠭᠦᠯᠳᠡᠷ︾ | ᠤᠨ ᠮᠠᠯ ᠪᠣᠯᠣᠨ᠎ᠠ᠃ | ᠦᠵᠦᠮᠦᠴᠢᠨ ᠬᠤᠨᠢ — ᠦᠵᠦᠮᠦᠴᠢᠨ ᠡᠭᠦᠯᠳᠡᠷ ᠤᠨ ᠮᠠᠯ ᠳᠤ᠂ ᠦᠵᠦᠮᠦᠴᠢᠨ ᠬᠤᠨᠢ ᠡᠷᠲᠡᠨ ᠠᠴᠠ ᠪᠠᠨ | ᠬᠠᠮᠤᠭ ᠤᠨ ᠶᠡᠭᠡ ᠨᠡᠷ᠎ᠡ ᠠᠯᠳᠠᠷ ᠲᠠᠢ᠃ ᠦᠵᠦᠮᠦᠴᠢᠨ ᠬᠤᠨᠢ ᠶᠢ ᠪᠠᠰᠠ ᠦᠵᠦᠮᠦᠴᠢᠨ ᠪᠦᠳᠦᠭᠦᠨ ᠰᠡᠭᠦᠯᠲᠦ | ᠬᠤᠨᠢ ᠭᠡᠳᠡᠭ᠃ ᠦᠵᠦᠮᠦᠴᠢᠨ ᠬᠤᠨᠢ ᠣᠷᠣᠨ ᠨᠤᠲᠤᠭ ᠤᠨ ᠰᠢᠯᠢᠳᠡᠭ ᠡᠭᠦᠯᠳᠡᠷ ᠤᠨ ᠬᠤᠨᠢ ᠪᠠᠷ ᠪᠠᠷᠠᠬᠤ ᠦᠭᠡᠢ᠂ | ᠤᠯᠤᠰ ᠤᠨ ᠳᠣᠲᠣᠭᠠᠳᠤ ᠭᠠᠳᠠᠭᠠᠳᠤ ᠳᠤ ᠪᠦᠷ ᠠᠯᠳᠠᠷ ᠨᠡᠷ᠎ᠡ ᠲᠠᠢ᠃ ᠦᠵᠦᠮᠦᠴᠢᠨ ᠬᠤᠨᠢᠨ ᠤ ᠲᠠᠷᠬᠠᠯᠲᠠ ᠶᠢᠨ | ᠬᠡᠪᠴᠢᠶ᠎ᠡ ᠨᠢ ᠲᠤᠶᠢᠯ ᠤᠨ ᠥᠷᠭᠡᠨ ᠪᠠᠶᠢᠳᠠᠭ᠃ ᠥᠪᠥᠷ ᠮᠣᠩᠭᠤᠯ ᠤᠨ ᠵᠡᠭᠦᠨ ᠬᠡᠰᠡᠭ ᠣᠷᠣᠨ ᠢᠶᠠᠷ ᠨᠡᠶᠢᠳᠡᠮ | ᠲᠠᠷᠬᠠᠳᠠᠭ ᠢᠶᠠᠷ ᠪᠠᠷᠠᠬᠤ ᠦᠭᠡᠢ ᠬᠠᠯᠬ᠎ᠠ ᠮᠣᠩᠭᠤᠯ ᠳᠤ ᠴᠦ ᠥᠷᠭᠡᠨ ᠬᠡᠪᠴᠢᠶ᠎ᠡ ᠪᠠᠷ ᠲᠠᠷᠬᠠᠵᠤ ᠪᠠᠶᠢᠳᠠᠭ᠃ | ᠦᠵᠦᠮᠦᠴᠢᠨ ᠬᠤᠨᠢ ᠶᠢ ᠪᠠᠷᠤᠭ ᠳᠡᠯᠡᠬᠡᠢ ᠨᠡᠶᠢᠲᠡ ᠪᠠᠷ ᠢᠶᠠᠨ ᠪᠦᠷ ᠮᠡᠳᠡᠳᠡᠭ ᠪᠥᠭᠡᠳ ᠠᠽᠢᠶ᠎ᠠ ᠲᠢᠪ ᠤᠨ ᠤᠯᠤᠰ | ᠣᠷᠣᠨ ᠢᠶᠠᠷ ᠪᠣᠷᠣᠯᠠᠭᠤᠯᠵᠤ ᠭᠠᠷᠭᠠᠳᠠᠭ᠃ | ᠦᠵᠦᠮᠦᠴᠢᠨ ᠬᠤᠨᠢᠨ ᠤ ᠲᠤᠬᠠᠢ ᠰᠢᠨᠵᠢᠯᠡᠬᠦ ᠤᠬᠠᠭᠠᠨ ᠤ ᠰᠤᠳᠤᠯᠤᠯ ᠴᠦ ᠡᠳᠦᠷ ᠢᠷᠡᠬᠦᠶ᠎ᠡ | ᠭᠦᠨᠵᠡᠭᠡᠶᠢᠷᠡᠵᠦ ᠪᠠᠶᠢᠨ᠎ᠠ᠃ ᠳᠤᠮᠳᠠᠳᠤ ᠮᠣᠩᠭᠤᠯ ᠵᠡᠷᠭᠡ ᠤᠯᠤᠰ ᠪᠦᠷ ᠦᠵᠦᠮᠦᠴᠢᠨ ᠬᠤᠨᠢ ᠶᠢ ᠥᠷᠭᠡᠨ ᠬᠡᠮᠵᠢᠶ᠎ᠡ | ᠪᠠᠷ ᠰᠤᠳᠤᠯᠵᠠᠢ᠃ ᠥᠪᠥᠷ ᠮᠣᠩᠭᠤᠯ ᠳᠤ ᠦᠵᠦᠮᠦᠴᠢᠨ ᠬᠤᠨᠢᠨ ᠤ ᠰᠤᠳᠤᠯᠭ᠎ᠠ ᠨᠡᠩ ᠭᠦᠨᠵᠡᠭᠡᠶᠢᠷᠡᠵᠡᠢ᠃ ᠠᠯᠢ | ᠡᠷᠲᠡ ᠪᠦᠷ ᠦᠵᠦᠮᠦᠴᠢᠨ ᠬᠤᠨᠢᠨ ᠳᠤ ᠬᠢᠨᠠᠨ ᠲᠣᠭᠲᠠᠭᠠᠯ ᠬᠢᠵᠦ ᠪᠠᠷᠢᠮᠵᠢᠶ᠎ᠠ ᠲᠣᠭᠲᠠᠭᠠᠵᠠᠢ᠃ ᠡᠭᠦᠨ ᠳᠤ | ᠡᠷᠳᠡᠮᠲᠡᠨ ᠫ᠊᠂ ᠲᠡᠮᠦᠷ ᠤᠨ ᠪᠢᠴᠢᠭᠰᠡᠨ ︽ᠦᠵᠦᠮᠦᠴᠢᠨ ᠬᠤᠨᠢ︾ ᠭᠡᠳᠡᠭ ᠲᠤᠰᠬᠠᠢ ᠨᠣᠮ᠂ ᠦᠵᠦᠮᠦᠴᠢᠨ ᠬᠤᠨᠢ | ᠶᠢ ᠨᠡᠯᠢᠶᠡᠳ ᠲᠥᠪᠯᠡᠷᠡᠩᠭᠦᠢ ᠰᠤᠳᠤᠯᠤᠭᠰᠠᠨ ᠨᠡᠶᠢᠲᠡᠯᠢᠭ ᠴᠢᠨᠠᠷ ᠲᠠᠢ ᠡᠷᠳᠡᠮ ᠰᠢᠨᠵᠢᠯᠡᠭᠡᠨ ᠤ ᠵᠣᠬᠢᠶᠠᠯ ᠪᠣᠯᠣᠨ᠎ᠠ᠃ | ᠦᠵᠦᠮᠦᠴᠢᠨ ᠬᠤᠨᠢ ᠪᠣᠯ ᠦᠵᠦᠮᠦᠴᠢᠨ ᠤ ᠣᠩᠭᠤᠨ ᠪᠠᠶᠢᠭᠠᠯᠢ ᠶᠢᠨ ᠰᠢᠯᠢᠳᠡᠭ ᠪᠦᠲᠦᠭᠡᠭᠳᠡᠬᠦᠨ᠂ | ᠪᠠᠭᠠᠲᠤᠷᠯᠢᠭ ᠮᠠᠯᠴᠢᠳ ᠤᠨ ᠬᠢᠨᠢ ᠣᠢ ᠤᠬᠠᠭᠠᠨ ᠭᠠᠷᠮᠠᠭᠠᠢ ᠬᠥᠳᠡᠯᠮᠦᠷᠢ ᠶᠢᠨ ᠬᠢᠨᠢ ᠭᠠᠶᠢᠬᠠᠮᠰᠢᠭᠲᠤ ᠦᠷ᠎ᠡ | ᠪᠦᠲᠦᠭᠡᠯ ᠮᠥᠨ᠃ ᠡᠶᠢᠮᠦ ᠠᠴᠠ ᠦᠵᠦᠮᠦᠴᠢᠨ ᠬᠤᠨᠢ᠂ ᠨᠢᠭᠡ ᠳᠤ᠂ ᠰᠡᠷᠢᠭᠦᠨ ᠪᠦᠰᠡ ᠶᠢᠨ ᠭᠠᠩ ᠬᠠᠭᠤᠷᠠᠢ ᠡᠬᠡ | ᠬᠠᠭᠤᠷᠠᠢ ᠶᠢᠨ ᠴᠢᠨᠠᠷᠲᠠᠢ ᠬᠦᠢᠲᠡᠨ ᠰᠡᠷᠢᠭᠦᠨ ᠠᠭᠤᠷ ᠠᠮᠢᠰᠬᠤᠯ ᠳᠤ ᠣᠨᠴᠤᠭᠤᠢ ᠵᠣᠬᠢᠴᠠᠵᠤ᠂ ᠡᠰᠨᠢᠨ | ᠠᠮᠢᠳᠤᠷᠠᠬᠤ ᠠᠮᠢᠵᠢᠷᠠᠯ ᠤᠨ ᠣᠨᠴᠤᠭᠤᠢ ᠴᠢᠳᠠᠪᠤᠷᠢ ᠲᠠᠢ ᠪᠠᠶᠢᠳᠠᠭ᠃ ᠬᠤᠶᠠᠷ ᠲᠤ᠂ ᠪᠡᠶ᠎ᠡ ᠪᠢᠯᠳᠠᠷ ᠬᠦᠳᠡᠷ | ᠴᠢᠭᠢᠷᠠᠭ ᠦᠷᠡᠵᠢᠵᠦ ᠥᠰᠬᠦ ᠪᠠᠷ ᠡᠯᠪᠡᠭ᠂ ᠬᠥᠭᠵᠢᠯᠲᠡ ᠶᠢᠨ ᠢᠷᠡᠭᠡᠳᠦᠢ ᠪᠠᠷ ᠰᠠᠶᠢᠨ ᠪᠠᠶᠢᠳᠠᠭ᠂ ᠭᠤᠷᠪᠠ ᠳᠤ᠂ | ᠮᠠᠯᠵᠢᠵᠤ ᠠᠷᠠᠴᠢᠯᠠᠬᠤ ᠳᠤ ᠬᠢᠯᠪᠠᠷ ᠬᠥᠳᠡᠯᠮᠦᠷᠢ ᠬᠦᠴᠦ ᠵᠠᠷᠤᠴᠠᠭᠤᠯᠬᠤ ᠥᠷᠲᠡᠭ ᠪᠠᠭ᠎ᠠ᠂ ᠭᠠᠷᠭᠠᠯᠲᠠ ᠥᠨᠳᠥᠷ | ᠦᠷ᠎ᠡ ᠠᠰᠢᠭ ᠶᠡᠭᠡ ᠪᠠᠶᠢᠳᠠᠭ᠃ ᠳᠥᠷᠪᠡ ᠳᠤ᠂ ᠮᠢᠬ᠎ᠠ ᠰᠦ᠂ ᠤᠩᠭᠠᠰᠤ ᠠᠷᠠᠰᠤ ᠶᠢᠨ ᠣᠨᠴᠠ ᠬᠡᠷᠡᠭᠴᠡᠭᠡ ᠵᠡᠷᠭᠡ | ᠪᠠᠷ ᠤᠶᠠᠯᠳᠤᠭᠰᠠᠨ ᠣᠯᠠᠨ ᠲᠠᠯᠠᠰᠲᠤ ᠴᠢᠨᠠᠷ ᠲᠠᠢ᠃ ᠲᠠᠪᠤ ᠳᠤ᠂ ᠣᠯᠠᠨ ᠢᠶᠠᠷ ᠰᠦᠷᠦᠭᠯᠡᠨ ︵ᠮᠢᠩᠭ᠎ᠠ ᠪᠠᠷ︶ | ᠪᠡᠯᠴᠢᠭᠡᠷ ᠢᠶᠠᠷ ᠮᠠᠯᠯᠠᠵᠤ ᠰᠢᠯᠵᠢᠨ ᠣᠲᠣᠷᠯᠠᠵᠤ ᠡᠵᠡᠩᠨᠡᠳᠡᠭ ᠨᠡᠭᠦᠳᠡᠯ ᠤᠨ ᠮᠠᠯ ᠠᠵᠤ ᠠᠬᠤᠢ ᠳᠤ ᠬᠠᠮᠤᠭ ᠠᠴᠠ | ᠲᠣᠬᠢᠷᠠᠮᠵᠢ ᠲᠠᠢ ᠪᠠᠶᠢᠳᠠᠭ᠃ ᠲᠡᠷᠡ ᠳᠡᠯᠡᠬᠡᠢ ᠶᠢᠨ 200 ᠢᠯᠡᠭᠦᠦ ᠡᠭᠦᠯᠳᠡᠷ ᠬᠤᠨᠢᠨ ᠤ ᠳᠣᠲᠣᠷ᠎ᠠ ᠥᠭᠡᠬᠦ ᠮᠢᠬᠠᠨ | ᠤ ᠭᠠᠷᠤᠯᠲᠠ ᠪᠠᠷ ᠰᠣᠳᠣ ᠳᠤ ᠣᠷᠣᠳᠠᠭ ᠰᠢᠯᠢᠳᠡᠭ ᠡᠭᠦᠯᠳᠡᠷ ᠤᠨ ᠬᠤᠨᠢ ᠶᠤᠮ᠃ | ᠮᠠᠯ ᠠᠵᠤ ᠠᠬᠤᠢ ᠶᠢᠨ ᠰᠤᠳᠤᠯᠤᠯ ᠤᠨ ᠮᠠᠲ᠋ᠧᠷᠢᠶᠠᠯ ᠢ ᠦᠨᠳᠦᠰᠦᠯᠡᠪᠡᠯ᠄ ︽ᠦᠵᠦᠮᠦᠴᠢᠨ ᠬᠤᠨᠢ ᠪᠣᠯ | ᠪᠡᠶ᠎ᠡ ᠪᠠᠷ ᠪᠦᠳᠦᠭᠦᠨ ᠪᠥᠭᠡᠳ ᠥᠨᠳᠦᠷᠯᠢᠭ᠂ ᠬᠡᠰᠡᠭ ᠦᠵᠦᠮᠦᠴᠢᠨ ᠬᠤᠨᠢᠨ ᠤ ᠬᠠᠪᠢᠷᠭ᠎ᠠ ᠶᠢᠨ ᠶᠠᠰᠤ ᠨᠢ | ᠪᠤᠰᠤᠳ ᠬᠤᠨᠢᠨ ᠠᠴᠠ ᠨᠢᠭᠡ ᠬᠤᠣᠰ ᠢᠯᠡᠭᠦᠦ ᠪᠠᠶᠢᠳᠠᠭ᠃ ᠬᠦᠵᠦᠭᠦᠦ ᠲᠣᠯᠣᠭᠠᠢ ᠨᠢ ᠵᠣᠬᠢᠰᠲᠠᠢ᠂ ᠴᠡᠭᠡᠵᠢ ᠨᠢ | ᠭᠦᠨ ᠪᠥᠭᠡᠳ ᠠᠭᠤᠵᠢᠮ᠂ ᠰᠡᠭᠡᠷ ᠨᠢᠷᠤᠭᠤ ᠨᠢ ᠲᠡᠭᠰᠢᠬᠡᠨ᠂ ᠰᠡᠭᠦᠵᠢ ᠶᠢᠨ ᠬᠡᠰᠡᠭ ᠨᠢ ᠪᠣᠶᠢᠵᠢᠯᠲᠠ ᠰᠠᠶᠢᠲᠠᠢ᠂ | ᠰᠡᠭᠦᠯ ᠨᠢ ᠥᠷᠭᠡᠨ ᠪᠥᠭᠡᠳ ᠵᠤᠵᠠᠭᠠᠨ᠂ ᠬᠥᠨᠳᠡᠯᠡᠨ ᠤᠷᠲᠤᠯᠵᠢᠨ ᠬᠡᠯᠪᠡᠷᠢ ᠲᠠᠢ᠃ ᠬᠡᠰᠡᠭ ᠬᠤᠴᠠ ᠨᠢ ᠡᠪᠡᠷ ᠲᠠᠢ | ᠂ ᠡᠮ᠎ᠡ ᠬᠤᠨᠢᠨ ᠤ ᠣᠯᠠᠩᠬᠢ ᠨᠢ ᠡᠪᠡᠷ ᠦᠭᠡᠢ᠃ ᠁ ᠣᠯᠠᠩᠬᠢ ᠨᠢ ᠬᠠᠷ᠎ᠠ ᠲᠦᠷᠦᠭᠦᠦ᠂ ᠰᠢᠷ᠎ᠠ ᠲᠦᠷᠦᠭᠦᠦ | ᠲᠠᠢ ᠪᠣᠯᠣᠨ᠎ᠠ᠃︾ | ᠪᠦᠳᠦᠭᠦᠨ ᠬᠤᠴᠠ ᠶᠢᠨ ᠪᠡᠶ᠎ᠡ ᠶᠢᠨ ᠬᠦᠨᠳᠦ ᠨᠢ ᠳᠤᠮᠳᠠᠴᠢ ᠪᠠᠷ 70kg᠂ ᠡᠮ᠎ᠡ ᠬᠤᠨᠢᠨ ᠤ ᠪᠡᠶ᠎ᠡ ᠶᠢᠨ | ᠬᠦᠨᠳᠦ ᠨᠢ ᠳᠤᠮᠳᠠᠴᠢ ᠪᠠᠷ 55kg᠂ ᠠᠯᠠᠰᠢᠨ ᠤ ᠨᠣᠷᠮ᠎ᠠ ᠨᠢ 55.8%᠂ ᠥᠭᠡᠬᠦᠨ ᠤ ᠨᠣᠷᠮ᠎ᠠ ᠨᠢ 11. | 2%᠂ ᠴᠤᠯ ᠮᠢᠬᠠᠨ ᠤ ᠨᠣᠷᠮ᠎ᠠ ᠨᠢ 46.7%᠂ ᠦᠷᠡᠵᠢᠯᠲᠡ ᠶᠢᠨ ᠨᠣᠷᠮ᠎ᠠ ᠨᠢ 95% ᠪᠣᠯᠣᠨ᠎ᠠ᠃ ᠪᠦᠳᠦᠭᠦᠨ | ᠬᠤᠴᠠ ᠠᠴᠠ ᠳᠤᠮᠳᠠᠴᠢ ᠪᠠᠷ 2kg ᠨᠣᠣᠰᠣ ᠬᠠᠶᠢᠴᠢᠯᠠᠵᠤ᠂ ᠡᠮ᠎ᠡ ᠬᠤᠨᠢ ᠪᠦᠷᠢ ᠠᠴᠠ ᠲᠡᠭᠰᠢᠳᠬᠡᠭᠡᠳ 1.5kg | ᠨᠣᠣᠰᠣ ᠬᠠᠶᠢᠴᠢᠯᠠᠨ᠎ᠠ᠃ 6 ᠰᠠᠷ᠎ᠠ ᠪᠣᠯᠣᠭᠰᠠᠨ ᠬᠤᠷᠠᠭᠠᠨ ᠤ ᠠᠮᠢᠳᠤ ᠶᠢᠨ ᠬᠦᠨᠳᠦ ᠨᠢ ᠳᠤᠮᠳᠠᠴᠢ ᠪᠠᠷ42.3kg | ᠳᠤ ᠬᠦᠷᠴᠦ᠂ ᠠᠯᠠᠰᠢᠨ ᠤ ᠨᠣᠷᠮ᠎ᠠ ᠨᠢ 49.9% ~ 51% ᠳᠤ ᠬᠦᠷᠦᠨ᠎ᠡ᠃ | ᠦᠵᠦᠮᠦᠴᠢᠨ ᠦᠬᠡᠷ — ᠦᠵᠦᠮᠦᠴᠢᠨ ᠦᠬᠡᠷ ᠪᠣᠯ ᠮᠣᠩᠭᠤᠯ ᠦᠬᠡᠷ ᠤᠨ ᠳᠣᠲᠣᠷᠠᠬᠢ ᠨᠢᠭᠡᠨ ᠣᠷᠣᠨ | ᠨᠤᠲᠤᠭ ᠤᠨ ᠰᠢᠯᠢᠳᠡᠭ ᠡᠭᠦᠯᠳᠡᠷ ᠤᠨ ᠦᠬᠡᠷ ᠮᠥᠨ᠃ ᠳᠠᠷᠤᠢ ᠦᠵᠦᠮᠦᠴᠢᠨ ᠨᠤᠲᠤᠭ ᠤᠨ ᠥᠩ ᠰᠢᠮᠡᠯᠢᠭ ᠤᠰᠤ | ᠪᠡᠯᠴᠢᠭᠡᠷ ᠳᠡᠭᠡᠷ᠎ᠡ ᠠᠳᠡᠬᠢ ᠮᠠᠯᠴᠢᠨ ᠲᠦᠮᠡᠨ ᠣᠷᠳᠣ ᠬᠤᠭᠤᠴᠠᠭ᠎ᠠ ᠦᠬᠡᠷ ᠮᠠᠯᠵᠢᠬᠤ ᠶᠠᠪᠤᠴᠠ ᠳᠠᠭᠠᠨ ᠰᠣᠩᠭᠤᠨ | ᠪᠣᠶᠢᠵᠢᠭᠤᠯᠤᠭᠰᠠᠨ ᠡᠷᠲᠡᠨ ᠤ ᠣᠷᠣᠨ ᠨᠤᠲᠤᠭ ᠤᠨ ᠰᠢᠯᠢᠳᠡᠭ ᠡᠭᠦᠯᠳᠡᠷ ᠪᠣᠯᠣᠨ᠎ᠠ᠃ | ᠦᠵᠦᠮᠦᠴᠢᠨ ᠦᠬᠡᠷ ᠬᠤᠶᠠᠷ ᠦᠵᠦᠮᠦᠴᠢᠨ ᠬᠤᠰᠢᠭᠤᠨ ᠤ ᠥᠷᠭᠡᠨ ᠠᠭᠤᠳᠠᠮ ᠲᠠᠯ᠎ᠠ ᠨᠤᠲᠤᠭ ᠤᠨ | ᠤᠯᠠᠭᠠᠢ ᠰᠧᠶᠠᠯᠵᠢ ᠶᠢᠨ ᠭᠤᠣᠯ᠂ ᠵᠢᠭᠠᠰᠤᠲᠠᠢ ᠢᠨᠵᠠᠭᠠᠨ ᠭᠤᠣᠯ᠂ ᠲᠠᠪᠢᠨ ᠭᠤᠷᠣᠬᠠᠨ ᠭᠤᠣᠯ᠂ ᠰᠢᠵᠢᠷᠲᠢ | ᠪᠠᠯᠭᠠᠷ ᠭᠤᠣᠯ ᠤᠨ ᠤᠷᠤᠰᠬᠠᠯ ᠳᠠᠭᠠᠤ ᠣᠷᠣᠨ ᠢᠶᠠᠷ ᠭᠤᠣᠯ ᠪᠣᠯᠵᠤ᠂ ᠨᠠᠮᠤᠭ ᠴᠢᠬᠢᠭᠯᠢᠭ ᠭᠠᠵᠠᠷ ᠪᠦᠬᠦᠨ ᠢᠶᠠᠷ | ᠨᠡᠶᠢᠳᠡᠮ ᠦᠷᠡᠵᠢᠨ ᠥᠰᠴᠦ ᠪᠠᠶᠢᠳᠠᠭ᠃ | ᠦᠵᠦᠮᠦᠴᠢᠨ ᠦᠬᠡᠷ ᠢ ᠰᠢᠨᠵᠢᠯᠡᠬᠦ ᠤᠬᠠᠭᠠᠨᠴᠢ ᠬᠢᠨᠠᠨ ᠲᠣᠭᠲᠠᠭᠠᠭᠰᠠᠨ ᠮᠠᠲ᠋ᠧᠷᠢᠶᠠᠯ ᠠᠴᠠ ᠦᠵᠡᠪᠡᠯ᠂ | ᠳᠤᠮᠳᠠ ᠶᠢᠨ ᠪᠡᠶ᠎ᠡ ᠲᠠᠢ᠂ ᠭᠤᠣᠯ ᠪᠡᠶ᠎ᠡ ᠨᠢ ᠭᠦᠨ ᠥᠷᠭᠡᠨ ᠪᠥᠭᠡᠳ ᠤᠷᠳᠤ᠂ ᠴᠡᠭᠡᠵᠢ ᠨᠢ ᠪᠦᠳᠦᠭᠦᠨ᠂ | ᠳᠥᠷᠪᠡᠨ ᠮᠥᠴᠢ ᠪᠣᠭᠤᠨᠢ᠂ ᠲᠣᠯᠣᠭᠠᠢ ᠪᠦᠳᠦᠭᠦᠨ᠂ ᠬᠥᠮᠥᠭᠡᠷ ᠡᠪᠡᠷ ᠲᠠᠢ᠂ ᠰᠢᠷᠪᠡᠭᠡ ᠳᠣᠣᠷ᠎ᠠ᠂ ᠣᠮᠣᠷᠤᠤ ᠪᠠᠭ᠎ᠠ | ᠂ ᠴᠡᠭᠡᠵᠢ ᠭᠦᠨ ᠪᠥᠭᠡᠳ ᠥᠷᠭᠡᠨ᠂ ᠬᠠᠪᠢᠷᠭ᠎ᠠ ᠰᠠᠷᠪᠠᠭᠠᠷ᠂ ᠪᠥᠭᠰᠡᠨ ᠪᠡᠶ᠎ᠡ ᠢᠪᠴᠤᠤ᠂ ᠲᠠᠰᠢᠶ᠎ᠠ ᠨᠠᠯᠠᠤ᠂ ᠳᠡᠯᠡᠩ | ᠥᠷᠭᠡᠨ ᠶᠡᠭᠡ᠂ ᠭᠦᠬᠦᠨ ᠲᠣᠪᠴᠢ ᠵᠢᠵᠢᠭ ᠪᠠᠶᠢᠳᠠᠭ᠃ ᠥᠩᠭᠡ ᠵᠢᠰᠦᠮ ᠨᠢ ᠨᠡᠯᠢᠶᠡᠳ ᠣᠯᠠᠨ᠃ ᠬᠠᠷ᠎ᠠ᠂ | ᠤᠯᠠᠭᠠᠨ ᠭᠤᠣᠯ ᠪᠣᠯᠵᠤ᠂ ᠬᠠᠯᠢᠭᠤᠨ᠂ ᠬᠦᠷᠡᠩ᠂ ᠬᠥᠬᠡ ᠴᠠᠭᠠᠨ᠂ ᠲᠠᠷᠯᠠᠨ᠂ ᠠᠯᠠᠭ ᠪᠦᠷ ᠪᠠᠶᠢᠳᠠᠭ᠃ | ᠪᠤᠬᠠᠨ ᠤ ᠪᠡᠶ᠎ᠡ ᠶᠢᠨ ᠳᠤᠮᠳᠠᠴᠢ ᠥᠨᠳᠥᠷ ᠨᠢ 116.93cm᠂ ᠳᠤᠮᠳᠠᠴᠢ ᠤᠷᠲᠤ ᠨᠢ 114.67cm | ᠂ ᠴᠡᠭᠡᠵᠢᠨ ᠪᠦᠰᠡᠯᠡᠭᠦᠷ ᠨᠢ182.27cm᠂ ᠰᠢᠯᠪᠢ ᠶᠢᠨ ᠪᠦᠰᠡᠯᠡᠭᠦᠷ 18.37cm᠂ ᠪᠡᠶ᠎ᠡ ᠶᠢᠨ ᠬᠦᠨᠳᠦ ᠨᠢ | ᠳᠤᠮᠳᠠᠴᠢ ᠪᠠᠷ 475kg ᠪᠠᠶᠢᠵᠤ᠂ ᠦᠨᠢᠶ᠎ᠡ ᠶᠢᠨ ᠳᠤᠮᠳᠠᠴᠢ ᠪᠡᠶ᠎ᠡ ᠶᠢᠨ ᠥᠨᠳᠥᠷ ᠨᠢ 112.1cm᠂ ᠤᠷᠲᠤ | ᠨᠢ 135.30 cm᠂ ᠰᠢᠯᠪᠢ ᠶᠢᠨ ᠪᠦᠰᠡᠯᠡᠭᠦᠷ ᠨᠢ 16cm᠂ ᠪᠡᠶ᠎ᠡ ᠶᠢᠨ ᠬᠦᠨᠳᠦ ᠨᠢ 370kg ᠪᠠᠶᠢᠳᠠᠭ᠃ | ᠵᠤᠨ ᠤ ᠤᠯᠠᠷᠢᠯ ᠤᠨ ᠰᠦᠨ ᠭᠠᠷᠤᠯᠲᠠ ᠨᠢ 450kg ᠪᠠᠶᠢᠵᠤ᠂ ᠰᠦᠨ ᠲᠣᠰᠣᠯᠢᠭ ᠨᠢ 4% ᠠᠴᠠ ᠳᠡᠭᠡᠭᠰᠢ ᠶᠢ | ᠡᠵᠡᠯᠡᠨ᠎ᠡ᠃ ᠨᠠᠰᠤ ᠭᠦᠢᠴᠡᠭᠰᠡᠨ ᠡᠷ᠎ᠡ ᠦᠬᠡᠷ ᠤᠨ ᠠᠯᠠᠰᠢᠨ ᠨᠣᠷᠮ᠎ᠠ 53.7%᠂ ᠥᠭᠡᠬᠦ ᠨᠢ 4.1% ᠪᠠᠶᠢᠳᠠᠭ | ᠪᠠᠶᠢᠵᠠᠢ᠃ | ᠦᠵᠦᠮᠦᠴᠢᠨ ᠦᠨᠢᠶᠡᠨ ᠤ ᠵᠢᠯ ᠤᠨ ᠦᠷᠡᠵᠢᠯᠲᠡ ᠶᠢᠨ ᠨᠣᠷᠮ᠎ᠠ 160% ᠭᠠᠷᠤᠢ ᠪᠣᠯᠳᠠᠭ ᠪᠥᠭᠡᠳ ᠨᠢᠭᠡ | ᠨᠠᠰᠤᠨ ᠳᠠᠭᠠᠨ 8 ~10 ᠲᠤᠭᠤᠯᠯᠠᠬᠤ ᠴᠢᠳᠠᠪᠤᠷᠢ ᠲᠠᠢ᠃ ᠵᠠᠷᠢᠮ ᠪᠢᠷᠠᠭᠤᠨ ᠭᠤᠨᠵᠢ ᠪᠠᠰᠠ ᠦᠷᠡᠵᠢᠳᠡᠭ᠃ | ᠦᠵᠦᠮᠦᠴᠢᠨ ᠦᠬᠡᠷ ᠠᠳᠡᠬᠢ ᠡᠬᠡ ᠪᠠᠶᠢᠭᠠᠯᠢ ᠳᠠᠭᠠᠨ ᠵᠣᠬᠢᠴᠠᠬᠤ ᠴᠢᠨᠠᠷ ᠢᠶᠠᠷ ᠰᠠᠶᠢᠨ᠂ ᠬᠦᠢᠲᠡᠨ ᠳᠤ | ᠲᠡᠰᠪᠦᠷᠢ ᠲᠠᠢ᠂ ᠬᠠᠯᠠᠭᠤᠨ ᠳᠤ ᠳᠠᠭᠠᠭᠠᠴᠠ ᠲᠠᠢ᠂ ᠪᠦᠳᠦᠭᠦᠯᠢᠭ ᠪᠡᠯᠴᠢᠭᠡᠷ ᠤᠨ ᠢᠳᠡᠰᠢ ᠲᠠᠢ᠂ ᠪᠡᠶ᠎ᠡ ᠬᠦᠳᠡᠷ | ᠴᠢᠭᠢᠷᠠᠭ᠂ ᠡᠪᠡᠳᠴᠢᠨ ᠭᠡᠮ ᠢ ᠡᠰᠡᠷᠭᠦᠴᠡᠬᠦ ᠪᠠᠷ ᠰᠠᠶᠢᠨ᠂ ᠪᠠᠶᠢᠭᠠᠯᠢ ᠶᠢᠨ ᠭᠠᠮᠰᠢᠭ ᠵᠤᠳ ᠢ ᠳᠠᠭᠠᠭᠠᠵᠤ | ᠰᠦᠷᠦᠭᠯᠡᠨ ᠪᠡᠯᠴᠢᠭᠡᠷᠯᠡᠨ ᠮᠠᠯᠵᠢᠬᠤ ᠳᠠᠭᠠᠨ ᠵᠣᠬᠢᠴᠠᠭᠰᠠᠨ ᠪᠠᠶᠢᠳᠠᠭ ᠪᠥᠭᠡᠳ ᠮᠢᠬ᠎ᠠ ᠰᠦᠨ ᠤ ᠬᠤᠣᠰ | ᠬᠡᠷᠡᠭᠴᠡᠭᠡᠲᠦ ᠦᠬᠡᠷ ᠪᠣᠯᠣᠨ᠎ᠠ᠃ ᠦᠵᠦᠮᠦᠴᠢᠨ ᠦᠬᠡᠷ ︽ᠳᠡᠯᠡᠬᠡᠢ ᠶᠢᠨ ᠦᠬᠡᠷ ᠤᠨ ᠡᠭᠦᠯᠳᠡᠷ︾ ᠭᠡᠰᠡᠨ ᠨᠣᠮ | ᠳᠤ ᠲᠤᠰᠬᠠᠢ ᠲᠠᠨᠢᠯᠴᠠᠭᠤᠯᠤᠭᠳᠡᠭ᠌ᠰᠠᠨ ᠪᠠᠶᠢᠳᠠᠭ ᠶᠤᠮ᠃ | ᠦᠵᠦᠮᠦᠴᠢᠨ ᠠᠳᠤᠭᠤ — ᠦᠵᠦᠮᠦᠴᠢᠨ ᠠᠳᠤᠭᠤ ᠪᠣᠯ ᠠᠳᠡᠬᠢ ᠤᠰᠤ ᠪᠡᠯᠴᠢᠭᠡᠷ ᠲᠡᠭᠡᠨ ᠵᠣᠬᠢᠴᠠᠵᠤ | ᠦᠷᠡᠵᠢᠵᠦ ᠪᠣᠶᠢᠵᠢᠭᠰᠠᠨ ᠡᠷᠲᠡᠨ ᠤ ᠡᠭᠦᠯᠳᠡᠷ ᠤᠨ ᠠᠳᠤᠭᠤ᠂ ᠮᠣᠩᠭᠤᠯ ᠠᠳᠤᠭᠤᠨ ᠤ ᠳᠣᠲᠣᠷᠠᠬᠢ ᠪᠠᠰᠠ ᠨᠢᠭᠡ | ᠣᠷᠣᠨ ᠨᠤᠲᠤᠭ ᠤᠨ ᠰᠢᠯᠢᠳᠡᠭ ᠡᠭᠦᠯᠳᠡᠷ ᠪᠣᠯᠣᠨ᠎ᠠ᠃ | ᠦᠵᠦᠮᠦᠴᠢᠨ ᠠᠳᠤᠭᠤᠨ ᠤ ᠥᠩᠭᠡ ᠵᠢᠰᠦᠮ ᠨᠢ ᠣᠯᠠᠨ᠂ ᠬᠤᠶᠢᠲᠤ ᠪᠡᠶ᠎ᠡ ᠶᠢᠨ ᠣᠷᠣᠨ ᠢᠶᠠᠷ ᠨᠢ ᠴᠠᠭᠠᠨ | ᠵᠢᠰᠦᠮ ᠤᠨ ᠠᠳᠤᠭᠤ ᠭᠤᠣᠯ ᠲᠠᠢ᠂ ᠡᠮᠦᠨ᠎ᠡ ᠪᠡᠶ᠎ᠡ ᠶᠢᠨ ᠠᠭᠤᠯᠠᠷᠬᠠᠭ ᠭᠠᠵᠠᠷ ᠤᠨ ᠠᠳᠤᠭᠤ ᠶᠢ ᠬᠠᠷ᠎ᠠ ᠬᠡᠭᠡᠷ | ᠬᠦᠷᠡᠩ ᠪᠠ ᠬᠤᠯᠠ ᠵᠢᠰᠦᠮ ᠨᠢ ᠠᠷᠪᠢᠨ᠃ ᠨᠡᠶᠢᠳᠡᠮ ᠳᠡᠭᠡᠨ ᠪᠠᠰᠠ ᠠᠯᠠᠭ ᠴᠣᠬᠤᠷ ᠵᠢᠰᠦᠮ ᠤᠨ ᠬᠢ ᠬᠡᠰᠡᠭ | ᠬᠡᠰᠡᠭ ᠪᠠᠶᠢᠳᠠᠭ᠃ ᠤᠭ ᠤᠨ ᠦᠵᠦᠮᠦᠴᠢᠨ ᠵᠡᠭᠦᠨ ᠭᠠᠷ ᠪᠠᠶᠢᠯ᠎ᠠ ᠶᠢᠨ ᠬᠤᠰᠢᠭᠤᠨ ᠤ ᠠᠳᠤᠭᠤᠨ ᠳᠤ ᠵᠢᠷᠤᠭ᠎ᠠ | ᠮᠣᠷᠢ ᠶᠡᠭᠡ ᠭᠠᠷᠳᠠᠭ᠃ | ᠦᠵᠦᠮᠦᠴᠢᠨ ᠠᠳᠤᠭᠤᠨ ᠤ ᠪᠡᠶ᠎ᠡ ᠪᠦᠳᠦᠭᠦᠨ᠂ ᠳᠡᠯ ᠰᠡᠭᠦᠯ ᠠᠭᠰᠢᠭᠤᠨ᠂ ᠮᠤᠨᠳᠠᠭ᠎ᠠ ᠥᠨᠳᠥᠷ᠂ ᠴᠡᠭᠡᠵᠢ | ᠥᠷᠭᠡᠨ ᠮᠥᠷᠲᠡᠭᠡᠨ ᠭᠦᠨ᠂ ᠲᠠᠰᠢᠶ᠎ᠠ ᠰᠠᠷᠪᠠᠩ᠂ ᠪᠣᠷᠪᠢ ᠪᠣᠰᠤᠭ᠎ᠠ᠂ ᠨᠢᠳᠦ ᠬᠤᠷᠴᠠ᠂ ᠴᠢᠬᠢ ᠰᠣᠷᠭᠤᠭ᠂ | ᠠᠭᠤᠯᠠᠷᠬᠠᠭ ᠣᠷᠣᠨ ᠤ ᠠᠳᠤᠭᠤ ᠨᠢ ᠲᠤᠭᠤᠷᠠᠢ ᠬᠠᠲᠠᠭᠤ ᠵᠡᠷᠭᠡ ᠣᠨᠴᠠᠯᠢᠭ ᠲᠠᠢ᠃ ᠪᠣᠳᠠᠲᠠᠢ ᠬᠡᠮᠵᠢᠯᠲᠡ ᠶᠢᠨ | ᠮᠠᠲ᠋ᠧᠷᠢᠶᠠᠯ ᠠᠴᠠ ᠦᠵᠡᠬᠦ ᠳᠤ᠂ ᠠᠵᠢᠷᠭ᠎ᠠ ᠶᠢᠨ ᠳᠤᠮᠳᠠᠴᠢ ᠪᠡᠶ᠎ᠡ ᠶᠢᠨ ᠥᠨᠳᠥᠷ ᠨᠢ 134.8cm᠂ ᠤᠷᠲᠤ ᠨᠢ | 142.8cm᠂ ᠴᠡᠭᠡᠵᠢᠨ ᠪᠦᠰᠡᠯᠡᠭᠦᠷ ᠨᠢ 165.7cm᠂ ᠰᠢᠯᠪᠢ ᠶᠢᠨ ᠪᠦᠰᠡᠯᠡᠭᠦᠷ ᠨᠢ 18.8cm ᠪᠠᠶᠢᠵᠤ᠂ | ᠪᠡᠶ᠎ᠡ ᠶᠢᠨ ᠬᠦᠨᠳᠦ ᠨᠢ 374kg ᠪᠣᠯᠣᠨ᠎ᠠ᠃ ᠭᠡᠭᠦᠦ ᠶᠢᠨ ᠳᠤᠮᠳᠠᠴᠢ ᠪᠡᠶ᠎ᠡ ᠶᠢᠨ ᠥᠨᠳᠥᠷ ᠨᠢ 127cm᠂ | ᠤᠷᠲᠤ ᠨᠢ 139cm᠂ ᠤᠷᠲᠤ ᠨᠢ139cm᠂ ᠴᠡᠭᠡᠵᠢᠨ ᠪᠦᠰᠡᠯᠡᠭᠦᠷ ᠨᠢ 164.3cm᠂ ᠰᠢᠯᠪᠢ ᠶᠢᠨ | ᠪᠦᠰᠡᠯᠡᠭᠦᠷ ᠨᠢ 17.6cm ᠪᠠᠶᠢᠵᠤ᠂ ᠪᠡᠶ᠎ᠡ ᠶᠢᠨ ᠬᠦᠨᠳᠦ ᠨᠢ 364kg ᠪᠣᠯᠣᠨ᠎ᠠ᠃ ᠵᠠᠷᠢᠮ ᠳᠠᠭᠠᠨ ᠲᠠᠭ᠎ᠠ | ᠳᠡᠭᠡᠷ᠎ᠡ ᠪᠠᠨ ᠦᠷᠡᠵᠢᠬᠦ ᠴᠢᠳᠠᠪᠤᠷᠢ ᠲᠠᠢ ᠪᠣᠯᠵᠤ᠂ ᠰᠢᠳᠦᠯᠡᠩ ᠪᠠᠶᠢᠳᠠᠰᠤ ᠳᠠᠭᠠᠨ ᠤᠨᠠᠭᠠᠯᠠᠳᠠᠭ ᠪᠣᠢ᠃ | ᠦᠵᠦᠮᠦᠴᠢᠨ ᠠᠳᠤᠭᠤ ᠤᠨᠤᠬᠤ ᠳᠤ ᠬᠠᠮᠤᠭ ᠤᠨ ᠲᠣᠬᠢᠷᠠᠮᠵᠢ ᠲᠠᠢ᠂ ᠴᠢᠳᠠᠯ ᠶᠡᠭᠡ᠂ ᠭᠦᠶᠦᠳᠡᠯ ᠬᠤᠷᠳᠤᠨ | ᠂ ᠠᠷᠭᠠᠮᠵᠢᠶ᠎ᠠ ᠳᠤ ᠳᠠᠭᠠᠭᠠᠴᠠᠲᠠᠢ᠃ 3200 m ᠤᠨ ᠵᠠᠢ ᠲᠠᠢ ᠭᠠᠵᠠᠷ ᠢ 5 ᠮᠢᠨᠦ᠋ᠲ 12 ᠰᠧᠺᠦᠨ᠋ᠳ᠋ ᠲᠤ | ᠭᠦᠶᠦᠵᠦ ᠢᠷᠡᠳᠡᠭ᠃ ᠵᠢᠳᠬᠦᠬᠦ ᠬᠦᠴᠦ ᠨᠢ 2682kg ᠪᠠᠶᠢᠳᠠᠭ ᠭᠡᠳᠡᠭ᠃ ᠡᠳᠦᠷ ᠲᠤ300 ~500 ᠭᠠᠵᠠᠷ | ᠤᠨ ᠠᠯᠤᠰ ᠤᠨ ᠠᠶᠠᠨ ᠵᠠᠮ ᠢ ᠲᠤᠭᠤᠯᠵᠤ ᠴᠢᠳᠠᠳᠠᠭ ᠪᠠᠶᠢᠨ᠎ᠠ᠃ ᠥᠭᠡᠷ᠎ᠡ ᠪᠠᠷ ᠬᠡᠯᠡᠪᠡᠯ ᠰᠢᠯᠢ ᠶᠢᠨ ᠬᠤᠲᠠ ᠠᠴᠠ | ᠡᠳᠦᠷ ᠲᠡᠭᠡᠨ ᠪᠠᠷᠠᠭᠤᠨ ᠦᠵᠦᠮᠦᠴᠢᠨ ᠬᠤᠰᠢᠭᠤᠨ ᠤ ᠬᠠᠨ ᠠᠭᠤᠯᠠ ᠰᠤᠮᠤᠨ ᠳᠤ ᠬᠦᠷᠴᠦ ᠪᠠᠶᠢᠭᠰᠠᠨ ᠮᠣᠷᠢᠳ | ᠲᠡᠦᠬᠡᠨ ᠳᠤ ᠪᠠᠶᠢᠵᠠᠢ᠃ | ᠦᠵᠦᠮᠦᠴᠢᠨ ᠢᠮᠠᠭ᠎ᠠ — ᠦᠵᠦᠮᠦᠴᠢᠨ ᠢᠮᠠᠭ᠎ᠠ ᠪᠣᠯ ᠰᠢᠯᠢ ᠶᠢᠨ ᠭᠤᠣᠯ ᠤᠨ ᠢᠮᠠᠭᠠᠨ ᠤ ᠭᠤᠣᠯ | ᠪᠦᠷᠢᠯᠳᠦᠬᠦᠨ ᠮᠥᠨ᠃ ᠡᠷᠲᠡᠨ ᠤ ᠮᠣᠩᠭᠤᠯ ᠤᠨ ᠲᠠᠪᠤᠨ ᠬᠤᠰᠢᠭᠤ ᠮᠠᠯ ᠤᠨ ᠨᠢᠭᠡ ᠲᠥᠷᠥᠯ᠂ ᠣᠷᠣᠨ ᠨᠤᠲᠤᠭ | ᠤᠨ ᠰᠢᠯᠢᠳᠡᠭ ᠡᠭᠦᠯᠳᠡᠷ ᠤᠨ ᠮᠠᠯ ᠪᠣᠯᠣᠨ᠎ᠠ᠃ ᠮᠢᠬ᠎ᠠ ᠨᠣᠯᠤᠤᠷ ᠰᠦ ᠠᠷᠠᠰᠤ ᠶᠢᠨ ᠣᠯᠠᠨ ᠲᠠᠯ᠎ᠠ ᠶᠢᠨ ᠬᠡᠷᠡᠭᠴᠡᠭᠡ | ᠲᠠᠢ᠃ ᠦᠵᠦᠮᠦᠴᠢᠨ ᠤ ᠠᠭᠤᠯᠠ ᠬᠢᠩᠭ᠎ᠠ ᠶᠡᠭᠡ ᠭᠠᠵᠠᠷ ᠢᠶᠠᠷ ᠲᠣᠩ ᠡᠯᠪᠡᠭ ᠥᠰᠴᠦ ᠦᠷᠡᠵᠢᠳᠡᠭ᠃ ᠡᠶᠢᠮᠦ | ᠠᠴᠠ ᠲᠡᠭᠦᠨ ᠢ ᠪᠠᠰᠠ ︽ᠬᠢᠩᠭ᠎ᠠ ᠢᠮᠠᠭ᠎ᠠ︾ ᠭᠡᠵᠦ ᠪᠠᠰᠠ ᠨᠡᠷᠡᠯᠡᠳᠡᠭ᠃ ᠣᠷᠣᠨ ᠨᠤᠲᠤᠭ ᠲᠠᠭᠠᠨ ᠵᠣᠬᠢᠴᠠᠵᠤ᠂ | ᠥᠰᠦᠯᠲᠡ ᠪᠠᠷ ᠲᠦᠷᠭᠡᠨ᠂ ᠭᠠᠷᠤᠯᠲᠠ ᠪᠠᠷ ᠪᠠᠶᠠᠯᠢᠭ᠂ ᠦᠷ᠎ᠡ ᠠᠰᠢᠭ ᠥᠨᠳᠥᠷ᠂ ᠮᠠᠯᠵᠢᠬᠤ ᠳᠤ ᠠᠮᠠᠷᠬᠠᠨ | ᠪᠠᠶᠢᠳᠠᠭ ᠢᠶᠠᠷ ᠨᠢ ᠲᠤᠰ ᠨᠤᠲᠤᠭ ᠤᠨ ᠬᠢᠨ ︽ᠶᠠᠭᠠᠷᠠᠭᠰᠠᠨ ᠬᠥᠮᠥᠨ ᠢᠮᠠᠭ᠎ᠠ ᠲᠡᠵᠢᠭᠡ︕︾ ᠭᠡᠯᠴᠡᠳᠡᠭ᠃ | ᠦᠵᠦᠮᠦᠴᠢᠨ ᠢᠮᠠᠭᠠᠨ ᠤ ᠥᠩᠭᠡ ᠵᠢᠰᠦ ᠨᠢ ᠪᠠᠰᠠ ᠣᠯᠠᠨ᠂ ᠲᠡᠭᠦᠨ ᠳᠤ ᠴᠠᠭᠠᠨ ᠴᠡᠩᠬᠡᠷ ᠵᠢᠰᠦᠮ ᠨᠢ | ᠭᠤᠣᠯ ᠪᠣᠯᠵᠤ᠂ ᠬᠠᠷ᠎ᠠ ᠬᠥᠬᠡ ᠤᠷᠠᠭ᠂ ᠠᠯᠠᠭ᠂ ᠴᠣᠬᠤᠷ ᠵᠡᠷᠭᠡ ᠪᠤᠰᠤᠳ ᠵᠢᠰᠦᠮ ᠴᠦ ᠪᠠᠭ᠎ᠠ ᠪᠤᠰᠤ ᠪᠠᠶᠢᠳᠠᠭ᠃ | ᠦᠵᠦᠮᠦᠴᠢᠨ ᠢᠮᠠᠭ᠎ᠠ ᠪᠡᠶ᠎ᠡ ᠪᠦᠳᠦᠭᠦᠨ ᠴᠢᠭᠢᠷᠠᠭ᠂ ᠪᠠᠶᠢᠭᠠᠯᠢ ᠳᠠᠭᠠᠨ ᠵᠣᠬᠢᠴᠠᠬᠤ ᠴᠢᠨᠠᠷ ᠢᠶᠠᠷ ᠴᠢᠩᠭ᠎ᠠ᠂ | ᠠᠭᠤᠯᠠ ᠬᠢᠩᠭ᠎ᠠ ᠮᠠᠩᠬ᠎ᠠ ᠡᠯᠡᠰᠦ ᠶᠢᠨ ᠪᠦᠳᠦᠭᠦᠯᠢᠭ ᠪᠡᠯᠴᠢᠭᠡᠷ᠂ ᠣᠨᠴᠤᠭᠤᠶᠢᠯᠠᠨ ᠬᠠᠳᠠ ᠰᠤᠪᠠᠭ ᠲᠤ | ᠬᠠᠷᠢᠭᠤᠯᠤᠨ ᠮᠠᠯᠵᠢᠬᠤ ᠳᠤ ᠰᠠᠶᠢᠨ ᠪᠠᠶᠢᠳᠠᠭ᠃ ᠡᠪᠡᠳᠴᠢᠨ ᠭᠡᠮ ᠳᠤ ᠨᠡᠷᠪᠡᠭᠳᠡᠬᠦ ᠨᠢ ᠬᠤᠪᠣᠷ᠂ ᠬᠦᠢᠲᠡᠨ ᠳᠤ | ᠪᠡᠭᠡᠷᠡᠭ ᠰᠢᠭ ᠪᠣᠯᠪᠠᠴᠤ ᠲᠡᠵᠢᠭᠡᠯᠭᠡ ᠠᠪᠬᠤ ᠨᠢ ᠪᠤᠰᠤᠳ ᠮᠠᠯ ᠠᠴᠠ ᠲᠦᠷᠭᠡᠨ ᠪᠠᠶᠢᠳᠠᠭ᠃ | ᠦᠵᠦᠮᠦᠴᠢᠨ ᠢᠮᠠᠭ᠎ᠠ ᠶᠢ ᠬᠢᠨᠠᠨ ᠲᠣᠭᠲᠠᠭᠠᠭᠰᠠᠨ ᠪᠠᠷᠢᠮᠵᠢᠶ᠎ᠠ ᠠᠴᠠ ᠦᠵᠡᠪᠡᠯ ᠤᠬᠤᠨ᠎ᠠ ᠶᠢᠨ ᠳᠤᠮᠳᠠᠴᠢ | ᠪᠡᠶ᠎ᠡ ᠶᠢᠨ ᠥᠨᠳᠥᠷ ᠨᠢ 78cm᠂ ᠤᠷᠲᠤ ᠨᠢ 70cm᠂ ᠬᠦᠨᠳᠦ ᠨᠢ 50kg᠂ ᠨᠣᠯᠤᠤᠷ ᠨᠢ 0.75kg᠂ | ᠡᠮ᠎ᠡ ᠢᠮᠠᠭ᠎ᠠ ᠨᠢ ᠤᠬᠤᠨ᠎ᠠ ᠠᠴᠠ ᠨᠡᠯᠢᠶᠡᠳ ᠪᠠᠭ᠎ᠠ᠃ | ᠨᠣᠯᠤᠤᠷ ᠤᠨ ᠭᠠᠷᠤᠯᠲᠠ ᠨᠢ 0.4kg᠂ ᠰᠦᠨ ᠭᠠᠷᠤᠯᠲᠠ ᠨᠢ 0.15kg᠂ ᠦᠷᠡᠵᠢᠯᠲᠡ ᠶᠢᠨ ᠨᠣᠷᠮ᠎ᠠ | ᠨᠢ 150% ~160%᠂ ᠠᠯᠠᠰᠢ ᠶᠢᠨ ᠨᠣᠷᠮ᠎ᠠ ᠨᠢ 42% ~ 45%᠂ ᠳᠣᠲᠣᠷ᠎ᠠ ᠥᠭᠡᠬᠦᠨ ᠤ ᠨᠣᠷᠮ᠎ᠠ | ᠨᠢ8 % ~ 9% ᠪᠣᠯᠣᠨ᠎ᠠ᠃ | ᠦᠵᠦᠮᠦᠴᠢᠨ ᠳᠤ ᠢᠮᠠᠭ᠎ᠠ ᠶᠢ ᠵᠤᠨ ᠳᠠᠭᠠᠨ 45 ~50 ᠬᠤᠨᠤᠭ ᠬᠤᠯᠪᠣᠵᠤ ᠰᠠᠭᠠᠳᠠᠭ ᠪᠠᠶᠢᠵᠠᠢ᠃ ᠰᠦ | ᠪᠠᠷ ᠲᠣᠩ ᠡᠯᠪᠡᠭ ᠠᠮᠢᠲᠠᠨ ᠪᠣᠯᠣᠨ᠎ᠠ᠃ ᠢᠮᠠᠭᠠᠨ ᠰᠦ ᠭᠤᠣᠯ ᠨᠢ ᠠᠶᠢᠷᠠᠭ ᠪᠠᠷᠢᠬᠤ ᠶᠢᠨ ᠭᠤᠣᠯ ᠲᠦᠭᠦᠬᠡᠢ ᠡᠳ᠋ | ᠪᠣᠯᠣᠨ᠎ᠠ᠃ | ᠲᠡᠮᠡᠭᠡ — ᠦᠵᠦᠮᠦᠴᠢᠨ ᠳᠤ ᠲᠡᠮᠡᠭᠡ ᠪᠤᠰᠤᠳ ᠭᠠᠵᠠᠷ ᠠᠴᠠ ᠴᠥᠭᠡᠨ ᠪᠠᠶᠢᠳᠠᠭ᠃ ᠭᠡᠪᠡᠴᠦ ᠦᠵᠦᠮᠦᠴᠢᠨ | ᠤ ᠲᠡᠮᠡᠭᠡ ᠪᠡᠶ᠎ᠡ ᠪᠦᠳᠦᠭᠦᠨ ᠨᠣᠣᠰᠣ ᠶᠡᠭᠡ᠂ ᠵᠤᠳ ᠲᠤ ᠳᠠᠭᠠᠭᠠᠴᠠᠲᠠᠢ᠂ ᠦᠵᠡᠮᠵᠢ ᠭᠤᠶᠣ ᠪᠠᠶᠢᠵᠤ᠂ | ᠦᠵᠦᠮᠦᠴᠢᠨ ᠤ ᠲᠠᠪᠤᠨ ᠬᠤᠰᠢᠭᠤ ᠮᠠᠯ ᠢ ᠢᠵᠢ ᠪᠦᠷᠢᠯᠳᠦᠭᠦᠯᠦᠭᠰᠡᠨ ᠪᠠᠶᠢᠨ᠎ᠠ᠃ | ᠦᠵᠦᠮᠦᠴᠢᠨ ᠤ ᠲᠠᠪᠤᠨ ᠬᠤᠰᠢᠭᠤ ᠮᠠᠯ ᠤᠷᠲᠤ ᠬᠤᠭᠤᠴᠠᠭ᠎ᠠ ᠪᠠᠷ ᠦᠵᠦᠮᠦᠴᠢᠨ ᠤ ᠪᠠᠶᠢᠭᠠᠯᠢ ᠶᠢᠨ | ᠪᠣᠳᠠᠲᠤ ᠨᠥᠬᠦᠴᠡᠯ᠂ ᠮᠠᠯᠵᠢᠯ ᠤᠨ ᠠᠷᠭ᠎ᠠ ᠪᠠᠷᠢᠯ᠂ ᠦᠢᠯᠡᠳᠪᠦᠷᠢᠯᠡᠯ ᠬᠦᠴᠦᠨ ᠤ ᠬᠥᠭᠵᠢᠯᠲᠡ ᠶᠢᠨ ᠬᠢᠷᠢ ᠬᠡᠮᠵᠢᠶ᠎ᠡ | ᠳᠤᠨᠢ ᠲᠣᠬᠢᠷᠠᠵᠤ᠂ ᠬᠥᠮᠥᠨ ᠠᠷᠠᠳ ᠤᠨ ᠬᠢᠨᠢ ᠠᠵᠤ ᠠᠬᠤᠢ ᠶᠢᠨ ᠰᠠᠭᠤᠷᠢ ᠪᠣᠳᠠᠰ ᠤᠨ ᠠᠮᠢᠳᠤᠷᠠᠯ ᠤᠨ ᠬᠢᠨᠢ | ᠴᠢᠨᠡᠭᠡᠯᠢᠭ ᠪᠠᠶᠠᠯᠢᠭ ᠤᠨ ᠦᠨᠳᠦᠰᠦ ᠪᠣᠯᠣᠭᠰᠠᠨ ᠠᠴᠠ ᠬᠤᠷᠸ᠎ᠠ ᠶᠢᠨ ᠲᠡᠦᠬᠡᠨ ᠳᠤ ︽ᠦᠵᠦᠮᠦᠴᠢᠨ ᠪᠠᠶᠠᠨ︾ | ᠭᠡᠳᠡᠭ ᠰᠠᠶᠢᠬᠠᠨ ᠠᠯᠳᠠᠷ ᠢ ᠳᠠᠭᠤᠷᠢᠰᠬᠠᠵᠠᠢ᠃ | ᠭᠤᠷᠪᠠ᠂ ᠦᠵᠦᠮᠦᠴᠢᠨ ᠮᠣᠩᠭᠤᠯᠴᠤᠳ ᠮᠠᠯ ᠠᠵᠤ ᠠᠬᠤᠢ ᠶᠢ ᠡᠵᠡᠩᠨᠡᠬᠦ ᠶᠠᠪᠤᠴᠠ ᠳᠠᠭᠠᠨ ᠲᠠᠪᠤᠨ | ᠬᠤᠰᠢᠭᠤ ᠮᠠᠯ ᠢ ᠥᠪᠡᠷᠮᠢᠴᠡ ᠣᠨᠴᠠᠯᠢᠭ ᠴᠢᠳᠠᠪᠬᠢ ᠳᠤᠨᠢ ᠲᠣᠬᠢᠷᠠᠭᠤᠯᠵᠤ ᠲᠤᠰ ᠲᠤᠰ ᠲᠤᠨᠢ ᠠᠰᠢᠭᠯᠠᠨ᠂ ᠠᠳᠠᠯᠢ | ᠦᠭᠡᠢ ᠦᠢᠯᠡᠳᠪᠦᠷᠢᠯᠡᠯ ᠠᠮᠢᠳᠤᠷᠠᠯ ᠤᠨ ᠬᠡᠷᠡᠭᠴᠡᠭᠡᠨ ᠳᠤ ᠵᠣᠬᠢᠴᠠᠭᠤᠯᠤᠨ ᠬᠡᠷᠡᠭᠯᠡᠬᠦ ᠪᠣᠯᠵᠠᠢ᠃ | ᠲᠡᠷᠡ ᠨᠢ᠂ ᠲᠤᠬᠠᠢ ᠶᠢᠨ ᠦᠶ᠎ᠡ ᠳᠡᠭᠡᠨ ᠲᠠᠪᠤᠨ ᠬᠤᠰᠢᠭᠤ ᠮᠠᠯ ᠢ ᠡᠳ᠋ᠯᠡᠵᠦ ᠬᠡᠷᠡᠭᠯᠡᠬᠦ ᠳᠡᠭᠡᠷ᠎ᠡ ᠳᠠᠪᠰᠢᠭᠰᠠᠨ | ᠰᠢᠨᠵᠢᠯᠡᠬᠦ ᠤᠬᠠᠭᠠᠨᠴᠢ ᠬᠡᠷᠡᠭᠴᠡᠭᠡᠨ ᠤ ᠬᠤᠪᠢᠶᠠᠷᠢ ᠪᠣᠯᠣᠭᠰᠠᠨ ᠪᠣᠯᠬᠤᠷ᠂ ᠲᠡᠳᠡᠨ ᠤ ᠤᠷᠲᠤ ᠬᠤᠭᠤᠴᠠᠭᠠᠨ ᠤ | ᠦᠢᠯᠡᠳᠪᠦᠷᠢᠯᠡᠯ ᠠᠮᠢᠳᠤᠷᠠᠯ ᠤᠨ ᠠᠵᠢᠯᠯᠠᠭ᠎ᠠ ᠳᠤᠮᠳᠠ ᠮᠠᠯ ᠬᠥᠷᠥᠩᠭᠡ ᠶᠢ ᠠᠰᠢᠭᠯᠠᠵᠤ ᠬᠡᠷᠡᠭᠯᠡᠵᠦ ᠵᠠᠷᠤᠴᠠᠭᠤᠯᠬᠤ | ᠳᠤ ᠤᠯᠠᠮᠵᠢᠯᠠᠯ ᠬᠡᠪ ᠪᠠᠷᠢᠮᠵᠢᠶ᠎ᠠ ᠪᠣᠯᠵᠤ ᠬᠡᠪᠰᠢᠨ ᠲᠣᠭᠲᠠᠭᠠᠳ᠂ ᠨᠡᠶᠢᠭᠡᠮ ᠤᠨ ᠬᠡᠷᠡᠭᠴᠡᠭᠡᠨ ᠳᠤ ᠲᠠᠬᠢᠨ | ᠪᠠᠷᠢᠮᠲᠠᠯᠠᠭᠳᠠᠨ ᠬᠡᠷᠡᠭᠵᠢᠭᠦᠯᠳᠡᠭ ᠠᠷᠭ᠎ᠠ ᠪᠠᠷᠢᠯ ᠪᠣᠯᠣᠭᠰᠠᠨ ᠪᠠᠶᠢᠨ᠎ᠠ᠃ | 1. ᠦᠵᠦᠮᠦᠴᠢᠨ ᠳᠤ ᠠᠳᠤᠭᠤ ᠶᠢ ᠲᠤᠰᠬᠠᠢ ᠦᠢᠯᠡᠳᠪᠦᠷᠢᠯᠡᠯ᠂ ᠵᠠᠮ ᠨᠡᠪᠲᠡᠷᠡᠯᠭᠡ᠂ ᠳᠠᠶᠢᠨ ᠪᠠᠶᠢᠯᠳᠤᠭᠠᠨ | ᠤ ᠤᠨᠤᠯᠭ᠎ᠠ ᠳᠤ ᠬᠡᠷᠡᠭᠯᠡᠨ᠎ᠡ᠃ ᠡᠶᠢᠮᠦ ᠠᠴᠠ ᠲᠡᠳᠡ ᠠᠳᠤᠭᠤ ᠶᠢ ᠤᠨᠤᠯᠭ᠎ᠠ ᠠᠴᠠ ᠪᠤᠰᠤᠳ ᠲᠥᠷᠥᠯ ᠳᠤ | ᠬᠡᠷᠡᠭᠯᠡᠬᠦ ᠶᠢ ᠴᠡᠭᠡᠷᠯᠡᠳᠡᠭ᠃ ᠮᠣᠷᠢ ᠶᠢ ᠠᠯᠠᠵᠤ ᠢᠳᠡᠬᠦ ᠦᠭᠡᠢ᠂ ᠠᠯᠠᠵᠤ ᠢᠳᠡᠬᠦ ᠶᠢ ︽ᠮᠠᠭᠤ ᠢᠷᠸ᠎ᠠ︾ ᠭᠡᠵᠦ | ᠬᠢᠵᠠᠭᠠᠷᠯᠠᠨ᠎ᠠ᠃ ᠪᠠᠰᠠ ᠮᠣᠷᠢ ᠶᠢ ᠡᠩ ᠤᠨ ᠪᠠᠶᠢᠳᠠᠯ ᠤᠨ ᠳᠣᠣᠷ᠎ᠠ ᠬᠥᠯᠬᠦ ᠦᠭᠡᠢ᠃ ᠬᠥᠯᠬᠦ ᠨᠢ ᠪᠠᠷᠤᠭ | ᠦᠬᠦᠭᠰᠡᠳ ᠢ ᠣᠷᠣᠰᠢᠭᠤᠯᠬᠤ᠂ ᠥᠭᠬᠦ ᠬᠡᠦᠬᠡᠨ ᠢ ᠮᠣᠷᠳᠠᠭᠤᠯᠬᠤ ᠬᠤᠶᠠᠷ ᠲᠤ ᠬᠦᠨᠳᠦᠳᠬᠡᠯ ᠶᠣᠰᠣᠯᠠᠯ ᠤᠨ | ᠡᠭᠦᠳᠡᠨ ᠠᠴᠠ ᠬᠥᠯᠳᠡᠭ ᠪᠠᠶᠢᠵᠠᠢ᠃ | ᠦᠵᠦᠮᠦᠴᠢᠨ ᠳᠤ ᠤᠨᠤᠯᠭ᠎ᠠ ᠳᠤ ᠠᠳᠤᠭᠤ ᠶᠢ ᠲᠤᠰᠬᠠᠶᠢᠵᠢᠭᠤᠯᠤᠨ ᠬᠡᠷᠡᠭᠯᠡᠭᠰᠡᠨ ᠨᠢ ᠮᠣᠷᠢ ᠶᠢᠨ ᠲᠤᠰ | ᠪᠡᠶ᠎ᠡ ᠶᠢᠨ ᠣᠨᠴᠠ ᠬᠡᠷᠡᠭᠴᠡᠭᠡ ᠪᠠ ᠬᠥᠮᠥᠰ ᠤᠨ ᠦᠢᠯᠡᠳᠪᠦᠷᠢᠯᠡᠯ ᠠᠮᠢᠳᠤᠷᠠᠯ ᠤᠨ ᠤᠨᠤᠯᠭ᠎ᠠ ᠶᠢᠨ ᠬᠡᠷᠡᠭᠴᠡᠭᠡ ᠶᠢ | ᠪᠠᠲᠤᠯᠠᠬᠤ ᠴᠢᠬᠤᠯᠠᠴᠢᠯᠠᠭ᠎ᠠ ᠠᠴᠠ ᠪᠣᠯᠣᠭᠰᠠᠨ ᠶᠤᠮ᠃ ᠡᠶᠢᠮᠦ ᠠᠴᠠ ᠦᠵᠦᠮᠦᠴᠢᠨ ᠳᠤ ᠠᠳᠤᠭᠤ ᠶᠢ ᠥᠰᠬᠡᠵᠦ | ᠦᠷᠡᠵᠢᠭᠦᠯᠦᠭᠡᠳ ᠭᠡᠭᠦᠦ ᠶᠢ ᠲᠠᠬᠢᠨ ᠦᠢᠯᠡᠳᠪᠦᠷᠢᠯᠡᠬᠦ ᠳᠤ ᠦᠯᠡᠳᠡᠭᠡᠬᠦ ᠠᠴᠠ ᠭᠠᠳᠠᠨ᠎ᠠ ᠠᠭᠲᠠ ᠪᠠᠷ ᠭᠤᠣᠯ | ᠪᠣᠯᠭᠠᠵᠤ ︵ᠭᠡᠭᠦᠦ ᠳᠠᠭ᠎ᠠ ᠰᠢᠳᠦᠯᠡᠬᠦ ᠶᠢ ᠴᠦ ᠤᠨᠤᠳᠠᠭ︶᠂ ᠮᠣᠷᠢ ᠶᠢ ᠮᠠᠯ ᠰᠦᠷᠦᠭ ᠤᠨ ᠤᠨᠤᠯᠭ᠎ᠠ᠂ ᠵᠠᠮ | ᠬᠠᠷᠢᠯᠴᠠᠭᠠᠨ ᠤ ᠤᠨᠤᠯᠭ᠎ᠠ᠂ ᠠᠩ ᠭᠥᠷᠥᠭᠡᠨ ᠤ ᠤᠨᠤᠯᠭ᠎ᠠ᠂ ᠴᠢᠨᠠᠭᠰᠢᠯᠠᠪᠠᠯ ᠴᠡᠷᠢᠭ ᠳᠠᠶᠢᠨ ᠤ ᠤᠨᠤᠯᠭ᠎ᠠ ᠳᠤ | ᠬᠡᠷᠡᠭᠯᠡᠬᠦ ᠪᠠᠷ ᠲᠤᠰᠬᠠᠶᠢᠵᠢᠭᠤᠯᠵᠤ᠂ ᠲᠡᠭᠦᠨ ᠢ ᠡᠳ᠋ᠯᠡᠵᠦ ᠬᠡᠷᠡᠭᠯᠡᠬᠦ ᠲᠥᠷᠥᠯ ᠢ ᠳᠦᠷᠢᠮᠵᠢᠭᠦᠯᠦᠭᠰᠡᠨ ᠪᠠᠶᠢᠨ᠎ᠠ᠃ | ᠨᠡᠩ ᠴᠦ ᠮᠠᠯ ᠰᠦᠷᠦᠭ ᠢ ᠰᠦᠷᠦᠭᠯᠡᠨ ᠮᠠᠯᠵᠢᠬᠤ ᠳᠤ ᠮᠣᠷᠢ ᠠᠴᠠ ᠥᠭᠡᠷ᠎ᠡ ᠲᠣᠬᠢᠷᠠᠮᠵᠢ ᠲᠠᠢ ᠤᠨᠤᠭ᠎ᠠ ᠪᠠᠶᠢᠳᠠᠭ | ᠦᠭᠡᠢ ᠪᠢᠯᠡ᠃ | ᠮᠣᠷᠢᠨ ᠤ ᠬᠡᠷᠡᠭᠴᠡᠭᠡ ᠶᠢ ᠲᠤᠰᠬᠠᠶᠢᠵᠢᠭᠤᠯᠤᠭᠰᠠᠨ ᠪᠠ ᠳᠦᠷᠢᠮᠵᠢᠭᠦᠯᠦᠭᠰᠡᠨ ᠨᠢ ᠮᠣᠷᠢᠨ ᠤ ᠬᠡᠷᠡᠭᠴᠡᠭᠡᠨ ᠤ | ᠥᠷᠲᠡᠭ ᠢ ᠳᠡᠭᠡᠭᠰᠢᠯᠡᠭᠦᠯᠵᠦ᠂ ᠠᠳᠤᠭᠤᠨ ᠤ ᠬᠠᠮᠠᠭᠠᠯᠠᠳᠠ ᠶᠢ ᠰᠠᠶᠢᠵᠢᠷᠠᠭᠤᠯᠬᠤ᠂ ᠲᠤᠬᠠᠢ ᠶᠢᠨ ᠦᠶ᠎ᠡ ᠶᠢᠨ | ᠠᠳᠤᠭᠤᠨ ᠤ ᠬᠡᠪ ᠤᠨ ᠬᠥᠭᠵᠢᠯᠲᠡ ᠪᠠ ᠨᠡᠶᠢᠭᠡᠮ ᠤᠨ ᠦᠢᠯᠡᠳᠪᠦᠷᠢᠯᠡᠯ ᠠᠮᠢᠳᠤᠷᠠᠯ᠂ ᠵᠠᠮ ᠬᠠᠷᠢᠯᠴᠠᠭ᠎ᠠ ᠵᠡᠷᠭᠡ | ᠴᠢᠬᠤᠯᠠ ᠤᠨᠤᠯᠭ᠎ᠠ ᠶᠢᠨ ᠪᠠᠭᠠᠵᠢ ᠶᠢᠨ ᠬᠦᠷᠦᠯᠴᠡᠭᠡ ᠲᠠᠢ ᠪᠠᠶᠢᠬᠤ ᠶᠢ ᠪᠠᠲᠤᠯᠠᠵᠤ ᠴᠢᠳᠠᠵᠠᠢ᠃ | ᠲᠤᠬᠠᠢ ᠶᠢᠨ ᠦᠶ᠎ᠡ ᠳᠤ ᠦᠵᠦᠮᠦᠴᠢᠨ ᠳᠤ ᠠᠳᠤᠭᠤ ᠶᠢ ᠲᠠᠪᠤᠨ ᠬᠤᠰᠢᠭᠤ ᠮᠠᠯ ᠤᠨ ᠲᠡᠷᠢᠭᠦᠨ ᠳᠤ | ᠪᠠᠶᠢᠷᠢᠯᠠᠭᠤᠯᠵᠤ᠂ ᠮᠣᠷᠢ ᠶᠢ ︽ᠡᠷ᠎ᠡ ᠬᠥᠮᠥᠨ ᠤ ᠬᠡᠶᠢᠮᠣᠷᠢ︾ ᠭᠡᠳᠡᠭ᠃ ᠲᠡᠳᠡ ᠠᠳᠤᠭᠤᠨ ᠤ ᠴᠢᠬᠤᠯᠠ | ᠦᠢᠯᠡᠳᠦᠯ ᠢ ᠳ᠋ᠦᠩᠨᠡᠭᠡᠳ ︽ᠮᠣᠷᠢ ᠦᠭᠡᠢ ᠬᠥᠮᠥᠨ ᠮᠣᠬᠤᠳᠠᠭ᠂ ᠦᠬᠡᠷ ᠦᠭᠡᠢ ᠬᠥᠮᠥᠨ ᠦᠬᠦᠳᠡᠭ︾᠂ ︽ᠮᠣᠷᠢ | ᠦᠭᠡᠢ ᠡᠮᠡᠭᠡᠯ ᠢᠶᠠᠨ ᠭᠠᠵᠠᠷ ᠲᠠᠯᠪᠢᠵᠤ᠂ ᠬᠤᠷᠮᠣᠢ ᠪᠠᠨ ᠴᠢᠷᠬᠦ ᠨᠢ ᠶᠣᠷᠤ︕︾ ᠭᠡᠳᠡᠭ᠃ | ᠠᠳᠤᠭᠤ ᠪᠣᠯ ᠲᠡᠮᠡᠭᠡ ᠶᠢ ᠭᠠᠷᠭᠠᠪᠠᠯ ᠲᠠᠪᠤᠨ ᠬᠤᠰᠢᠭᠤ ᠮᠠᠯ ᠤᠨ ᠳᠣᠲᠣᠷ᠎ᠠ ᠦᠷᠡᠵᠢᠯᠲᠡ ᠪᠠᠷ ᠳᠣᠣᠷ᠎ᠠ᠂ | ᠥᠰᠦᠯᠲᠡ ᠪᠠᠷ ᠤᠳᠠᠭᠠᠨ᠂ ᠡᠷᠭᠢᠯᠲᠡ ᠪᠠᠷ ᠪᠠᠷᠤᠭᠲᠠᠢ ᠮᠠᠯ ᠮᠥᠨ᠃ ᠡᠭᠦᠨ ᠤ ᠬᠠᠮᠲᠤ᠂ ᠢᠳᠡᠬᠦ ᠨᠢ ᠶᠡᠭᠡ᠂ | ᠦᠬᠡᠷ ᠠᠳᠠᠯᠢ 10 ~ 20 ᠪᠠᠷ ᠨᠢᠭᠡ ᠳᠣᠣᠷ᠎ᠠ ᠨᠡᠭᠦᠳᠡᠯ ᠳᠤ ᠬᠥᠯᠵᠦ ᠡᠳ᠋ᠯᠡᠵᠦ ᠪᠣᠯᠬᠤ ᠦᠭᠡᠢ᠃ ᠬᠡᠪᠡᠷᠡᠭ | ᠪᠠᠭᠤᠷᠠᠢ ᠬᠠᠭᠳᠠ ᠪᠠᠷ ᠡᠳ᠋ᠯᠡᠬᠦ ᠳᠤ ᠦᠬᠡᠷ ᠢ ᠬᠦᠷᠬᠦ ᠦᠭᠡᠢ ᠮᠠᠯ ᠪᠣᠯᠣᠨ᠎ᠠ᠃ | ᠡᠶᠢᠮᠦ ᠠᠴᠠ ᠲᠡᠦᠬᠡᠨ ᠳᠡᠭᠡᠷ᠎ᠡ ᠠᠳᠤᠭᠤᠨ ᠤ ᠪᠣᠳᠠᠲᠤ ᠪᠠᠶᠢᠳᠠᠯ ᠢ ᠰᠢᠨᠵᠢᠯᠡᠨ᠂ ᠲᠡᠭᠦᠨ ᠤ ᠬᠡᠷᠡᠭᠯᠡᠬᠦ | ᠬᠡᠪᠴᠢᠶ᠎ᠡ ᠶᠢ ᠶᠣᠰᠣ ᠳᠦᠷᠢᠮᠵᠢᠭᠦᠯᠵᠦ ᠬᠠᠮᠠᠭᠠᠯᠠᠭᠰᠠᠨ ᠦᠭᠡᠢ᠂ ᠬᠠᠮᠢᠶ᠎ᠠ ᠦᠭᠡᠢ ᠡᠳ᠋ᠯᠡᠵᠦ ᠬᠡᠷᠡᠭᠯᠡᠵᠦ ᠬᠠᠶᠠᠭᠠᠨ | ᠳᠤᠨᠢ ᠬᠠᠶᠠᠭᠰᠠᠨ ᠪᠣᠯ ᠠᠳᠤᠭᠤᠨ ᠤ ᠬᠡᠪ ᠤᠨ ᠨᠡᠮᠡᠭᠳᠡᠯ ᠪᠠ ᠮᠠᠯ ᠠᠵᠤ ᠠᠬᠤᠢ ᠶᠢᠨ ᠦᠢᠯᠡᠳᠪᠦᠷᠢᠯᠡᠯ ᠤᠨ | ᠤᠨᠤᠯᠭ᠎ᠠ᠂ ᠠᠷᠠᠳ ᠤᠨ ᠵᠠᠮ ᠬᠠᠷᠢᠯᠴᠠᠭ᠎ᠠ ᠪᠠᠷ ᠭᠤᠣᠯ ᠪᠣᠯᠭᠠᠭᠰᠠᠨ ᠣᠯᠠᠨ ᠲᠠᠯ᠎ᠠ ᠶᠢᠨ ᠦᠢᠯᠡᠳᠪᠦᠷᠢᠯᠡᠯ | ᠠᠮᠢᠳᠤᠷᠠᠯ ᠤᠨ ᠤᠨᠤᠯᠭ᠎ᠠ ᠶᠢᠨ ᠠᠰᠠᠭᠤᠳᠠᠯ ᠢ ᠵᠣᠬᠢᠰᠲᠠᠢ ᠰᠢᠢᠳᠪᠦᠷᠢᠯᠡᠬᠦ ᠶᠢ ᠶᠠᠭᠠᠬᠢᠭᠰᠠᠨ ᠴᠦ ᠪᠠᠲᠤᠯᠠᠵᠤ | ᠴᠢᠳᠠᠬᠤ ᠦᠭᠡᠢ ᠶᠤᠮ᠃ | ᠮᠣᠷᠢ ᠪᠣᠯ ᠲᠡᠦᠬᠡᠨ ᠴᠠᠭ ᠦᠶ᠎ᠡ ᠶᠢᠨ ᠴᠣᠷ ᠤᠨ ᠭᠠᠭᠴᠠ ︽ᠮᠠᠰᠢᠨ︾ ᠪᠠᠶᠢᠭᠰᠠᠨ᠃ ᠦᠵᠦᠮᠦᠴᠢᠨ | ᠮᠣᠩᠭᠤᠯᠴᠤᠳ ᠮᠣᠷᠢᠨ ᠤ ᠲᠤᠰ ᠪᠡᠶ᠎ᠡ ᠶᠢᠨ ᠣᠨᠴᠠ ᠴᠢᠳᠠᠪᠤᠷᠢ ᠶᠢ ᠵᠥᠪ ᠢᠶᠠᠷ ᠲᠣᠳᠣᠯᠠᠵᠤ᠂ ᠲᠡᠭᠦᠨ ᠢ ᠲᠡᠳᠡᠨ ᠤ | ᠦᠢᠯᠡᠳᠪᠦᠷᠢᠯᠡᠯ ᠠᠮᠢᠳᠤᠷᠠᠯ ᠤᠨ ᠲᠤᠰᠬᠠᠢ ᠤᠨᠤᠯᠭ᠎ᠠ ᠪᠠᠷ ᠲᠣᠭᠲᠠᠭᠠᠵᠤ᠂ ᠪᠤᠰᠤᠳ ᠦᠷ᠎ᠡ ᠠᠰᠢᠭ ᠪᠠᠭ᠎ᠠ | ᠦᠷᠡᠭᠳᠡᠯ ᠰᠦᠢᠳᠦᠯ ᠶᠡᠭᠡ ᠵᠦᠢᠯ ᠳᠤ ᠬᠡᠷᠡᠭᠯᠡᠬᠦ ᠶᠢ ᠡᠷᠡᠰ ᠴᠡᠭᠡᠷᠯᠡᠭᠰᠡᠨ ᠵᠡᠷᠭᠡ ᠶᠠᠪᠤᠳᠠᠯ ᠪᠣᠯ ᠲᠤᠬᠠᠢ ᠶᠢᠨ ᠦᠶ᠎ᠡ | ᠶᠢᠨ ᠨᠡᠭᠦᠳᠡᠯ ᠤᠨ ᠮᠠᠯ ᠠᠵᠤ ᠠᠬᠤᠢ ᠶᠢᠨ ᠲᠡᠦᠬᠡᠨ ᠳᠤ ᠮᠠᠰᠢ ᠰᠢᠨᠵᠢᠯᠡᠬᠦ ᠤᠬᠠᠭᠠᠨᠴᠢ ᠠᠷᠭ᠎ᠠ ᠪᠠᠷᠢᠯ ᠪᠠᠶᠢᠭᠰᠠᠨ | ᠶᠤᠮ᠃ ᠠᠳᠤᠭᠤ ᠶᠢ ᠪᠠᠰᠠ ᠠᠶᠢᠯ ᠡᠷᠦᠬᠡ ᠠᠮᠢᠳᠤᠷᠠᠯ ᠤᠨ ᠨᠥᠬᠦᠴᠡᠯ ᠤᠨ ᠬᠡᠷᠡᠭᠴᠡᠭᠡ ᠪᠠᠨ ᠦᠨᠳᠦᠰᠦᠯᠡᠵᠦ ᠵᠢᠯ | ᠪᠦᠷᠢ ᠵᠣᠬᠢᠬᠤ ᠲᠤᠭ᠎ᠠ ᠪᠠᠷ ᠲᠠᠸᠠᠷᠯᠠᠵᠤ ᠬᠤᠳᠠᠯᠳᠤᠳᠠᠭ᠃ | 2. ᠦᠵᠦᠮᠦᠴᠢᠨ ᠳᠤ ᠦᠬᠡᠷ ᠤᠨ ᠬᠡᠷᠡᠭᠴᠡᠭᠡ ᠶᠢ ᠪᠠᠰᠠ ᠲᠤᠰᠬᠠᠶᠢᠵᠢᠭᠤᠯᠤᠭᠰᠠᠨ ᠪᠠᠶᠢᠳᠠᠭ᠃ | ᠦᠵᠦᠮᠦᠴᠢᠨ ᠳᠤ ᠦᠬᠡᠷ ᠤᠨ ᠬᠡᠷᠡᠭᠴᠡᠭᠡ ᠶᠢ ᠲᠤᠰᠬᠠᠢ ᠬᠡᠷᠡᠭᠯᠡᠬᠦ ᠪᠠᠷ ᠲᠣᠭᠲᠠᠭᠠᠬᠤ ᠳᠠᠭᠠᠨ ᠮᠥᠨ ᠲᠡᠭᠦᠨ ᠤ | ᠥᠪᠡᠷ ᠤᠨ ᠣᠨᠴᠠᠯᠢᠭ ᠠᠴᠠ ᠪᠣᠯᠵᠤ᠂ ᠲᠠᠬᠢᠨ ᠥᠷᠭᠡᠳᠬᠡᠨ ᠦᠢᠯᠡᠳᠪᠦᠷᠢᠯᠡᠬᠦ ᠠᠴᠠ ᠭᠠᠳᠠᠨ᠎ᠠ ᠬᠥᠯᠬᠦ᠂ ᠰᠠᠭᠠᠬᠤ᠂ | ᠢᠳᠡᠬᠦ ᠭᠤᠷᠪᠠᠨ ᠵᠦᠢᠯ ᠤᠨ ᠬᠡᠷᠡᠭᠴᠡᠭᠡᠨ ᠳᠤ ᠭᠤᠣᠯ ᠲᠤᠰᠬᠠᠶᠢᠵᠢᠭᠤᠯᠤᠭᠰᠠᠨ ᠪᠠᠶᠢᠨ᠎ᠠ᠃ ᠡᠷ᠎ᠡ ᠦᠬᠡᠷ ᠢ | ᠲᠤᠰᠬᠠᠢ ᠰᠤᠷᠭᠠᠵᠤ ᠬᠥᠯᠥᠨ᠎ᠡ᠃ ᠡᠶᠢᠮᠦ ᠠᠴᠠ ᠲᠡᠭᠦᠨ ᠢ ᠨᠡᠶᠢᠲᠡ ᠪᠠᠷ ᠢᠶᠠᠨ ︽ᠠᠷᠠᠯ ᠤᠨ ᠱᠠᠷ︾ ᠭᠡᠳᠡᠭ᠃ | ᠡᠷ᠎ᠡ ᠦᠬᠡᠷ ᠢ ᠨᠡᠭᠦᠳᠡᠯ ᠢᠶᠠᠷ ᠭᠤᠣᠯ ᠪᠣᠯᠭᠠᠵᠤ᠂ ᠳᠠᠪᠤᠰᠤ ᠪᠤᠳᠠᠭᠠᠨ ᠤ ᠠᠶᠠᠨ ᠵᠥᠭᠡᠭᠡᠪᠦᠷᠢ᠂ ᠤᠰᠤ ᠠᠷᠭᠠᠯ᠂ | ᠠᠭᠤᠯᠠ ᠮᠣᠳᠣ ᠁ ᠵᠡᠷᠭᠡ ᠳᠤ ᠬᠥᠯᠬᠦ ᠪᠠᠷ ᠲᠣᠭᠲᠠᠭᠠᠭᠰᠠᠨ ᠪᠠᠶᠢᠳᠠᠭ᠃ ᠪᠡᠯᠴᠢᠭᠡᠷ ᠢᠶᠠᠷ ᠲᠡᠵᠢᠭᠡᠬᠦ᠂ ᠬᠥᠯᠬᠦ | ᠳᠤ ᠳᠠᠭᠠᠭᠠᠴᠠᠲᠠᠢ᠂ ᠦᠷᠭᠦᠯᠵᠢ ᠬᠤᠳᠠ ᠳᠠᠭᠠᠨ ᠣᠶᠢᠷ᠎ᠠ᠂ ᠪᠠᠷᠢᠵᠤ ᠲᠠᠯᠪᠢᠬᠤ ᠳᠤ ᠳᠥᠭᠦᠮ᠂ ᠣᠯᠠᠨ ᠢᠶᠠᠷ ᠬᠥᠯᠬᠦ | ᠳᠤ ᠵᠠᠷᠤᠳᠠᠯ ᠰᠦᠢᠳᠬᠡᠯ ᠪᠠᠭ᠎ᠠ ᠵᠡᠷᠭᠡ ᠳᠠᠪᠠᠭᠤᠯᠢᠭ ᠲᠠᠢ᠃ | ᠦᠵᠦᠮᠦᠴᠢᠨ ᠤ ᠨᠢᠭᠡ ᠠᠶᠢᠯ ᠤᠨ ᠨᠡᠭᠦᠳᠡᠯ ᠳᠤ ᠳᠤᠮᠳᠠᠴᠢ ᠪᠠᠷ ᠨᠠᠢᠮᠠᠨ ᠲᠡᠷᠭᠡ ᠬᠡᠷᠡᠭᠯᠡᠵᠦ ᠠᠷᠪᠠᠨ ᠦᠬᠡᠷ | ᠬᠥᠯᠥᠨ᠎ᠡ᠃ ᠮᠥᠨ ᠨᠢᠭᠡ ᠴᠥᠷᠬᠡᠯᠡᠭᠡ ᠠᠶᠠᠨ ᠤ ᠲᠡᠷᠭᠡ ᠬᠥᠲᠥᠯᠬᠦ ᠳᠤ ᠳᠣᠯᠣᠭᠠᠨ ᠦᠬᠡᠷ ᠲᠡᠷᠭᠡ ᠣᠷᠴᠢᠮ | ᠪᠠᠶᠢᠵᠤ᠂ ᠳᠣᠯᠤᠭ᠎ᠠ ᠨᠠᠢᠮᠠᠨ ᠦᠬᠡᠷ ᠬᠥᠯᠥᠨ᠎ᠡ᠃ ᠡᠶᠢᠮᠦ ᠠᠷᠪᠢᠨ ᠬᠥᠯᠪᠦᠷᠢ ᠶᠢᠨ ᠠᠰᠠᠭᠤᠳᠠᠯ ᠢ ᠲᠠᠰᠤᠯᠬᠤ ᠳᠤ | ᠡᠷ᠎ᠡ ᠦᠬᠡᠷ ᠠᠴᠠ ᠥᠭᠡᠷ᠎ᠡ ᠲᠣᠬᠢᠷᠠᠮᠵᠢ ᠲᠠᠢ ᠬᠥᠯᠪᠦᠷᠢ ᠪᠠᠶᠢᠬᠤ ᠦᠭᠡᠢ ᠶᠤᠮ᠃ ︽ᠠᠷᠠᠯ ᠢᠶᠠᠨ ᠭᠠᠵᠠᠷ ᠲᠠᠯᠪᠢᠵᠤ | ᠪᠣᠯᠬᠤ ᠦᠭᠡᠢ︾ ᠭᠡᠰᠡᠨ ᠪᠣᠯ ᠬᠥᠯᠪᠦᠷᠢ ᠶᠢᠨ ᠦᠬᠡᠷ ᠳᠤᠲᠠᠭᠳᠠᠵᠤ ᠪᠣᠯᠬᠤ ᠦᠭᠡᠢ ᠭᠡᠰᠡᠨ ᠦᠭᠡ ᠮᠥᠨ᠃ ︽ | ᠦᠬᠡᠷ ᠦᠭᠡᠢ ᠬᠥᠮᠥᠨ ᠦᠬᠦᠳᠡᠭ︾ ᠭᠡᠰᠡᠨ ᠨᠢ ᠦᠬᠡᠷ ᠤᠨ ᠪᠦᠬᠦ ᠬᠡᠷᠡᠭᠴᠡᠭᠡ ᠶᠢ ᠳ᠋ᠦᠩᠨᠡᠭᠰᠡᠨ ᠢᠶᠠᠷ ᠪᠠᠷᠠᠬᠤ | ᠦᠭᠡᠢ᠂ ᠨᠡᠭᠦᠳᠡᠯ ᠤᠨ ᠮᠠᠯ ᠠᠵᠤ ᠠᠬᠤᠢ ᠶᠢᠨ ᠬᠥᠯᠪᠦᠷᠢ ᠶᠢᠨ ᠢᠶᠠᠨ ᠬᠦᠨᠳᠦ ᠴᠢᠬᠤᠯᠠ ᠴᠢᠨᠠᠷ ᠢ ᠵᠢᠭᠠᠭᠰᠠᠨ ᠶᠤᠮ᠃ | ᠡᠶᠢᠮᠦ ᠠᠴᠠ ᠡᠷ᠎ᠡ ᠦᠬᠡᠷ ᠤᠨ ᠭᠤᠣᠯ ᠬᠡᠷᠡᠭᠴᠡᠭᠡ ᠪᠣᠯ ᠬᠥᠯᠪᠦᠷᠢ ᠪᠣᠯᠣᠨ᠎ᠠ᠃ | ᠪᠤᠬ᠎ᠠ ᠪᠣᠯ ᠦᠷ᠎ᠡ ᠶᠢᠨ ᠮᠠᠯ᠃ ᠪᠤᠬ᠎ᠠ ᠲᠠᠯᠪᠢᠬᠤ ᠳᠤ ᠲᠣᠩ ᠶᠡᠭᠡ ᠰᠢᠯᠢᠵᠦ ᠰᠣᠩᠭᠤᠬᠤ ᠬᠡᠷᠡᠭᠲᠡᠢ᠃ | ᠪᠤᠬ᠎ᠠ ᠶᠢ ᠰᠢᠯᠢᠵᠦ ᠰᠣᠩᠭᠤᠬᠤ ᠨᠢ ᠭᠦᠨ ᠨᠠᠷᠢᠨ ᠮᠡᠷᠭᠡᠵᠢᠯ ᠤᠨ ᠠᠵᠢᠯ ᠶᠤᠮ᠃ ᠦᠷᠡᠵᠢᠯᠲᠡ ᠪᠣᠶᠢᠵᠢᠯᠲᠠ | ᠥᠰᠦᠯᠲᠡ ᠨᠢ ᠪᠦᠷ ᠠᠵᠤ ᠠᠬᠤᠢ ᠶᠢᠨ ᠦᠷ᠎ᠡ ᠠᠰᠢᠭ ᠲᠤ ᠬᠤᠯᠪᠣᠭᠳᠠᠨ᠎ᠠ᠃ ᠣᠨᠴᠣᠭᠤᠢ ᠰᠤᠳᠤᠯᠵᠤ ᠰᠢᠯᠢᠳᠡᠭ᠃ | | ᠦᠨᠢᠶ᠎ᠡ ᠪᠣᠯ ᠦᠬᠡᠷ ᠢ ᠦᠷᠡᠵᠢᠭᠦᠯᠵᠦ ᠥᠰᠬᠡᠬᠦ ᠶᠢᠨ ᠰᠠᠭᠤᠷᠢ ᠡᠬᠡ ᠮᠠᠯ ᠮᠥᠨ᠃ ᠡᠭᠦᠨ ᠢᠶᠠᠷ ᠪᠠᠷᠠᠬᠤ | ᠦᠭᠡᠢ ᠦᠵᠦᠮᠦᠴᠢᠨ ᠤ ︽ᠴᠠᠭᠠᠨ ᠢᠳᠡᠭᠡᠨ ᠤ ᠦᠢᠯᠡᠳᠪᠦᠷᠢᠯᠡᠯ︾ ᠤᠨ ᠲᠦᠭᠦᠬᠡᠢ ᠮᠠᠲ᠋ᠧᠷᠢᠶᠠᠯ ᠢ ᠬᠠᠩᠭᠠᠳᠠᠭ | ᠭᠤᠣᠯ ᠰᠠᠭᠠᠯᠢ ᠶᠢᠨ ᠮᠠᠯ ᠪᠣᠯᠣᠨ᠎ᠠ᠃ ᠡᠶᠢᠮᠦ ᠠᠴᠠ ᠦᠨᠢᠶ᠎ᠡ ᠶᠢ ᠨᠡᠶᠢᠭᠡᠮ ᠢᠶᠠᠷ ᠢᠶᠠᠨ ᠪᠦᠷ ᠰᠠᠭᠠᠯᠢ ᠶᠢᠨ ᠦᠨᠢᠶ᠎ᠡ | ᠭᠡᠵᠦ ᠨᠡᠷᠡᠯᠡᠳᠡᠭ᠃ ᠦᠵᠦᠮᠦᠴᠢᠨ ᠳᠤ ᠦᠨᠢᠶ᠎ᠡ ᠶᠢ ᠪᠠᠷᠤᠭ ᠳᠥᠷᠪᠡᠨ ᠤᠯᠠᠷᠢᠯ ᠳᠤ ᠠᠳᠠᠯᠢ ᠦᠭᠡᠢ ᠬᠡᠮᠵᠢᠶ᠎ᠡ ᠪᠠᠷ | ᠰᠠᠭᠠᠳᠠᠭ᠃ ᠦᠨᠢᠶᠡᠨ ᠰᠦ ᠦᠵᠦᠮᠦᠴᠢᠨ ᠤ ᠴᠠᠭᠠᠨ ᠢᠳᠡᠭᠡᠨ ᠤ ᠭᠤᠣᠯ ᠢᠷᠡᠯᠲᠡ᠃ ᠪᠠᠰᠠᠴᠤ ᠲᠡᠳᠡᠨ ᠤ | ᠪᠦᠬᠦᠶᠢᠯᠡ ᠬᠦᠨᠡᠰᠦ ᠢᠳᠡᠰᠢ ᠶᠢᠨ ᠴᠢᠬᠤᠯᠠ ᠪᠦᠷᠢᠯᠳᠦᠬᠦᠨ ᠮᠥᠨ᠃ | ᠦᠨᠢᠶ᠎ᠡ ᠶᠢ ᠰᠦ ᠨᠢ ᠡᠯᠪᠡᠭ᠂ ᠰᠠᠭᠠᠯᠢ ᠶᠢᠨ ᠬᠤᠭᠤᠴᠠᠭ᠎ᠠ ᠨᠢ ᠤᠷᠲᠤ᠂ ᠠᠷᠠᠴᠢᠯᠠᠨ ᠮᠠᠯᠵᠢᠬᠤ ᠳᠤ | ᠳᠥᠭᠦᠮ᠂ ᠨᠡᠭᠦᠳᠡᠯ ᠢᠶᠠᠷ ᠮᠠᠯᠵᠢᠬᠤ ᠪᠠ ᠣᠲᠣᠷ ᠨᠡᠭᠦᠳᠡᠯ ᠬᠢᠵᠦ ᠪᠠᠶᠢᠭᠠᠳ ᠬᠦᠷᠲᠡᠯ᠎ᠡ ᠰᠦ ᠶᠢ ᠨᠢ ᠰᠠᠭᠠᠵᠤ | ᠢᠳᠡᠵᠦ ᠪᠣᠯᠬᠤ ᠵᠡᠷᠭᠡ ᠣᠨᠴᠠᠯᠢᠭ ᠢᠶᠠᠷ ᠨᠢ᠂ ᠦᠵᠦᠮᠦᠴᠢᠨ ᠳᠤ ᠲᠡᠭᠦᠨ ᠢ ᠲᠤᠰᠬᠠᠢ ᠰᠠᠭᠠᠯᠢ ᠳᠤ | ᠲᠤᠰᠬᠠᠶᠢᠵᠢᠭᠤᠯᠤᠨ ᠬᠡᠷᠡᠭᠯᠡᠳᠡᠭ᠃ | ᠦᠬᠡᠷ ᠤᠨ ᠪᠠᠰᠠ ᠨᠢᠭᠡ ᠲᠤᠰᠬᠠᠢ ᠬᠡᠷᠡᠭᠴᠡᠭᠡ ᠪᠣᠯ᠂ ᠦᠵᠦᠮᠦᠴᠢᠨ ᠮᠣᠩᠭᠤᠯᠴᠤᠳ ᠤᠨ ᠤᠯᠠᠭᠠᠨ ᠢᠳᠡᠭᠡᠨ | ᠤ ᠠᠰᠠᠭᠤᠳᠠᠯ ᠢ ᠲᠤᠰᠬᠠᠢ ᠲᠠᠰᠤᠯᠳᠠᠭ ᠶᠠᠪᠤᠳᠠᠯ ᠪᠣᠯᠣᠨ᠎ᠠ᠃ ᠡᠶᠢᠮᠦ ᠠᠴᠠ ᠦᠵᠦᠮᠦᠴᠢᠨ ᠳᠤ ᠦᠬᠡᠷ ᠢ ᠵᠣᠬᠢᠬᠤ | ᠲᠤᠭ᠎ᠠ ᠪᠠᠷ ᠠᠯᠠᠵᠤ ᠢᠳᠡᠳᠡᠭ᠃ ᠭᠤᠣᠯ ᠨᠢ ᠡᠪᠦᠯ ᠤᠨ ᠢᠳᠡᠰᠢᠨ ᠳᠤ ᠠᠯᠠᠵᠤ ᠢᠳᠡᠬᠦ ᠳᠤ ᠲᠣᠩ ᠲᠣᠬᠢᠷᠠᠮᠵᠢ | ᠲᠠᠢ᠃ ᠨᠢᠭᠡ ᠠᠶᠢᠯ ᠡᠷᠦᠬᠡ ᠡᠪᠦᠯ ᠤᠨ ᠢᠳᠡᠰᠢᠨ ᠳᠤ ᠨᠢᠭᠡ ᠲᠣᠯᠣᠭᠠᠢ ᠦᠬᠡᠷ ᠠᠯᠠᠵᠤ ᠢᠳᠡᠪᠡᠯ᠂ ᠡᠪᠦᠯ ᠬᠠᠪᠤᠷ | ᠤᠨ ᠢᠳᠡᠬᠦ ᠤᠯᠠᠭᠠᠨ ᠢᠳᠡᠭᠡᠨ ᠤ ᠭᠤᠣᠯ ᠠᠰᠠᠭᠤᠳᠠᠯ ᠢ ᠲᠠᠰᠤᠯᠴᠢᠬᠠᠳᠠᠭ᠃ ᠭᠡᠪᠡᠴᠦ ᠦᠬᠡᠷ ᠠᠯᠠᠵᠤ ᠢᠳᠡᠬᠦ ᠨᠢ | ᠠᠶᠢᠯ ᠡᠷᠦᠬᠡ ᠶᠢᠨ ᠠᠮᠢᠳᠤᠷᠠᠯ ᠤᠨ ᠬᠢᠷᠢ ᠬᠡᠮᠵᠢᠶ᠎ᠡ᠂ ᠬᠥᠮᠥᠨ ᠠᠮᠠ ᠶᠢᠨ ᠪᠠᠶᠢᠳᠠᠯ ᠢᠶᠠᠷ ᠰᠢᠢᠳᠪᠦᠷᠢᠯᠡᠭᠳᠡᠨ᠎ᠡ᠃ | ᠡᠪᠦᠯ ᠤᠨ ᠢᠳᠡᠰᠢᠨ ᠳᠤ ᠦᠬᠡᠷ ᠪᠠᠵᠠᠭᠠᠬᠤ ᠳᠠᠭᠠᠨ ᠣᠯᠠᠩᠬᠢ ᠨᠢ ︽ᠰᠢᠳᠦᠨ ᠤ ᠥᠭᠡᠭᠡ︾ ᠶᠡᠬᠡᠴᠡᠬᠡᠯ ᠨᠠᠰᠤᠨ ᠤ | ᠮᠠᠯ ᠪᠠᠶᠢᠳᠠᠭ᠃ ᠠᠷᠠᠰᠤ ᠰᠢᠷᠢ ᠶᠢ ᠨᠢ ᠡᠳ᠋ᠯᠡᠵᠦ ᠰᠤᠷ ᠬᠢᠳᠡᠭ᠃ ᠲᠡᠷᠡ ᠨᠢ ᠮᠥᠨ ᠨᠡᠭᠦᠳᠡᠯ ᠤᠨ ᠮᠠᠯ ᠠᠵᠤ | ᠠᠬᠤᠢ ᠶᠢᠨ ᠦᠢᠯᠡᠳᠪᠦᠷᠢᠯᠡᠯ ᠳᠤ ᠳᠤᠲᠠᠭᠳᠠᠵᠤ ᠪᠣᠯᠳᠠᠭ ᠦᠭᠡᠢ᠃ ᠡᠭᠦᠨ ᠠᠴᠠ ᠭᠠᠳᠠᠨ᠎ᠠ ᠠᠶᠢᠯ ᠡᠷᠦᠬᠡ ᠪᠠᠷ | ᠨᠢᠭᠡᠴᠢᠯᠡᠵᠦ ᠦᠬᠡᠷ ᠢ ᠵᠣᠬᠢᠬᠤ ᠲᠤᠭ᠎ᠠ ᠪᠠᠷ ᠲᠠᠸᠠᠷᠴᠢᠯᠠᠨ ᠬᠤᠳᠠᠯᠳᠤᠵᠤ ᠠᠮᠢᠳᠤᠷᠠᠯ ᠤᠨ ᠪᠤᠰᠤᠳ ᠠᠰᠠᠭᠤᠳᠠᠯ ᠢ | ᠬᠠᠩᠭᠠᠳᠠᠭ᠃ | ᠦᠵᠦᠮᠦᠴᠢᠨ ᠳᠤ ᠦᠬᠡᠷ ᠤᠨ ᠬᠡᠷᠡᠭᠴᠡᠭᠡ ᠵᠠᠷᠤᠳᠠᠯ ᠢ ᠬᠥᠯᠬᠦ᠂ ᠰᠠᠭᠠᠬᠤ᠂ ᠢᠳᠡᠬᠦ ᠪᠠᠷ ᠭᠤᠣᠯ ᠪᠣᠯᠭᠠᠵᠤ | ᠲᠤᠰᠬᠠᠶᠢᠵᠢᠭᠤᠯᠤᠭᠰᠠᠨ ᠨᠢ ᠮᠥᠨᠴᠦ ᠦᠬᠡᠷ ᠤᠨ ᠲᠤᠰ ᠪᠡᠶ᠎ᠡ ᠶᠢᠨ ᠪᠣᠳᠠᠲᠤ ᠣᠨᠴᠠᠯᠢᠭ ᠠᠴᠠ ᠲᠣᠭᠲᠠᠭᠠᠭᠰᠠᠨ | ᠶᠤᠮ᠃ ᠲᠡᠷᠡ ᠨᠢ ᠪᠠᠰᠠ ᠦᠬᠡᠷ ᠤᠨ ᠬᠡᠷᠡᠭᠴᠡᠭᠡ ᠶᠢ ᠵᠢᠷᠤᠮᠵᠢᠭᠤᠯᠵᠤ᠂ ᠦᠬᠡᠷ ᠤᠨ ᠥᠰᠦᠯᠲᠡ᠂ ᠬᠠᠮᠠᠭᠠᠯᠠᠯᠲᠠ | ᠬᠡᠷᠡᠭᠴᠡᠭᠡᠨ ᠤ ᠬᠠᠷᠢᠴᠠᠭ᠎ᠠ ᠶᠢ ᠲᠣᠬᠢᠷᠠᠭᠤᠯᠵᠤ ᠲᠡᠦᠬᠡᠨ ᠨᠥᠬᠦᠴᠡᠯ ᠳᠡᠭᠡᠨ ᠲᠣᠬᠢᠷᠠᠭᠰᠠᠨ ᠥᠨᠳᠥᠷ ᠦᠷ᠎ᠡ ᠠᠰᠢᠭ | ᠲᠠᠢ ᠦᠬᠡᠷ ᠲᠡᠵᠢᠭᠡᠨ ᠮᠠᠯᠵᠢᠬᠤ ᠦᠢᠯᠡᠰ ᠪᠣᠯᠣᠭᠰᠠᠨ ᠪᠠᠶᠢᠵᠠᠢ᠃ | ᠡᠶᠢᠮᠦ ᠠᠴᠠ ᠦᠵᠦᠮᠦᠴᠢᠨ ᠳᠤ ᠦᠬᠡᠷ ᠢ ᠬᠥᠯᠪᠦᠷᠢ ᠪᠣᠯᠣᠨ ᠴᠠᠭᠠᠨ᠂ ᠤᠯᠠᠭᠠᠨ ᠢᠳᠡᠭᠡᠨ ᠤ ᠠᠰᠠᠭᠤᠳᠠᠯ ᠢ | ᠵᠣᠬᠢᠰᠲᠠᠢ ᠲᠠᠰᠤᠯᠬᠤ ᠪᠠᠷ ᠭᠤᠣᠯ ᠵᠣᠷᠢᠯᠭ᠎ᠠ ᠪᠣᠯᠭᠠᠵᠤ ᠲᠤᠰᠬᠠᠢ ᠮᠠᠯᠵᠢᠳᠠᠭ᠃ | 3. ᠦᠵᠦᠮᠦᠴᠢᠨ ᠳᠤ ᠲᠡᠮᠡᠭᠡ ᠶᠢ ᠤᠨᠤᠬᠤ ᠪᠠ ᠬᠥᠯᠬᠦ ᠳᠤ ᠬᠠᠪᠰᠤᠷᠭᠠᠨ ᠬᠡᠷᠡᠭᠯᠡᠳᠡᠭ᠃ ᠭᠡᠪᠡᠴᠦ ᠡᠨᠡ ᠨᠢ | ᠭᠤᠣᠯ ᠲᠠᠯ᠎ᠠ ᠪᠢᠰᠢ᠂ ᠭᠤᠣᠯ ᠲᠠᠯ᠎ᠠ ᠨᠢ᠂ ᠲᠡᠳᠡ ᠲᠡᠮᠡᠭᠡ ᠶᠢ ᠲᠠᠪᠤᠨ ᠬᠤᠰᠢᠭᠤ ᠮᠠᠯ ᠢ ᠢᠵᠢ ᠪᠦᠷᠢᠯᠳᠦᠭᠦᠯᠦᠨ᠂ | ᠪᠦᠷᠢᠨ ᠪᠦᠲᠦᠨ ᠲᠠᠪᠤᠨ ᠬᠤᠰᠢᠭᠤ ᠮᠠᠯ ᠲᠠᠢ ᠪᠠᠶᠠᠨ ᠴᠢᠨᠡᠭᠡᠯᠢᠭ ᠠᠮᠢᠳᠤᠷᠠᠯ ᠳᠤ ᠳᠤᠲᠠᠭᠳᠠᠵᠤ ᠪᠣᠯᠬᠤ ᠦᠭᠡᠢ | ᠨᠢᠭᠡ ᠲᠥᠷᠥᠯ ᠤᠨ ᠮᠠᠯ ᠭᠡᠵᠦ ᠦᠵᠡᠨ ᠲᠡᠮᠡᠭᠡ ᠡᠵᠡᠩᠨᠡᠵᠦ ᠮᠠᠯᠵᠢᠳᠠᠭ ᠪᠠᠶᠢᠨ᠎ᠠ᠃ ᠤᠴᠢᠷ ᠨᠢ ᠦᠵᠦᠮᠦᠴᠢᠨ ᠤ | ᠪᠠᠶᠢᠭᠠᠯᠢ ᠶᠢᠨ ᠣᠨᠴᠠᠯᠢᠭ ᠠᠴᠠ ᠪᠣᠯᠵᠤ᠂ ᠲᠡᠮᠡᠭᠡ ᠠᠳᠡ ᠦᠷᠡᠵᠢᠯᠲᠡ ᠨᠢ ᠤᠳᠠᠭᠠᠨ᠂ ᠥᠰᠦᠯᠲᠡ ᠨᠢ ᠳᠣᠣᠷ᠎ᠠ᠂ | ᠲᠤᠭ᠎ᠠ ᠲᠣᠯᠣᠭᠠᠢ ᠨᠢ ᠶᠡᠷᠦ ᠴᠥᠭᠡᠪᠦᠷᠢ ᠪᠠᠶᠢᠳᠠᠭ᠃ ᠡᠶᠢᠮᠦ ᠠᠴᠠ ᠲᠡᠮᠡᠭᠡ ᠶᠢ ᠦᠢᠯᠡᠳᠪᠦᠷᠢᠯᠡᠯ ᠠᠮᠢᠳᠤᠷᠠᠯ ᠤᠨ | ᠴᠢᠬᠤᠯᠠ ᠪᠠᠶᠢᠷᠢ ᠳᠡᠭᠡᠷ᠎ᠡ ᠲᠠᠯᠪᠢᠵᠤ ᠥᠰᠬᠡᠵᠦ ᠦᠷᠡᠵᠢᠭᠦᠯᠬᠦ ᠨᠥᠬᠦᠴᠡᠯ ᠪᠠᠭ᠎ᠠ ᠪᠥᠭᠡᠳ ᠪᠤᠰᠤᠳ ᠮᠠᠯ ᠰᠦᠷᠦᠭ | ᠡᠯᠪᠡᠭ ᠪᠠᠶᠠᠯᠢᠭ ᠠᠴᠠ ᠪᠣᠯᠵᠤ᠂ ᠲᠡᠭᠦᠨ ᠢ ᠣᠯᠠᠨ ᠲᠤᠭ᠎ᠠ ᠪᠠᠷ ᠥᠰᠬᠡᠵᠦ ᠬᠡᠷᠡᠭᠯᠡᠬᠦ ᠶᠢ ᠴᠢᠬᠤᠯᠠᠴᠢᠯᠠᠬᠤ ᠦᠭᠡᠢ | ᠪᠠᠶᠢᠵᠠᠢ᠃ | ᠭᠡᠪᠡᠴᠦ᠂ ᠦᠵᠦᠮᠦᠴᠢᠨ ᠳᠤ ᠲᠡᠮᠡᠭᠡ ᠶᠢ ᠲᠣᠩ ᠬᠦᠨᠳᠦᠳᠬᠡᠨ ᠮᠠᠯᠵᠢᠳᠠᠭ ᠪᠥᠭᠡᠳ ᠵᠣᠬᠢᠬᠤ ᠲᠤᠭ᠎ᠠ ᠪᠠᠷ | ᠤᠨᠤᠵᠤ᠂ ᠬᠥᠯᠵᠦ᠂ ᠰᠠᠭᠠᠵᠤ ᠡᠳ᠋ᠯᠡᠳᠡᠭ᠃ ᠲᠡᠮᠡᠭᠡᠨ ᠤᠩᠭᠠᠰᠤ᠂ ᠲᠡᠮᠡᠭᠡᠨ ᠰᠢᠷᠢ᠂ ᠮᠣᠩᠭᠤᠯ ᠭᠡᠷ ᠤᠨ ᠣᠶᠣᠳᠠᠯ | ᠪᠠ ᠦᠳᠡᠭᠡᠷᠢ ᠳᠤ ᠣᠨᠴᠤᠭᠤᠢ ᠬᠡᠷᠡᠭᠴᠡᠭᠡ ᠲᠠᠢ᠃ ᠲᠡᠮᠡᠭᠡᠨ ᠶᠠᠰᠤ ᠶᠢ ᠵᠠᠭᠠᠨ ᠤ ᠶᠠᠰᠤ ᠰᠢᠭ᠋ ᠦᠵᠡᠳᠡᠭ᠃ ᠨᠡᠩ | ᠴᠦ ᠨᠠᠶᠢᠷ ᠨᠠᠭᠠᠳᠤᠮ ᠤᠨ ᠤᠷᠤᠯᠳᠤᠭᠠᠨ ᠤ ᠱᠠᠩᠨᠠᠯ ᠤᠨ ᠶᠢᠰᠦ ᠶᠢᠰᠦ ᠨᠠᠶᠠᠨ ᠨᠢᠭᠡ ᠶᠢᠨ ᠪᠡᠯᠡᠭ ᠤᠨ ᠲᠡᠷᠢᠭᠦᠨ ᠳᠤ | ᠮᠥᠩᠭᠦᠨ ᠪᠣᠶᠢᠯᠠ ᠲᠠᠢ ᠴᠠᠭᠠᠨ ᠲᠡᠮᠡᠭᠡ ᠣᠷᠣᠳᠠᠭ ᠶᠣᠰᠣᠲᠠᠢ᠃ | ᠦᠵᠦᠮᠦᠴᠢᠨ ᠳᠤ᠂ ᠲᠡᠮᠡᠭᠡ ᠨᠢ ᠶᠣᠰᠣᠯᠠᠯ ᠬᠦᠨᠳᠦᠳᠬᠡᠯ ᠤᠨ ᠴᠢᠨᠠᠷ ᠢᠶᠠᠷ ᠲᠤᠰᠬᠠᠢ ᠵᠣᠷᠢᠯᠭ᠎ᠠ ᠪᠣᠯᠭᠠᠵᠤ | ᠮᠠᠯᠵᠢᠭᠰᠠᠨ ᠮᠠᠯ ᠪᠣᠯᠣᠨ᠎ᠠ᠃ | 4. ᠦᠵᠦᠮᠦᠴᠢᠨ ᠳᠤ ᠬᠤᠨᠢ ᠶᠢᠨ ᠬᠡᠷᠡᠭᠴᠡᠭᠡ ᠶᠢ ᠪᠠᠰᠠ ᠲᠤᠰᠬᠠᠶᠢᠵᠢᠭᠤᠯᠤᠭᠰᠠᠨ ᠪᠠᠶᠢᠳᠠᠭ᠃ ᠦᠵᠦᠮᠦᠴᠢᠨ | ᠳᠤ ᠬᠤᠨᠢ ᠶᠢ ᠠᠮᠢᠳᠤᠷᠠᠯ ᠤᠨ ᠭᠤᠣᠯ ᠥᠪ ᠬᠥᠷᠥᠩᠭᠡ ᠪᠠᠷ ᠲᠤᠰᠬᠠᠶᠢᠵᠢᠭᠤᠯᠤᠨ ᠮᠠᠯᠵᠢᠳᠠᠭ᠃ ᠬᠤᠨᠢᠨ ᠤ ᠭᠤᠣᠯ | ᠬᠡᠷᠡᠭᠴᠡᠭᠡ ᠪᠣᠯ ᠨᠢᠭᠡ ᠠᠶᠢᠯ ᠡᠷᠦᠬᠡ ᠶᠢᠨ ᠠᠮᠢᠳᠤᠷᠠᠯ ᠤᠨ ᠭᠤᠣᠯ ᠬᠥᠷᠥᠩᠭᠡ ᠪᠣᠯᠣᠨ᠎ᠠ᠃ ᠮᠢᠬ᠎ᠠ ᠪᠠᠷ ᠨᠢ | ᠤᠯᠠᠭᠠᠨ ᠢᠳᠡᠭᠡᠨ ᠤ ᠠᠰᠠᠭᠤᠳᠠᠯ ᠢ ᠲᠠᠰᠤᠯᠬᠤ ᠳᠠᠭᠠᠨ ᠵᠤᠨ ᠱᠥᠯᠥ ᠤᠤᠭᠤᠨ᠎ᠠ᠂ ᠡᠪᠦᠯ ᠢᠳᠡᠰᠢᠨ ᠳᠤ ᠢᠳᠡᠨ᠎ᠡ᠃ | ᠵᠤᠨ ᠤ ᠱᠥᠯᠥ ᠳᠤ ᠨᠢᠭᠡ ᠡᠷᠦᠬᠡ 2 ~ 3 ᠲᠣᠯᠣᠭᠠᠢ ᠬᠤᠨᠢ ᠪᠠᠵᠠᠭᠠᠵᠤ᠂ ᠱᠥᠯᠥ ᠤᠤᠭᠤᠵᠤ᠂ ᠵᠤᠨ ᠤ | ᠱᠥᠯᠥ ᠮᠢᠬᠠᠨ ᠤ ᠠᠰᠠᠭᠤᠳᠠᠯ ᠢ ᠬᠠᠩᠭᠠᠳᠠᠭ᠃ ᠡᠪᠦᠯ ᠤᠨ ᠢᠳᠡᠰᠢᠨ ᠳᠤ ᠨᠢᠭᠡ ᠡᠷᠦᠬᠡ ᠨᠢᠭᠡ ᠡᠪᠦᠯ 7 ~12 | ᠲᠣᠯᠣᠭᠠᠢ ᠬᠤᠨᠢ ᠪᠠᠵᠠᠭᠠᠵᠤ᠂ ᠡᠪᠦᠯ ᠬᠠᠪᠤᠷ ᠤᠨ ᠬᠠᠭᠠᠰ ᠵᠢᠯ ᠤᠨ ᠢᠳᠡᠰᠢ ᠪᠠᠨ ᠨᠦᠬᠡᠴᠡᠯᠡᠳᠡᠭ᠃ | ᠦᠵᠦᠮᠦᠴᠢᠨ ᠳᠤ ᠬᠤᠨᠢᠨ ᠤ ᠬᠡᠷᠡᠭᠴᠡᠭᠡ ᠶᠢ ᠲᠤᠰᠬᠠᠶᠢᠵᠢᠭᠤᠯᠤᠭᠰᠠᠨ ᠪᠠᠰᠠ ᠨᠢᠭᠡ ᠴᠢᠬᠤᠯᠠ ᠲᠠᠯ᠎ᠠ ᠪᠣᠯ | ᠲᠡᠭᠦᠨ ᠠᠴᠠ ᠠᠬᠠᠷ ᠤᠩᠭᠠᠰᠤ ᠬᠤᠷᠢᠶᠠᠵᠤ ᠠᠪᠴᠤ ᠢᠰᠡᠭᠡᠢ ᠬᠢᠳᠡᠭ᠃ ᠬᠡᠷᠪᠡ ᠬᠤᠨᠢᠨ ᠤ ᠤᠩᠭᠠᠰᠤ ᠪᠠᠶᠢᠬᠤ | ᠦᠭᠡᠢ ᠪᠣᠯ ᠨᠡᠭᠦᠳᠡᠯ ᠤᠨ ᠠᠮᠢᠳᠤᠷᠠᠯ ᠪᠠᠶᠢᠵᠤ ᠴᠢᠳᠠᠬᠤ ᠦᠭᠡᠢ᠃ ᠬᠤᠨᠢᠨ ᠤ ᠨᠣᠣᠰᠣ ᠨᠢ ᠮᠣᠩᠭᠤᠯ ᠭᠡᠷ ᠤᠨ | ᠪᠦᠷᠢᠶᠡᠰᠦ᠂ ᠢᠰᠡᠭᠡᠢ ᠬᠢᠬᠦ ᠲᠣᠬᠢᠷᠠᠮᠵᠢᠲᠠᠢ ᠮᠠᠲ᠋ᠧᠷᠢᠶᠠᠯ ᠪᠣᠯᠳᠠᠭ᠃ ᠡᠭᠦᠨ ᠠᠴᠠ ᠭᠠᠳᠠᠨ᠎ᠠ ᠰᠢᠷᠲᠡᠭ ᠳᠡᠪᠢᠰᠬᠡᠷ | ᠣᠶᠣᠬᠤ᠂ ᠣᠶᠢᠮᠤᠰᠤ ᠬᠢᠬᠦ᠂ ᠲᠣᠬᠤᠮ ᠬᠢᠬᠦ ᠁ ᠣᠯᠠᠨ ᠲᠠᠯ᠎ᠠ ᠶᠢᠨ ᠬᠡᠷᠡᠭᠴᠡᠭᠡ ᠶᠢ ᠬᠠᠩᠭᠠᠨ᠎ᠠ᠃ ᠬᠡᠷᠪᠡ | ᠨᠢᠭᠡ ᠮᠠᠯᠴᠢᠨ ᠡᠷᠦᠬᠡ ᠨᠢᠭᠡ ᠵᠢᠯ ᠳᠤ 3 ~ 4 ᠰᠢᠨ᠎ᠡ ᠢᠰᠡᠭᠡᠢ ᠬᠡᠷᠡᠭᠰᠡᠬᠦ ᠪᠣᠯ ᠶᠠᠳᠠᠬᠤ ᠳᠤ ᠵᠠᠭᠤ ᠭᠠᠷᠤᠢ ᠬᠤᠨᠢ | ᠦᠭᠡᠢ ᠪᠣᠯᠬᠤ ᠦᠭᠡᠢ᠃ | ᠬᠤᠨᠢ ᠮᠠᠯᠵᠢᠬᠤ ᠶᠢᠨ ᠪᠠᠰᠠ ᠨᠢᠭᠡ ᠴᠢᠬᠤᠯᠠ ᠲᠤᠰᠬᠠᠢ ᠬᠡᠷᠡᠭᠴᠡᠭᠡ ᠪᠣᠯ ᠠᠷᠠᠰᠤ ᠪᠠᠷ ᠨᠢ ᠬᠤᠪᠴᠠᠰᠤ ᠬᠢᠬᠦ | ᠶᠠᠪᠤᠳᠠᠯ ᠪᠣᠯᠣᠨ᠎ᠠ᠃ ᠦᠵᠦᠮᠦᠴᠢᠨ ᠤ ᠠᠭᠤᠷ ᠠᠮᠢᠰᠬᠤᠯ ᠤᠨ ᠨᠥᠬᠦᠴᠡᠯ ᠳᠤ ᠶᠠᠳᠠᠬᠤ ᠳᠤ ᠬᠠᠭᠠᠰ ᠵᠢᠯ ᠠᠷᠠᠰᠤᠨ | ᠬᠤᠪᠴᠠᠰᠤ ᠡᠮᠦᠰᠬᠦ ᠬᠡᠷᠡᠭᠲᠡᠢ᠃ ᠡᠭᠦᠨ ᠳᠤ ᠬᠤᠨᠢᠨ ᠤ ᠠᠷᠠᠰᠤ ᠬᠠᠮᠤᠭ ᠤᠨ ᠲᠣᠬᠢᠷᠠᠮᠵᠢ ᠲᠠᠢ ᠶᠤᠮ᠃ ᠬᠤᠨᠢᠨ | ᠠᠷᠠᠰᠤᠨ ᠤᠲᠤᠮᠠᠯ ᠳᠡᠪᠡᠯ ᠥᠮᠥᠳᠦ ᠡᠪᠦᠯ ᠰᠠᠶᠢᠨ᠃ ᠦᠵᠦᠭᠦᠷᠰᠦ ᠬᠤᠷᠠᠭᠠᠨ ᠵᠤᠪᠴᠠᠭ᠎ᠠ ᠨᠠᠮᠤᠷ ᠬᠠᠪᠤᠷ | ᠲᠣᠬᠢᠲᠠᠢ᠃ ᠡᠶᠢᠮᠦ ᠠᠴᠠ ᠨᠡᠬᠡᠢ ᠬᠤᠪᠴᠠᠰᠤᠨ ᠤ ᠬᠡᠷᠡᠭᠴᠡᠭᠡ ᠶᠢ ᠲᠤᠰᠬᠠᠢ ᠬᠤᠨᠢ ᠮᠠᠯᠵᠢᠵᠤ ᠲᠠᠰᠤᠯᠤᠨ᠎ᠠ᠃ | ᠬᠤᠨᠢ ᠶᠢ ᠪᠠᠰᠠ ᠬᠤᠯᠪᠣᠵᠤ ᠰᠠᠭᠠᠵᠤ ᠰᠦ ᠴᠠᠭᠠᠨ ᠢᠳᠡᠭᠡᠨ ᠤ ᠠᠰᠠᠭᠤᠳᠠᠯ ᠢ ᠲᠠᠰᠤᠯᠤᠨ᠎ᠠ᠃ ᠰᠦ | ᠵᠠᠮᠬᠠᠷᠠᠭᠠᠵᠤ ᠥᠷᠥᠮ᠎ᠡ ᠬᠥᠰᠢᠶᠡᠬᠦ᠂ ᠠᠶᠢᠷᠠᠭ ᠪᠠᠷᠢᠬᠤ ᠳᠤ ᠲᠣᠩ ᠰᠠᠶᠢᠨ ᠪᠥᠭᠡᠳ ᠰᠦ ᠨᠢ ᠥᠳᠬᠡᠨ ᠴᠢᠨᠠᠷᠯᠢᠭ | ᠪᠣᠯᠣᠨ᠎ᠠ᠃ ᠬᠤᠨᠢ ᠶᠢ ᠪᠠᠰᠠ ᠵᠣᠬᠢᠬᠤ ᠲᠤᠭ᠎ᠠ ᠪᠠᠷ ᠲᠥᠯᠥᠪᠯᠡᠵᠦ ᠲᠠᠸᠠᠷᠯᠠᠵᠤ ᠬᠤᠳᠠᠯᠳᠤᠳᠠᠭ᠃ | ᠦᠵᠦᠮᠦᠴᠢᠨ ᠳᠤ ᠬᠤᠨᠢ ᠶᠢ ᠭᠤᠣᠯ ᠬᠥᠷᠥᠩᠭᠡ ᠪᠠᠷ ᠲᠣᠭᠲᠠᠭᠠᠵᠤ᠂ ᠬᠡᠷᠡᠭᠴᠡᠭᠡ ᠲᠠᠢ ᠠᠮᠢᠳᠤᠷᠠᠯ ᠳᠠᠭᠠᠨ | ᠲᠤᠰᠬᠠᠶᠢᠵᠢᠭᠤᠯᠤᠨ ᠵᠦᠢ ᠵᠣᠬᠢᠰᠲᠠᠢ ᠬᠡᠷᠡᠭᠯᠡᠬᠦ ᠶᠢ ᠳᠦᠷᠢᠮᠵᠢᠭᠦᠯᠦᠭᠰᠡᠨ ᠨᠢ ᠬᠤᠨᠢᠨ ᠤ ᠠᠵᠤ ᠠᠬᠤᠢ ᠶᠢᠨ | ᠬᠥᠭᠵᠢᠯᠲᠡ ᠶᠢ ᠲᠦᠷᠭᠡᠳᠬᠡᠵᠦ᠂ ᠠᠰᠢᠭᠯᠠᠯᠲᠠ ᠶᠢᠨ ᠦᠷ᠎ᠡ ᠠᠰᠢᠭ ᠢ ᠳᠡᠭᠡᠭᠰᠢᠯᠡᠭᠦᠯᠵᠦ ᠢᠷᠠᠵᠠᠢ᠃ ᠡᠶᠢᠮᠦ ᠠᠴᠠ | ᠦᠵᠦᠮᠦᠴᠢᠨ᠂ ᠬᠤᠨᠢᠨ ᠤ ᠣᠨᠴᠠ ᠭᠠᠷᠤᠯᠲᠠ ᠶᠢᠨ ᠣᠷᠣᠨ ᠪᠣᠯᠵᠠᠢ᠃ ᠠᠳᠡ ᠬᠤᠨᠢ ᠲᠠᠪᠤᠨ ᠬᠤᠰᠢᠭᠤ ᠮᠠᠯ ᠤᠨ | ᠳᠣᠲᠣᠷ᠎ᠠ ᠡᠷᠲᠡ ᠳᠡᠭᠡᠳᠦ ᠠᠴᠠ ᠭᠤᠣᠯ ᠪᠠᠶᠢᠷᠢ ᠶᠢ ᠡᠵᠡᠯᠡᠵᠦ ᠪᠦᠬᠦ ᠮᠠᠯ ᠤᠨ ᠳᠣᠲᠣᠷ᠎ᠠ ᠬᠠᠮᠤᠭ ᠤᠨ ᠠᠷᠪᠢᠨ | ᠬᠠᠷᠢᠴᠠᠯ ᠲᠠᠢ ᠪᠠᠶᠢᠳᠠᠭ᠃ | 5. ᠦᠵᠦᠮᠦᠴᠢᠨ ᠳᠤ ᠢᠮᠠᠭ᠎ᠠ ᠶᠢ ᠪᠠᠰᠠ ᠲᠤᠰᠬᠠᠢ ᠵᠣᠷᠢᠯᠭ᠎ᠠ ᠤᠷᠢᠯᠭ᠎ᠠ ᠲᠠᠢ ᠮᠠᠯᠵᠢᠳᠠᠭ᠃ ᠢᠮᠠᠭᠠᠨ ᠤ | ᠲᠤᠰᠬᠠᠢ ᠬᠡᠷᠡᠭᠴᠡᠭᠡ ᠪᠣᠯ ᠢᠮᠠᠭ᠎ᠠ ᠶᠢ ᠲᠠᠪᠤᠨ ᠬᠤᠰᠢᠭᠤ ᠮᠠᠯ ᠤᠨ ᠴᠢᠬᠤᠯᠠ ᠪᠦᠷᠢᠯᠳᠦᠬᠦᠨ᠂ ᠠᠮᠢᠳᠤᠷᠠᠯ ᠤᠨ | ᠴᠢᠬᠤᠯᠠ ᠬᠥᠷᠥᠩᠭᠡ ᠶᠢᠨ ᠨᠢᠭᠡ ᠪᠠᠷ ᠦᠵᠡᠳᠡᠭ᠃ ᠦᠵᠦᠮᠦᠴᠢᠨ ᠮᠣᠩᠭᠤᠯᠴᠤᠳ ᠲᠡᠭᠦᠨ ᠢ ᠮᠢᠬ᠎ᠠ ᠠᠷᠠᠰᠤ | ᠨᠣᠣᠰᠣ ᠪᠠ ᠰᠦ ᠶᠢᠨ ᠬᠡᠷᠡᠭᠴᠡᠭᠡᠨ ᠳᠤ ᠠᠰᠢᠭᠯᠠᠬᠤ ᠵᠣᠷᠢᠯᠭ᠎ᠠ ᠲᠠᠢ ᠲᠡᠵᠢᠭᠡᠵᠦ ᠡᠵᠡᠩᠨᠡᠳᠡᠭ᠃ | ᠢᠮᠠᠭ᠎ᠠ ᠶᠢ ᠪᠠᠰᠠ ᠵᠤᠨ ᠤ ᠱᠥᠯᠥ ᠤᠤᠭᠤᠬᠤ᠂ ᠡᠪᠦᠯ ᠤᠨ ᠢᠳᠡᠰᠢ ᠢᠳᠡᠬᠦ ᠳᠤ ᠪᠠᠵᠠᠭᠠᠵᠤ ᠠᠯᠠᠵᠤ | ᠢᠳᠡᠳᠡᠭ᠃ ᠴᠢᠩᠭᠢᠬᠦ ᠳᠡᠭᠡᠨ ᠲᠡᠷᠡ ᠨᠢ ᠪᠣᠭ ᠮᠠᠯ ᠢᠳᠡᠬᠦ ᠶᠡᠷᠦᠩᠬᠡᠢ ᠲᠣᠭᠠᠨ ᠳᠤ ᠪᠠᠭᠲᠠᠵᠤ᠂ ᠬᠤᠨᠢᠨ ᠳᠤ | ᠨᠥᠬᠦᠪᠦᠷᠢ ᠪᠣᠯᠣᠨ᠎ᠠ᠃ | ᠠᠷᠠᠰᠤ ᠨᠢ ᠮᠥᠨ ᠬᠦᠢᠲᠡᠨ ᠴᠠᠭ ᠲᠤ ᠡᠮᠦᠰᠬᠦ ᠳᠡᠪᠡᠯ ᠥᠮᠥᠳᠦ ᠵᠡᠷᠭᠡ ᠨᠡᠬᠡᠢ ᠬᠤᠪᠴᠠᠰᠤ ᠬᠢᠬᠦ ᠳᠤ | ᠲᠣᠬᠢᠷᠠᠳᠠᠭ᠃ ᠦᠰᠦ ᠨᠢ ᠬᠡᠪᠡᠷᠡᠭ ᠴᠦ ᠬᠥᠷᠥᠰᠥ ᠨᠢ ᠣᠨᠴᠤᠭᠤᠢ ᠪᠥᠬᠡ ᠪᠠᠶᠢᠵᠤ ᠢᠯᠭᠢ ᠶᠢᠨ ᠡᠳ᠋ᠯᠡᠯ ᠬᠢᠬᠦ ᠳᠤ | ᠲᠣᠩ ᠰᠠᠶᠢᠨ ᠶᠤᠮ᠃ ᠢᠮᠠᠭᠠᠨ ᠰᠦ ᠨᠢ ᠠᠶᠢᠷᠠᠭ ᠪᠠᠷᠢᠬᠤ ᠳᠤ ᠰᠠᠶᠢᠬᠠᠨ ᠪᠥᠭᠡᠳ ᠢᠮᠠᠭ᠎ᠠ ᠶᠢ ᠰᠠᠭᠠᠬᠤ ᠴᠠᠭ ᠨᠢ | ᠤᠷᠲᠤ᠂ ᠰᠦᠨ ᠤ ᠭᠠᠷᠤᠯᠲᠠ ᠨᠡᠯᠢᠶᠡᠳ ᠥᠨᠳᠥᠷ ᠵᠡᠷᠭᠡ ᠣᠨᠴᠠᠯᠢᠭ ᠲᠠᠢ ᠪᠠᠶᠢᠳᠠᠭ᠃ ᠨᠣᠣᠰᠣ ᠨᠣᠯᠤᠤᠷ ᠨᠢ ᠴᠦ | ᠡᠷᠲᠡᠨ ᠠᠴᠠ ᠪᠠᠨ ᠣᠨᠴᠠ ᠭᠠᠷᠤᠯᠲᠠ ᠪᠠᠶᠢᠵᠠᠢ᠃ | ᠢᠮᠠᠭ᠎ᠠ ᠶᠢ ᠦᠵᠦᠮᠦᠴᠢᠨ ᠤ ᠠᠭᠤᠯᠠ ᠬᠠᠳᠠᠷᠠᠬᠠᠭ ᠣᠷᠣᠨ᠂ ᠡᠮᠦᠨ᠎ᠡ ᠲᠠᠯ᠎ᠠ ᠶᠢᠨ ᠬᠢᠩᠭ᠎ᠠ ᠪᠠᠷ ᠥᠰᠬᠡᠬᠦ ᠳᠤ | ᠲᠣᠩ ᠠᠶᠠᠲᠠᠢ ᠪᠥᠭᠡᠳ ︽ᠬᠢᠩᠭ᠎ᠠ ᠢᠮᠠᠭ᠎ᠠ︾ ᠪᠡᠶ᠎ᠡ ᠪᠦᠳᠦᠭᠦᠨ ᠮᠢᠬ᠎ᠠ ᠥᠭᠡᠬᠦ ᠶᠡᠭᠡ᠂ ᠨᠣᠣᠰᠣ ᠨᠣᠯᠤᠤᠷ ᠨᠢ | ᠠᠷᠪᠢᠨ ᠪᠠᠶᠢᠳᠠᠭ᠃ | ᠦᠵᠦᠮᠦᠴᠢᠨ ᠮᠣᠩᠭᠤᠯᠴᠤᠳ ᠲᠡᠦᠬᠡᠨ ᠳᠡᠭᠡᠷ᠎ᠡ᠂ ᠲᠠᠪᠤᠨ ᠬᠤᠰᠢᠭᠤ ᠮᠠᠯ ᠢ ᠵᠡᠷᠭᠡ ᠪᠠᠷ ᠪᠦᠷᠢᠯᠳᠦᠭᠦᠯᠦᠨ | ᠮᠠᠯᠵᠢᠬᠤ ᠶᠢᠨ ᠬᠠᠮᠲᠤ᠂ ᠲᠡᠳᠡᠨ ᠤ ᠲᠤᠰ ᠲᠤᠰ ᠤᠨ ᠣᠨᠴᠠᠯᠢᠭ ᠲᠤᠨᠢ ᠲᠣᠬᠢᠷᠠᠭᠤᠯᠵᠤ᠂ ᠦᠢᠯᠡᠳᠪᠦᠷᠢᠯᠡᠯ | ᠠᠮᠢᠳᠤᠷᠠᠯ ᠳᠤ ᠲᠤᠰ ᠲᠤᠰ ᠢᠶᠠᠷ ᠨᠢ ᠲᠤᠰᠬᠠᠶᠢᠵᠢᠭᠤᠯᠤᠨ ᠠᠰᠢᠭᠯᠠᠵᠤ ᠵᠠᠷᠤᠴᠠᠭᠤᠯᠳᠠᠭ ᠪᠣᠯᠣᠭᠰᠠᠨ ᠨᠢ᠂ ᠲᠡᠳᠡ | ᠤᠷᠲᠤ ᠬᠤᠭᠤᠴᠠᠭᠠᠨ ᠤ ᠦᠢᠯᠡᠳᠪᠦᠷᠢᠯᠡᠯ ᠤᠨ ᠲᠡᠮᠡᠴᠡᠯ ᠤᠨ ᠳᠤᠮᠳᠠ᠂ ᠲᠠᠪᠤᠨ ᠬᠤᠰᠢᠭᠤ ᠮᠠᠯ ᠢ ᠲᠥᠷᠥᠯ ᠵᠦᠢᠯ | ᠢᠶᠠᠷ ᠨᠢ ᠢᠯᠭᠠᠨ᠂ ᠲᠤᠰ ᠪᠡᠶ᠎ᠡ ᠶᠢᠨ ᠮᠥᠨ ᠴᠢᠨᠠᠷ ᠢ ᠰᠢᠨᠵᠢᠯᠡᠬᠦ ᠤᠬᠠᠭᠠᠨᠴᠢ ᠪᠠᠷ ᠰᠤᠳᠤᠯᠤᠨ ᠲᠠᠨᠢᠭᠰᠠᠨ | ᠲᠤᠷᠰᠢᠯᠭ᠎ᠠ ᠶᠢᠨ ᠬᠤᠷᠢᠶᠠᠩᠭᠤᠶᠢᠯᠠᠯ ᠮᠥᠨ᠃ ᠲᠡᠷᠡ ᠨᠢ ᠮᠠᠯ ᠢ ᠮᠠᠯᠵᠢᠵᠤ᠂ ᠡᠳ᠋ᠯᠡᠵᠦ ᠬᠡᠷᠡᠭᠯᠡᠬᠦ ᠳᠤ ᠶᠠᠮᠠᠷ ᠮᠠᠯ ᠢ | ᠶᠠᠭᠤᠨ ᠳᠤ ᠶᠠᠭᠠᠬᠢᠵᠤ ᠬᠡᠷᠡᠭᠯᠡᠬᠦ ᠶᠢ ᠥᠪᠡᠷᠮᠢᠴᠡ ᠴᠢᠳᠠᠪᠬᠢ ᠶᠢᠨ ᠵᠦᠢ ᠶᠣᠰᠣᠭᠠᠷ ᠨᠢ ᠲᠣᠭᠲᠠᠭᠠᠵᠤ᠂ ᠲᠡᠭᠦᠨ | ᠢᠶᠠᠨ ᠴᠢᠨᠠᠭᠰᠢ ᠦᠢᠯᠡᠳᠪᠦᠷᠢᠯᠡᠯ ᠤᠨ ᠬᠥᠭᠵᠢᠯᠲᠡ ᠬᠡᠷᠡᠭᠯᠡᠯᠲᠡ ᠶᠢᠨ ᠦᠷ᠎ᠡ ᠠᠰᠢᠭ ᠢ ᠨᠡᠮᠡᠭᠳᠡᠭᠦᠯᠦᠭᠰᠡᠨ | ᠦᠢᠯᠡᠳᠪᠦᠷᠢᠯᠡᠯ ᠤᠨ ᠠᠷᠭ᠎ᠠ ᠮᠠᠶ᠋ᠢᠭ ᠤᠨ ᠳᠦᠷᠢᠮᠵᠢᠯᠡᠯ᠂ ᠬᠡᠷᠡᠭᠯᠡᠯᠲᠡ᠂ ᠠᠰᠢᠭᠯᠠᠯᠲᠠ ᠶᠢᠨ ᠲᠤᠰᠬᠠᠶᠢᠵᠢᠯᠠᠯ ᠢ | ᠲᠣᠭᠲᠠᠭᠠᠭᠰᠠᠨ ᠪᠠᠶᠢᠨ᠎ᠠ᠃ ᠡᠨᠡᠬᠦ ᠲᠣᠭᠲᠠᠴᠠ ᠨᠢ ᠲᠡᠷᠡ ᠦᠶ᠎ᠡ ᠶᠢᠨ ᠨᠥᠬᠦᠴᠡᠯ ᠳᠤ ᠮᠠᠯ ᠰᠦᠷᠦᠭ ᠤᠨ ᠥᠪᠡᠷ | ᠤᠨ ᠪᠤᠰᠤᠳᠴᠢ ᠵᠦᠢ ᠶᠣᠰᠣᠨ ᠳᠤ ᠨᠡᠶᠢᠴᠡᠵᠦ ᠮᠠᠯ ᠠᠵᠤ ᠠᠬᠤᠢ ᠶᠢᠨ ᠦᠢᠯᠡᠳᠪᠦᠷᠢᠯᠡᠯ ᠢ ᠬᠥᠭᠵᠢᠭᠦᠯᠬᠦ ᠳᠤ | ᠳᠤᠲᠠᠭᠳᠠᠵᠤ ᠪᠣᠯᠬᠤ ᠦᠭᠡᠢ ᠲᠡᠦᠬᠡᠨ ᠦᠢᠯᠡᠳᠦᠯ ᠦᠵᠡᠭᠦᠯᠦᠭᠰᠡᠭᠡᠷ ᠢᠷᠠᠵᠠᠢ᠃ | ᠲᠡᠷᠡ ᠨᠢ ᠪᠠᠰᠠ ᠡᠰᠡᠷᠭᠦ ᠲᠠᠯ᠎ᠠ ᠠᠴᠠ ᠪᠠᠨ ᠮᠠᠯ ᠰᠦᠷᠦᠭ ᠤᠨ ᠪᠤᠰᠤᠳᠴᠢ ᠨᠥᠬᠦᠴᠡᠯ ᠠᠴᠠ ᠵᠥᠷᠢᠴᠡᠭᠰᠡᠨ | ᠮᠠᠯ ᠠᠵᠤ ᠠᠬᠤᠢ ᠦᠢᠯᠡᠳᠪᠦᠷᠢᠯᠡᠯ ᠤᠨ ᠮᠠᠯᠵᠢᠯ ᠤᠨ ᠠᠷᠭ᠎ᠠ ᠮᠠᠶ᠋ᠢᠭ᠂ ᠡᠵᠡᠩᠨᠡᠯᠲᠡ ᠶᠢᠨ ᠬᠡᠯᠪᠡᠷᠢ ᠬᠡᠷᠡᠭᠯᠡᠯᠲᠡ ᠶᠢᠨ | ᠶᠣᠰᠣ ᠪᠤᠰᠤ ᠶᠢ ᠬᠢᠵᠠᠭᠠᠷᠯᠠᠵᠤ ᠢᠷᠠᠵᠠᠢ᠃ ᠭᠡᠪᠡᠴᠦ ᠦᠵᠦᠮᠦᠴᠢᠨ ᠳᠤ ᠣᠨᠴᠤᠭᠤᠢ ᠪᠠᠶᠢᠳᠠᠯ ᠤᠨ ᠳᠣᠣᠷ᠎ᠠ᠂ | ᠡᠯ᠎ᠡ ᠲᠥᠷᠥᠯ ᠤᠨ ᠮᠠᠯ ᠤᠨ ᠬᠡᠷᠡᠭᠯᠡᠯᠲᠡ ᠶᠢ ᠠᠮᠢᠳᠤᠯᠢᠭ ᠢᠶᠠᠷ ᠲᠣᠬᠢᠷᠠᠭᠤᠯᠵᠤ ᠠᠰᠢᠭᠯᠠᠳᠠᠭ᠃ ᠲᠡᠷᠡ ᠨᠢ ᠮᠥᠨᠴᠤ | ᠣᠨᠴᠤᠭᠤᠢ ᠲᠡᠦᠬᠡᠨ ᠨᠥᠬᠦᠴᠡᠯ ᠣᠨᠴᠤᠭᠤᠢ ᠬᠡᠷᠡᠭᠴᠡᠭᠡᠨ ᠳᠤ ᠨᠡᠶᠢᠴᠡᠳᠡᠭ ᠪᠣᠯᠬᠤᠷ ᠲᠡᠳᠡᠨ ᠤ ᠦᠢᠯᠡᠳᠪᠦᠷᠢᠯᠡᠯ | ᠠᠮᠢᠳᠤᠷᠠᠯ ᠳᠤ ᠠᠰᠢᠭ ᠲᠠᠢ ᠪᠠᠶᠢᠭᠰᠠᠨ ᠪᠠᠶᠢᠨ᠎ᠠ᠃ | ᠳᠥᠷᠪᠡ᠂ ᠦᠵᠦᠮᠦᠴᠢᠨ ᠤ ᠤᠯᠠᠮᠵᠢᠯᠠᠯᠲᠤ ᠠᠵᠤ ᠠᠬᠤᠢ ᠳᠠᠬᠢ ᠲᠠᠪᠤᠨ ᠬᠤᠰᠢᠭᠤ ᠮᠠᠯ ᠪᠣᠯ ᠲᠡᠳᠡᠨ ᠤ | ᠡᠳ᠋ ᠤᠨ ᠵᠠᠰᠠᠭ ᠤᠨ ᠬᠥᠭᠵᠢᠯᠲᠡ ᠶᠢᠨ ᠭᠤᠣᠯ ᠰᠠᠭᠤᠷᠢ ᠮᠥᠨ᠃ ᠲᠠᠪᠤᠨ ᠬᠤᠰᠢᠭᠤ ᠮᠠᠯ ᠨᠢ ᠤᠷᠲᠤ | ᠬᠤᠭᠤᠴᠠᠭᠠᠨ ᠤ ᠲᠤᠷᠰᠢ ᠦᠵᠦᠮᠦᠴᠢᠨ ᠤ ᠬᠥᠮᠥᠨ ᠠᠷᠠᠳ ᠨᠡᠶᠢᠭᠡᠮ ᠨᠡᠶᠢᠲᠡ ᠶᠢᠨ ᠪᠣᠳᠠᠰ ᠤᠨ ᠪᠠ ᠰᠣᠶᠣᠯ ᠤᠨ | ᠠᠮᠢᠳᠤᠷᠠᠯ ᠤᠨ ᠬᠡᠷᠡᠭᠴᠡᠭᠡ ᠶᠢ ᠬᠠᠩᠭᠠᠵᠤ᠂ ᠴᠢᠨᠠᠭᠰᠢᠯᠠᠨ ᠲᠡᠳᠡᠨ ᠤ ᠦᠢᠯᠡᠳᠪᠦᠷᠢᠯᠡᠯ ᠤᠨ ᠨᠥᠬᠦᠨ | ᠦᠢᠯᠡᠳᠪᠦᠷᠢᠯᠡᠬᠦ᠂ ᠥᠷᠭᠡᠳᠬᠡᠨ ᠦᠢᠯᠡᠳᠪᠦᠷᠢᠯᠡᠬᠦ ᠶᠢᠨ ᠭᠦᠨᠵᠡᠭᠡᠶᠢᠷᠡᠯ ᠪᠠ ᠥᠷᠭᠡᠵᠢᠯ ᠢ ᠪᠠᠲᠤᠯᠠᠵᠤ ᠢᠷᠡᠭᠰᠡᠨ | ᠪᠠᠶᠢᠨ᠎ᠠ᠃ | ᠦᠵᠦᠮᠦᠴᠢᠨ ᠤ ᠤᠯᠠᠮᠵᠢᠯᠠᠯᠲᠤ ᠮᠠᠯ ᠠᠵᠤ ᠠᠬᠤᠢ ᠶᠢᠨ ᠥᠮᠴᠢᠯᠡᠯ ᠤᠨ ᠲᠣᠭᠲᠠᠴᠠ᠂ ᠡᠵᠡᠩᠨᠡᠯᠲᠡ ᠶᠢᠨ | ᠬᠡᠯᠪᠡᠷᠢ ᠨᠢ ᠨᠡᠶᠢᠭᠡᠮ ᠲᠡᠦᠬᠡ ᠶᠢᠨ ᠵᠠᠶᠢᠯᠠᠰᠢ ᠦᠭᠡᠢ ᠬᠥᠭᠵᠢᠯᠲᠡ ᠶᠢᠨ ᠵᠢᠮ᠎ᠡ ᠶᠣᠰᠣ ᠶᠢᠨ ᠠᠯᠬᠤᠮ ᠳᠠᠷᠠᠭ᠎ᠠ ᠪᠠᠷ | ᠶᠠᠪᠤᠭᠳᠠᠵᠤ᠂ ᠪᠦᠷ ᠭᠡᠷ ᠪᠦᠯᠢ ᠪᠠᠷ ᠨᠢᠭᠡᠴᠢᠯᠡᠭᠰᠡᠨ ᠬᠤᠪᠢ ᠶᠢᠨ ᠠᠵᠤ ᠠᠬᠤᠶᠢᠯᠠᠯ ᠪᠠᠶᠢᠭᠰᠠᠨ ᠶᠤᠮ᠃ ᠬᠤᠪᠢ | ᠶᠢᠨ ᠠᠵᠤ ᠠᠬᠤᠢ ᠶᠢᠨ ᠠᠳᠡᠬᠢ ᠶᠢᠨ ᠬᠥᠮᠥᠨ ᠠᠷᠠᠳ ᠤᠨ ᠨᠡᠶᠢᠭᠡᠮ ᠤᠨ ᠤᠯᠤᠰ ᠲᠥᠷᠥ᠂ ᠠᠵᠤ ᠠᠬᠤᠢ ᠶᠢᠨ | ᠪᠠᠶᠢᠷᠢ ᠰᠠᠭᠤᠷᠢ᠂ ᠦᠢᠯᠡᠳᠪᠦᠷᠢᠯᠡᠬᠦ ᠬᠦᠴᠦᠨ ᠤ ᠪᠤᠰᠤᠳᠴᠢ ᠨᠥᠬᠦᠴᠡᠯ ᠵᠡᠷᠭᠡ ᠣᠯᠠᠨ ᠲᠠᠯ᠎ᠠ ᠶᠢᠨ ᠬᠦᠴᠦᠨ ᠵᠦᠢᠯ | ᠂ ᠤᠴᠢᠷ ᠰᠢᠯᠲᠠᠭᠠᠨ ᠠᠴᠠ ᠪᠣᠯᠵᠤ᠂ ᠪᠠᠶᠠᠨ ᠶᠠᠳᠠᠭᠤ ᠠᠶᠢᠯ ᠡᠷᠦᠬᠡ᠂ ᠪᠠᠶᠠᠨ ᠶᠠᠳᠠᠭᠤ ᠬᠥᠮᠥᠨ ᠠᠷᠠᠳ ᠤᠨ | ᠠᠬᠤᠢ ᠠᠮᠢᠳᠤᠷᠠᠯ ᠤᠨ ᠠᠵᠤ ᠠᠬᠤᠢ ᠶᠢᠨ ᠵᠥᠷᠢᠶ᠎ᠡ ᠶᠢ ᠪᠣᠢ ᠪᠣᠯᠭᠠᠵᠠᠢ᠃ ᠡᠶᠢᠮᠦ ᠠᠴᠠ ᠠᠮᠢᠳᠤᠷᠠᠯ ᠤᠨ ᠲᠦᠪᠰᠢᠨ | ᠠᠳᠠᠯᠢ ᠦᠭᠡᠢ ᠪᠠᠶᠢᠳᠠᠭ ᠪᠠᠶᠢᠨ᠎ᠠ ᠃ | ᠭᠡᠪᠡᠴᠦ ᠨᠡᠶᠢᠭᠡᠮ ᠨᠡᠶᠢᠲᠡ ᠶᠢᠨ ᠶᠡᠷᠦᠩᠬᠡᠢ ᠠᠮᠢᠳᠤᠷᠠᠯ ᠤᠨ ᠠᠷᠭ᠎ᠠ ᠬᠡᠯᠪᠡᠷᠢ ᠳᠡᠭᠡᠷ᠎ᠡ ᠪᠠᠨ ᠪᠠᠶᠠᠨ ᠶᠠᠳᠠᠭᠤ | ᠦᠭᠡᠢ ᠪᠦᠷ ᠮᠠᠯ ᠠᠵᠤ ᠠᠬᠤᠢ ᠶᠢᠨ ᠦᠢᠯᠡᠳᠪᠦᠷᠢᠯᠡᠯ ᠳᠡᠭᠡᠨ ᠲᠦᠰᠢᠭᠯᠡᠵᠦ ᠠᠮᠢᠳᠤᠷᠠᠭᠰᠠᠭᠠᠷ ᠢᠷᠠᠵᠠᠢ᠃ ᠨᠡᠩ ᠴᠦ | ᠲᠡᠳᠡ ᠨᠡᠶᠢᠭᠡᠮ ᠣᠯᠠᠨ ᠢᠶᠠᠷ ᠢᠶᠠᠨ ᠪᠦᠷ ︽ᠲᠠᠪᠤᠨ ᠬᠤᠰᠢᠭᠤ ᠮᠠᠯ ᠳᠠᠭᠠᠨ ᠲᠦᠰᠢᠭᠯᠡᠵᠦ︾ ᠦᠢᠯᠡᠳᠪᠦᠷᠢᠯᠡᠯ | ᠠᠮᠢᠳᠤᠷᠠᠯ ᠤᠨ ᠦᠨᠳᠦᠰᠦᠨ ᠠᠰᠠᠭᠤᠳᠠᠯ ᠢᠶᠠᠨ ᠲᠠᠰᠤᠯᠳᠠᠭ ᠪᠠᠶᠢᠨ᠎ᠠ᠃ | ᠬᠡᠳᠦᠶᠢᠪᠡᠷ ᠦᠵᠦᠮᠦᠴᠢᠨ ᠤ ᠠᠵᠤ ᠠᠬᠤᠢ ᠶᠢᠨ ᠬᠡᠯᠪᠡᠷᠢ ᠳᠤ ᠵᠠᠷᠢᠮ ᠲᠠᠯ᠎ᠠ ᠪᠠᠷ ᠪᠤᠰᠤᠳ ᠵᠦᠢᠯ ᠤᠨ ᠠᠵᠤ | ᠠᠬᠤᠢ ᠶᠢᠨ ᠬᠡᠯᠪᠡᠷᠢ ᠣᠷᠣᠰᠢᠵᠤ ᠪᠠᠶᠢᠭᠰᠠᠨ ᠴᠦ᠂ ᠲᠡᠷᠡ ᠨᠢ ᠪᠦᠷ ︽ᠲᠠᠪᠤᠨ ᠬᠤᠰᠢᠭᠤ ᠮᠠᠯ︾ ᠢᠶᠠᠷ ᠭᠤᠣᠯ | ᠪᠣᠯᠭᠠᠭᠰᠠᠨ ᠮᠠᠯ ᠠᠵᠤ ᠠᠬᠤᠢ ᠶᠢᠨ ᠦᠢᠯᠡᠳᠪᠦᠷᠢᠯᠡᠯ ᠤᠨ ᠲᠣᠭᠤᠷᠢᠨ ᠳᠤ ᠶᠠᠪᠤᠭᠳᠠᠭᠰᠠᠨ ᠪᠠᠶᠢᠨ᠎ᠠ᠃ | ᠨᠡᠯᠢᠶᠡᠳ ᠡᠷᠲᠡ ᠦᠶ᠎ᠡ ᠠᠴᠠ ᠠᠪᠤᠭᠠᠳ᠂ ᠦᠵᠦᠮᠦᠴᠢᠨ ᠠᠶᠢᠯ ᠡᠷᠦᠬᠡ ᠶᠢᠨ ᠬᠥᠮᠥᠨ ᠠᠮᠠ ᠳᠤᠮᠳᠠᠴᠢ | ᠪᠠᠷ ᠪᠠᠷᠤᠭ 3 ~7 ᠠᠮᠠ ᠬᠥᠮᠥᠨ ᠤ ᠬᠤᠭᠤᠷᠣᠨᠳᠤ ᠪᠠᠶᠢᠵᠠᠢ᠃ ᠲᠡᠷᠡ ᠦᠶ᠎ᠡ ᠳᠤ᠂ ᠨᠡᠶᠢᠭᠡᠮ ᠤᠨ ᠬᠠᠮᠤᠭ ᠤᠨ | ᠶᠠᠳᠠᠭᠤ ᠡᠷᠦᠬᠡ ᠴᠦ 1 ~2 ᠲᠣᠯᠣᠭᠠᠢ ᠠᠳᠤᠭᠤ᠂ 4 ~6 ᠲᠣᠯᠣᠭᠠᠢ ᠦᠬᠡᠷ᠂ 15 ~ 20 ᠲᠣᠯᠣᠭᠠᠢ ᠬᠤᠨᠢ | ᠢᠮᠠᠭ᠎ᠠ ᠲᠠᠢ ᠪᠠᠶᠢᠭᠰᠠᠨ ᠪᠣᠯᠣᠨ᠎ᠠ᠃ ᠠᠳᠡ ᠣᠨᠴᠤᠭᠤᠢ ᠨᠥᠬᠦᠴᠡᠯ ᠠᠴᠠ ᠪᠤᠰᠤᠳ ︽ᠭᠠᠩ ᠭᠡᠬᠦ ᠨᠣᠬᠠᠢ ᠦᠭᠡᠢ᠂ | ᠭᠠᠵᠠᠷ ᠬᠢᠰᠬᠢᠬᠦ ᠮᠠᠯ ᠦᠭᠡᠢ︾ ᠠᠶᠢᠯ ᠡᠷᠦᠬᠡ ᠨᠢᠭᠡ ᠴᠦ ᠪᠠᠶᠢᠭᠰᠠᠨ ᠦᠭᠡᠢ᠃ ᠣᠯᠠᠩᠬᠢ ᠳᠠᠭᠠᠨ ᠨᠡᠯᠢᠶᠡᠳ | ᠲᠥᠯᠥᠭᠡᠯᠡᠬᠦ ᠴᠢᠨᠠᠷ ᠲᠠᠢ ᠨᠡᠶᠢᠭᠡᠮ ᠤᠨ ᠶᠠᠳᠠᠭᠤᠯᠢᠭ ᠠᠮᠢᠳᠤᠷᠠᠯ ᠲᠠᠢ ︽ᠶᠠᠳᠠᠭᠤ ᠡᠷᠦᠬᠡ︾ ᠴᠦ 50 ~100 | ᠰᠢᠬᠠᠮ ᠲᠣᠯᠣᠭᠠᠢ ᠪᠣᠳᠠ ᠪᠣᠭ ᠮᠠᠯ ᠲᠠᠢ ᠪᠠᠶᠢᠵᠤ᠂ ᠠᠷᠭᠠᠮᠵᠢᠶᠠᠨ ᠤ ᠮᠣᠷᠢ᠂ ᠤᠰᠤᠨ ᠤ ᠦᠬᠡᠷ᠂ ᠴᠠᠢ ᠶᠢᠨ | ᠰᠦᠨ ᠤ ᠦᠨᠢᠶ᠎ᠡ ᠲᠠᠢ ᠪᠠᠶᠢᠳᠠᠭ᠃ | ᠳᠤᠮᠳᠠ ᠶᠢᠨ ᠮᠠᠯ ᠬᠥᠷᠥᠩᠭᠡ ᠲᠠᠢ ᠠᠶᠢᠯ ᠡᠷᠦᠬᠡ ᠨᠢ 200 ~ 300 ᠪᠣᠭ ᠮᠠᠯ᠂ 20 ~ 30 | ᠲᠣᠯᠣᠭᠠᠢ ᠦᠬᠡᠷ᠂10 ~ 20 ᠲᠣᠯᠣᠭᠠᠢ ᠠᠳᠤᠭᠤ ᠲᠠᠢ ᠪᠠᠶᠢᠳᠠᠭ᠃ ᠨᠡᠯᠢᠶᠡᠳ ᠴᠢᠨᠡᠭᠡᠯᠢᠭ ᠠᠶᠢᠯ ᠡᠷᠦᠬᠡ ᠨᠢ | 500 ~ 700 ᠲᠣᠯᠣᠭᠠᠢ ᠪᠣᠭ ᠮᠠᠯ᠂ 70 ᠣᠷᠴᠢᠮ ᠦᠬᠡᠷ᠂ 50 ~ 60 ᠲᠣᠯᠣᠭᠠᠢ ᠠᠳᠤᠭᠤ᠂3 ~ 5 | ᠲᠣᠯᠣᠭᠠᠢ ᠲᠡᠮᠡᠭᠡ ᠲᠠᠢ ᠪᠠᠶᠢᠳᠠᠭ᠃ | ᠪᠠᠶᠠᠨ ᠪᠠ ᠪᠠᠶᠠᠯᠢᠭ ᠠᠮᠢᠳᠤᠷᠠᠯ ᠲᠠᠢ ᠡᠷᠦᠬᠡ ᠨᠢ 1000 ᠣᠷᠴᠢᠮ ᠲᠣᠯᠣᠭᠠᠢ ᠪᠣᠭ ᠮᠠᠯ᠂100 ᠭᠠᠷᠤᠢ | ᠲᠣᠯᠣᠭᠠᠢ ᠦᠬᠡᠷ᠂ 200 ~ 300 ᠲᠣᠯᠣᠭᠠᠢ ᠠᠳᠤᠭᠤ᠂ 30 ~ 40 ᠲᠣᠯᠣᠭᠠᠢ ᠲᠡᠮᠡᠭᠡ ᠲᠠᠢ ᠪᠠᠶᠢᠳᠠᠭ᠃ | ᠣᠨᠴᠤᠭᠤᠢ ᠪᠠᠶᠠᠨ ᠡᠷᠦᠬᠡ ᠴᠥᠭᠡᠪᠦᠷᠢ ᠪᠣᠯᠣᠨ᠎ᠠ᠃ ᠭᠡᠪᠡᠴᠦ ᠳᠠᠩ ᠲᠥᠷᠥᠯ ᠤᠨ ᠮᠠᠯ ᠨᠢ 1000 ᠲᠣᠯᠣᠭᠠᠢ ᠶᠢ | ᠳᠠᠪᠠᠭᠰᠠᠨ ᠠᠶᠢᠯ ᠡᠷᠦᠬᠡ ᠶᠡᠷᠦ ᠳᠡᠭᠡᠨ 1 ~ 2 ᠲᠠᠰᠤᠷᠠᠭ᠎ᠠ ᠦᠭᠡᠢ ᠭᠠᠷᠤᠭᠰᠠᠭᠠᠷ ᠢᠷᠠᠵᠠᠢ᠃ | ᠶᠠᠭᠤ ᠪᠣᠯᠣᠭᠰᠠᠨ ᠴᠦ ᠦᠵᠦᠮᠦᠴᠢᠨ ᠤ ᠲᠡᠦᠬᠡᠨ ᠳᠡᠭᠡᠷ᠎ᠡ᠂ ᠨᠡᠶᠢᠭᠡᠮ ᠤᠨ ᠠᠵᠤ ᠠᠬᠤᠢ ᠶᠢᠨ ᠳᠠᠪᠬᠤᠷᠭ᠎ᠠ | ᠶᠢᠨ ᠪᠠᠶᠠᠨ ᠶᠠᠳᠠᠭᠤ ᠶᠢ ︽ᠲᠠᠪᠤᠨ ᠬᠤᠰᠢᠭᠤ ᠮᠠᠯ︾ ᠤᠨ ᠲᠤᠭ᠎ᠠ ᠲᠣᠯᠣᠭᠠᠢ ᠶᠢᠨ ᠠᠷᠪᠢᠨ ᠴᠥᠭᠡᠨ ᠢᠶᠠᠷ | ᠪᠠᠷᠢᠮᠵᠢᠶ᠎ᠠ ᠪᠣᠯᠭᠠᠳᠠᠭ᠃ ᠡᠨᠡ ᠨᠢ ᠦᠵᠦᠮᠦᠴᠢᠨ ᠤ ᠲᠡᠦᠬᠡᠨ ᠳᠤ ᠪᠦᠬᠦᠶᠢᠯᠡ ᠨᠡᠶᠢᠭᠡᠮ ᠤᠨ ᠡᠳ᠋ ᠤᠨ ᠵᠠᠰᠠᠭ ᠤᠨ | ᠪᠠ ᠠᠵᠤ ᠠᠬᠤᠢ ᠶᠢᠨ ᠭᠤᠣᠯ ᠪᠦᠲᠦᠴᠡ ᠪᠣᠯ ︽ᠲᠠᠪᠤᠨ ᠬᠤᠰᠢᠭᠤ ᠮᠠᠯ︾ ᠪᠣᠯᠬᠤ ᠶᠢ ᠭᠡᠷᠡᠴᠢᠯᠡᠳᠡᠭ᠃ | ᠶᠠᠭ ᠶᠠᠳᠠᠭᠤ ᠬᠦᠴᠢᠷᠳᠡᠯ ᠲᠠᠢ ᠠᠶᠢᠯ ᠡᠷᠦᠬᠡ ᠴᠦ ᠬᠥᠳᠡᠯᠮᠦᠷᠢ ᠬᠦᠴᠦ ᠪᠠᠷ ᠢᠶᠠᠨ ᠪᠤᠰᠤᠳ ᠤᠨ ᠮᠠᠯ | ᠰᠦᠷᠦᠭ ᠢ ᠬᠠᠷᠢᠭᠤᠯᠬᠤ᠂ ᠡᠰᠡᠬᠦᠯ᠎ᠡ ᠪᠤᠰᠤᠳ ᠤᠨ ᠮᠠᠯ ᠰᠦᠷᠦᠭ ᠠᠴᠠ ᠰᠦᠷᠦᠭ ᠠᠪᠴᠤ ᠮᠠᠯᠵᠢᠵᠤ᠂ ᠠᠮᠢᠳᠤᠷᠠᠯ | ᠤᠨ ᠢᠷᠡᠯᠲᠡ ᠪᠠᠨ ᠬᠠᠩᠭᠠᠵᠤ ᠪᠠᠶᠢᠳᠠᠭ᠃ ᠲᠡᠷᠡ ᠨᠢ ᠮᠥᠨᠴᠦ ᠮᠠᠯ ᠠᠵᠤ ᠠᠬᠤᠢ ᠲᠠᠪᠤᠨ ᠬᠤᠰᠢᠭᠤ ᠮᠠᠯ ᠤᠨ | ᠲᠣᠭᠤᠷᠢᠨ ᠳᠤ ᠠᠵᠤ ᠲᠥᠷᠥᠳᠡᠭ ᠢ ᠬᠠᠷᠠᠭᠤᠯᠳᠠᠭ᠃ | ᠳᠡᠭᠡᠷᠡᠬᠢ ᠪᠠᠶᠢᠳᠠᠯ ᠨᠢ᠂ ᠦᠵᠦᠮᠦᠴᠢᠨ ᠤ ᠲᠡᠦᠬᠡᠨ ᠳᠡᠭᠡᠨ ᠠᠷᠠᠳ ᠢᠷᠭᠡᠳ ᠤᠨ ᠠᠮᠢᠳᠤᠷᠠᠯ ᠤᠨ ᠪᠠᠶᠠᠨ | ᠶᠠᠳᠠᠭᠤ ᠶᠢᠨ ᠢᠯᠭᠠᠭ᠎ᠠ ᠦᠭᠡᠢ ᠪᠦᠬᠦᠶᠢᠯᠡ ᠨᠡᠶᠢᠭᠡᠮ ᠤᠨ ᠠᠮᠢᠳᠤᠷᠠᠯ ᠦᠢᠯᠡᠳᠪᠦᠷᠢᠯᠡᠯ ᠤᠨ ᠠᠰᠠᠭᠤᠳᠠᠯ ᠢ | ᠲᠠᠰᠤᠯᠵᠤ ᠪᠠᠶᠢᠭᠰᠠᠨ ᠰᠠᠭᠤᠷᠢ ᠠᠵᠤ ᠠᠬᠤᠢ ᠪᠣᠯ ︽ᠲᠠᠪᠤᠨ ᠬᠤᠰᠢᠭᠤ ᠮᠠᠯ︾ ᠪᠣᠯᠣᠨ᠎ᠠ ᠭᠡᠳᠡᠭ ᠢ ᠦᠵᠡᠭᠦᠯᠵᠡᠢ | ᠃ | ᠡᠭᠦᠨ ᠢᠶᠠᠷ ᠪᠠᠷᠠᠬᠤ ᠦᠭᠡᠢ᠂ ᠦᠵᠦᠮᠦᠴᠢᠨ ᠳᠤ ᠤᠷᠲᠤ ᠬᠤᠭᠤᠴᠠᠭᠠᠨ ᠤ ᠲᠤᠷᠰᠢ ᠲᠥᠷᠥ ᠪᠠ ᠣᠷᠣᠨ | ᠨᠤᠲᠤᠭ ᠤᠨ ᠡᠳ᠋ ᠤᠨ ᠵᠠᠰᠠᠭ ᠤᠨ ᠭᠠᠶᠢᠯᠢ ᠭᠤᠪᠴᠢᠭᠤᠷ᠂ ᠠᠯᠪᠠ ᠲᠠᠲᠠᠪᠤᠷᠢ ᠶᠢ ᠪᠦᠷ ︽ᠲᠠᠪᠤᠨ ᠬᠤᠰᠢᠭᠤ ᠮᠠᠯ︾ | ᠪᠤᠶᠤ ︽ᠲᠠᠪᠤᠨ ᠬᠤᠰᠢᠭᠤ ᠮᠠᠯ︾ ᠤᠨ ᠠᠰᠢᠭ ᠰᠢᠮ᠎ᠡ ᠶᠢᠨ ᠭᠠᠷᠤᠯᠲᠠ ᠪᠠᠷ ᠪᠠᠷᠢᠮᠵᠢᠶ᠎ᠠ ᠪᠣᠯᠭᠠᠨ ᠲᠠᠲᠠᠵᠤ | ᠪᠠᠶᠢᠵᠤ ᠨᠡᠶᠢᠭᠡᠮ ᠤᠨ ᠪᠠᠶᠢᠭᠤᠯᠤᠯᠲᠠ ᠶᠢᠨ ᠦᠢᠯᠡᠰ ᠬᠢᠭᠡᠳ ᠲᠥᠷᠥ ᠶᠢᠨ ᠵᠣᠬᠢᠰ ᠲᠠᠢ ᠵᠣᠬᠢᠰ ᠦᠭᠡᠢ ᠠᠯᠪᠠ | ᠲᠠᠲᠠᠪᠤᠷᠢ ᠶᠢ ᠲᠤᠰᠢᠶᠠᠵᠤ᠂ ᠡᠳ᠋ ᠤᠨ ᠵᠠᠰᠠᠭ ᠢ ᠬᠥᠷᠥᠩᠭᠡᠯᠡᠵᠦ ᠪᠠᠶᠢᠵᠠᠢ᠃ | ᠡᠨᠡ ᠨᠢ ᠮᠥᠨᠴᠦ ᠦᠵᠦᠮᠦᠴᠢᠨ ᠤ ᠪᠦᠬᠦᠢ ᠮᠠᠯ ᠠᠵᠤ ᠠᠬᠤᠢ ᠶᠢᠨ ᠰᠦᠨᠡᠰᠦ ︽ᠲᠠᠪᠤᠨ ᠬᠤᠰᠢᠭᠤ ᠮᠠᠯ︾ | ᠪᠣᠯ ᠡᠷᠲᠡᠨ ᠠᠴᠠ ᠦᠵᠦᠮᠦᠴᠢᠨ ᠤ ᠤᠯᠤᠰ ᠠᠷᠠᠳ ᠤᠨ ᠪᠠ ᠣᠷᠣᠨ ᠨᠤᠲᠤᠭ ᠤᠨ ᠡᠳ᠋ ᠤᠨ ᠵᠠᠰᠠᠭ ᠤᠨ ᠰᠠᠭᠤᠷᠢ | ᠪᠠᠶᠢᠭᠰᠠᠨ ᠢ ᠭᠡᠷᠡᠴᠢᠯᠡᠵᠡᠢ᠃ | ᠲᠠᠪᠤ᠂ ᠦᠵᠦᠮᠦᠴᠢᠨ ᠤ ᠮᠠᠯ ᠠᠵᠤ ᠠᠬᠤᠢ ᠶᠢᠨ ᠡᠵᠡᠩᠨᠡᠯᠲᠡ ᠶᠢᠨ ᠤᠯᠠᠮᠵᠢᠯᠠᠯᠲᠤ ᠠᠷᠭ᠎ᠠ ᠮᠠᠶ᠋ᠢᠭ ᠪᠣᠯ | ᠠᠳᠡᠬᠢ ᠶᠢᠨ ᠲᠡᠦᠬᠡ ᠶᠢᠨ ᠴᠠᠭ ᠦᠶ᠎ᠡ ᠶᠢᠨ ᠡᠯ᠎ᠡ ᠲᠠᠯ᠎ᠠ ᠶᠢᠨ ᠨᠥᠬᠦᠴᠡᠯ ᠳᠤ ᠵᠣᠬᠢᠴᠠᠭᠰᠠᠨ ᠨᠡᠭᠦᠳᠡᠯ ᠤᠨ ᠮᠠᠯ | ᠠᠵᠤ ᠠᠬᠤᠢ ᠶᠢᠨ ᠡᠵᠡᠩᠨᠡᠯᠲᠡ ᠶᠢᠨ ᠠᠷᠭ᠎ᠠ ᠮᠠᠶ᠋ᠢᠭ ᠪᠣᠯᠣᠨ᠎ᠠ᠃ | ᠭᠡᠪᠡᠴᠦ᠂ ᠡᠨᠡᠬᠦ ᠨᠡᠭᠦᠳᠡᠯ ᠤᠨ ᠮᠠᠯ ᠠᠵᠤ ᠠᠬᠤᠢ ᠶᠢᠨ ᠡᠵᠡᠩᠨᠡᠯᠲᠡ ᠶᠢᠨ ᠠᠷᠭ᠎ᠠ ᠪᠠᠷᠢᠯ ᠨᠢ ᠡᠷᠲᠡᠨ ᠤ | ᠨᠡᠭᠦᠳᠡᠯ ᠤᠨ ᠮᠠᠯ ᠠᠵᠤ ᠠᠬᠤᠢ ᠶᠢᠨ ᠠᠷᠭ᠎ᠠ ᠪᠠᠷᠢᠯ ᠤᠨ ᠰᠠᠭᠤᠷᠢ ᠳᠡᠭᠡᠷ᠎ᠡ ᠠᠴᠠ ᠲᠠᠰᠤᠷᠠᠯᠲᠠ ᠦᠭᠡᠢ ᠪᠠᠷ | ᠤᠷᠤᠭᠰᠢ ᠲᠠᠪᠰᠢᠵᠤ ᠢᠷᠡᠭᠰᠡᠨ ᠨᠡᠭᠦᠳᠡᠯ ᠤᠨ ᠮᠠᠯ ᠠᠵᠤ ᠠᠬᠤᠢ ᠶᠢᠨ ᠠᠷᠭ᠎ᠠ ᠪᠠᠷᠢᠯ ᠶᠤᠮ᠃ | ᠲᠡᠭᠦᠨ ᠢ ᠥᠪᠡᠷᠮᠢᠴᠡ ᠣᠨᠴᠠᠯᠢᠭ ᠨᠢ᠄ ᠨᠢᠭᠡ ᠳᠤ᠂ ᠦᠵᠦᠮᠦᠴᠢᠨ ᠮᠣᠩᠭᠤᠯᠴᠤᠳ ᠤᠨ ᠮᠠᠯ ᠠᠵᠤ ᠠᠬᠤᠢ | ᠶᠢᠨ ᠦᠢᠯᠡᠳᠪᠦᠷᠢ ᠶᠢᠨ ᠦᠨᠳᠦᠰᠦᠨ ᠰᠠᠭᠤᠷᠢ ᠨᠤᠲᠤᠭ ᠪᠡᠯᠴᠢᠭᠡᠷ ᠨᠢ᠂ ᠠᠯᠬᠤᠮ ᠠᠯᠬᠤᠮ ᠢᠶᠠᠷ ᠲᠣᠭᠲᠠᠨ | ᠬᠡᠪᠴᠢᠶᠡᠵᠢᠭᠡᠳ ︽ᠲᠣᠭᠲᠠᠪᠤᠷᠢᠵᠢᠭᠰᠠᠨ︾ ᠬᠡᠯᠪᠡᠷᠢ ᠳᠤ ᠣᠷᠣᠭᠰᠠᠨ ᠪᠠᠶᠢᠳᠠᠭ᠃ ᠡᠨᠡ ᠨᠢ ᠲᠡᠦᠬᠡ ᠶᠢᠨ ᠬᠡᠮᠵᠢᠶ᠎ᠡ | ᠬᠢᠵᠠᠭᠠᠷ ᠦᠭᠡᠢ᠂ ᠬᠠᠷᠠᠯᠲᠠ ᠲᠥᠰᠥᠪ ᠦᠭᠡᠢ ᠰᠠᠭᠤᠷᠢᠨ ᠪᠠᠶᠢᠭᠤᠯᠤᠯᠲᠠ ᠦᠭᠡᠢ᠂ ᠨᠡᠭᠦᠳᠡᠯ ᠤᠨ ᠮᠠᠯ ᠠᠵᠤ | ᠠᠬᠤᠢ ᠶᠢᠨ ᠡᠵᠡᠩᠨᠡᠯᠲᠡ ᠶᠢᠨ ᠠᠷᠭ᠎ᠠ ᠬᠡᠯᠪᠡᠷᠢ ᠠᠴᠠ ᠰᠠᠯᠭᠠᠵᠤ ᠠᠶᠢᠮᠠᠭ ᠨᠤᠲᠤᠭ ᠤᠨ ᠲᠣᠭᠲᠠᠭᠰᠠᠨ ᠨᠤᠲᠤᠭ | ᠲᠠᠭᠠᠨ ᠠᠯᠬᠤᠮ ᠠᠯᠬᠤᠮ ᠢᠶᠠᠷ ᠲᠣᠭᠲᠠᠪᠤᠷᠢᠵᠢᠨ ᠨᠤᠲᠤᠭ ᠪᠡᠯᠴᠢᠭᠡᠷ ᠢ ᠤᠯᠠᠷᠢᠯ ᠳᠤ ᠵᠣᠬᠢᠴᠠᠭᠤᠯᠵᠤ᠂ ᠮᠠᠯ ᠠᠵᠤ | ᠠᠬᠤᠢ ᠳᠤ ᠡᠵᠡᠩᠨᠡᠬᠦ ᠪᠣᠯᠭᠠᠵᠠᠢ᠃ ᠲᠡᠳᠡ ᠡᠪᠦᠯ ᠡᠪᠦᠯᠵᠢᠶᠡᠨ ᠳᠡᠭᠡᠨ ᠨᠡᠭᠦᠵᠦ ᠣᠷᠣᠬᠤ᠂ ᠬᠠᠪᠤᠷ ᠬᠠᠪᠤᠷᠵᠢᠶᠠᠨ | ᠳᠠᠭᠠᠨ ᠨᠡᠭᠦᠵᠦ ᠭᠠᠷᠬᠤ ᠪᠠ ᠵᠤᠨ ᠵᠤᠰᠠᠯᠠᠩ ᠳᠠᠭᠠᠨ ᠨᠡᠭᠦᠵᠦ ᠪᠠᠭᠤᠬᠤ᠂ ᠨᠠᠮᠤᠷ ᠨᠠᠮᠤᠷᠵᠢᠶᠠᠨ ᠳᠠᠭᠠᠨ ᠨᠡᠭᠦᠵᠦ | ᠬᠦᠷᠬᠦ ᠵᠡᠷᠭᠡ᠃ ᠲᠡᠷᠡ ᠨᠢ᠂ ᠲᠡᠷᠡ ᠦᠶ᠎ᠡ ᠶᠢᠨ ᠦᠵᠦᠮᠦᠴᠢᠨ ᠤ ᠨᠤᠲᠤᠭ ᠳᠡᠪᠢᠰᠬᠡᠷ ᠤᠨ ᠪᠡᠯᠴᠢᠭᠡᠷ ᠤᠰᠤ᠂ | ᠨᠥᠮᠥᠷᠢ᠂ ᠨᠥᠭᠡᠯ ᠪᠡᠯᠡᠳᠬᠡᠯ ᠲᠥᠬᠦᠭᠡᠷᠡᠮᠵᠢ ᠠᠷᠠᠴᠢᠯᠠᠭ᠎ᠠ ᠮᠠᠯᠵᠢᠯᠭ᠎ᠠ ᠶᠢᠨ ᠬᠢᠷᠢ ᠬᠡᠮᠵᠢᠶᠡᠨ ᠤ ᠪᠣᠳᠠᠲᠤ ᠪᠠᠶᠢᠳᠠᠯ | ᠳᠤ ᠪᠦᠷᠢᠮᠦᠰᠦᠨ ᠵᠣᠬᠢᠴᠠᠵᠤ᠂ ᠲᠤᠬᠠᠢ ᠶᠢᠨ ᠦᠶ᠎ᠡ ᠶᠢᠨ ᠮᠠᠯ ᠠᠵᠤ ᠠᠬᠤᠢ ᠶᠢᠨ ᠦᠢᠯᠡᠳᠪᠦᠷᠢᠯᠡᠯ ᠤᠨ | ᠦᠨᠳᠦᠰᠦᠨ ᠠᠰᠢᠭ ᠲᠤᠰᠠ ᠲᠠᠢ ᠨᠡᠶᠢᠴᠡᠭᠰᠡᠨ ᠪᠥᠭᠡᠳ ᠪᠠᠰᠠᠴᠤ ᠬᠤᠵᠢᠮ ᠤᠨ ᠨᠤᠲᠤᠭ ᠪᠡᠯᠴᠢᠭᠡᠷ ᠢ ᠲᠥᠯᠥᠪᠯᠡᠭᠡ | ᠲᠠᠢ ᠠᠰᠢᠭᠯᠠᠬᠤ᠂ ᠠᠯᠬᠤᠮ ᠠᠯᠬᠤᠮ ᠢᠶᠠᠷ ᠥᠪᠡᠷ ᠤᠨ ᠨᠤᠲᠤᠭ ᠪᠡᠯᠴᠢᠭᠡᠷ ᠤᠨ ᠳᠣᠲᠣᠷ᠎ᠠ ᠴᠠᠭ ᠲᠠᠢ᠂ ᠬᠡᠮᠵᠢᠶ᠎ᠡ | ᠲᠠᠢ᠂ ᠠᠰᠢᠭ ᠲᠠᠢ ᠨᠡᠭᠦᠳᠡᠯᠯᠡᠨ ᠮᠠᠯᠵᠢᠬᠤ ᠲᠡᠰᠢ ᠬᠥᠭᠵᠢᠭᠰᠡᠨ ᠪᠠᠶᠢᠵᠠᠢ᠃ ᠬᠤᠶᠠᠷ ᠲᠤ᠂ ᠦᠵᠦᠮᠦᠴᠢᠨ ᠤ | ᠬᠥᠮᠥᠨ ᠠᠷᠠᠳ ᠤᠨ ᠣᠷᠣᠨ ᠰᠠᠭᠤᠴᠠ ᠨᠢ ᠠᠯᠬᠤᠮ ᠠᠯᠬᠤᠮ ᠢᠶᠠᠷ ᠲᠡᠳᠡᠨ ᠤ ᠣᠲᠣᠷᠯᠠᠨ ᠮᠠᠯᠵᠢᠵᠤ᠂ | ᠰᠠᠭᠤᠷᠢᠰᠢᠨ ᠰᠠᠭᠤᠵᠤ᠂ ᠮᠠᠯ ᠠᠵᠤ ᠠᠬᠤᠢ ᠡᠵᠡᠩᠨᠡᠬᠦ ᠳᠤ ᠲᠣᠬᠢᠷᠠᠭᠰᠠᠨ ᠤᠯᠠᠮᠵᠢᠯᠠᠯᠲᠤ ᠪᠥᠭᠡᠳ ᠲᠠᠪᠰᠢᠭᠰᠠᠨ | ᠣᠷᠣᠨ ᠰᠠᠭᠤᠴᠠ ᠪᠠᠶᠢᠳᠠᠭ᠃ ︽ᠦᠵᠦᠮᠦᠴᠢᠨ ᠮᠣᠩᠭᠤᠯ ᠭᠡᠷ︾ ᠢᠶᠠᠷ ᠰᠠᠭᠤᠷᠢᠯᠠᠭᠰᠠᠨ ᠦᠵᠦᠮᠦᠴᠢᠨ ᠤ ᠣᠷᠣᠨ | ᠰᠠᠭᠤᠴᠠ ᠪᠣᠯ ᠲᠡᠳᠡᠨ ᠤ ᠥᠪᠡᠷᠮᠢᠴᠡ ᠮᠠᠯ ᠠᠵᠤ ᠠᠬᠤᠢ ᠶᠢᠨ ᠡᠵᠡᠩᠨᠡᠯᠲᠡ ᠶᠢᠨ ᠣᠨᠴᠠᠯᠢᠭ ᠠᠴᠠ ᠡᠭᠦᠰᠦᠭᠰᠡᠨ | ᠮᠠᠯ ᠠᠵᠤ ᠠᠬᠤᠢ ᠶᠢᠨ ᠦᠢᠯᠡᠳᠪᠦᠷᠢᠯᠡᠯ ᠳᠤ ᠬᠠᠮᠤᠭ ᠤᠨ ᠲᠣᠬᠢᠷᠠᠮᠵᠢ ᠲᠠᠢ ᠣᠷᠣᠨ ᠰᠠᠭᠤᠴᠠ ᠪᠣᠯᠣᠨ᠎ᠠ᠃ ︽ | ᠦᠵᠦᠮᠦᠴᠢᠨ ᠮᠣᠩᠭᠤᠯ ᠭᠡᠷ︾ ᠲᠡᠳᠡᠨ ᠤ ᠠᠶᠢᠯ ᠡᠷᠦᠬᠡ ᠪᠦᠷᠢ ᠳᠤ 1 ~ 2 ᠪᠠᠶᠢᠵᠤ᠂ ᠠᠮᠢᠳᠤᠷᠠᠯ | ᠦᠢᠯᠡᠳᠪᠦᠷᠢᠯᠡᠯ ᠠᠶᠢᠯ ᠡᠷᠦᠬᠡ ᠶᠢᠨ ᠬᠡᠷᠡᠭᠴᠡᠭᠡᠨ ᠤ ᠠᠳᠠᠯᠢ ᠦᠭᠡᠢ ᠠᠴᠠ ᠪᠣᠯᠵᠤ ᠭᠡᠷ ᠤᠨ ᠰᠠᠭᠤᠴᠠ ᠶᠢ 4 | ~10 ᠬᠠᠨ᠎ᠠ ᠶᠢᠨ ᠬᠤᠭᠤᠷᠣᠨᠳᠤ ᠲᠣᠬᠢᠷᠠᠭᠤᠯᠵᠠᠢ᠃ ᠮᠣᠩᠭᠤᠯ ᠭᠡᠷ᠂ ᠰᠠᠭᠤᠪᠠᠯ ᠪᠠᠷᠢᠵᠤ᠂ ᠨᠡᠭᠦᠪᠡᠯ ᠠᠴᠢᠵᠤ | ᠲᠡᠭᠡᠭᠡᠵᠦ ᠪᠣᠯᠳᠠᠭ ᠠᠴᠠ ᠣᠲᠣᠷ ᠨᠡᠭᠦᠳᠡᠯ᠂ ᠰᠠᠭᠤᠷᠢᠰᠢᠨ ᠰᠠᠭᠤᠬᠤ ᠳᠤ ᠠᠯᠢᠨ ᠳᠤᠨᠢ ᠴᠦ ᠪᠦᠷ ᠲᠣᠬᠢᠷᠠᠳᠠᠭ | ᠲᠣᠭᠲᠠᠴᠠ ᠲᠠᠢ ᠶᠤᠮ᠃ ︽ᠦᠵᠦᠮᠦᠴᠢᠨ ᠮᠣᠩᠭᠤᠯ ᠭᠡᠷ︾ ᠪᠣᠯ ᠨᠡᠶᠢᠲᠡ ᠮᠣᠩᠭᠤᠯ ᠤᠨ ᠮᠣᠩᠭᠤᠯ ᠭᠡᠷ ᠤᠨ ᠤᠭ | ᠴᠢᠨᠠᠷ ᠢ ᠬᠠᠳᠠᠭᠠᠯᠠᠭᠰᠠᠨ ᠪᠥᠭᠡᠳ ᠨᠡᠩ ᠴᠦ ᠭᠠᠵᠠᠷ ᠣᠷᠣᠨ ᠤ ᠪᠠᠨ ᠨᠡᠭᠦᠳᠡᠯ ᠤᠨ ᠮᠠᠯ ᠠᠵᠤ ᠠᠬᠤᠢ ᠶᠢᠨ | ᠣᠨᠴᠠᠯᠢᠭ ᠲᠤ ᠲᠣᠬᠢᠷᠠᠭᠰᠠᠨ ᠳᠠᠪᠰᠢᠩᠭᠤᠢ ᠢᠵᠢ ᠪᠦᠷᠢᠳᠦᠭᠰᠡᠨ ᠰᠢᠨᠵᠢᠯᠡᠬᠦ ᠤᠬᠠᠭᠠᠨᠴᠢ ᠪᠦᠲᠦᠴᠡ ᠲᠠᠢ ᠮᠣᠩᠭᠤᠯ | ᠭᠡᠷ ᠪᠣᠯᠣᠨ᠎ᠠ᠃ ᠭᠤᠷᠪᠠ ᠳᠤ᠂ ᠦᠵᠦᠮᠦᠴᠢᠨ ᠤ ᠵᠠᠮ ᠬᠠᠷᠢᠯᠴᠠᠭ᠎ᠠ ᠲᠡᠭᠡᠭᠡᠪᠦᠷᠢ ᠶᠢᠨ ᠪᠠᠭᠠᠵᠢ ᠪᠣᠯ ᠲᠡᠳᠡᠨ ᠤ | ᠣᠲᠣᠷ ᠨᠡᠭᠦᠳᠡᠯ ᠤᠨ ᠮᠠᠯ ᠠᠵᠤ ᠠᠬᠤᠢ ᠶᠢᠨ ᠦᠢᠯᠡᠳᠪᠦᠷᠢᠯᠡᠯ ᠤᠨ ᠡᠵᠡᠩᠨᠡᠯᠲᠡ ᠳᠤ ᠲᠣᠬᠢᠷᠠᠭᠰᠠᠨ ᠪᠠᠭᠠᠵᠢ | ᠪᠣᠯᠣᠨ᠎ᠠ᠃ ᠲᠡᠷᠡ ᠨᠢ ᠦᠵᠦᠮᠦᠴᠢᠨ ᠤ ᠣᠷᠣᠨ ᠨᠤᠲᠤᠭ ᠤᠨ ᠭᠠᠵᠠᠷ ᠵᠦᠢ᠂ ᠴᠠᠭ ᠠᠭᠤᠷ᠂ ᠴᠠᠰᠤ ᠵᠤᠳ ᠵᠡᠷᠭᠡ | ᠪᠠᠶᠢᠭᠠᠯᠢ ᠶᠢᠨ ᠣᠨᠴᠠᠯᠢᠭ᠂ ᠣᠲᠣᠷ ᠨᠡᠭᠦᠳᠡᠯ ᠤᠨ ᠮᠠᠯ ᠠᠵᠤ ᠠᠬᠤᠢ ᠶᠢᠨ ᠣᠨᠴᠠᠯᠢᠭ ᠲᠠᠭᠠᠨ ᠲᠣᠬᠢᠷᠠᠭᠰᠠᠨ ︽ | ᠦᠵᠦᠮᠦᠴᠢᠨ ᠦᠬᠡᠷ ᠲᠡᠷᠭᠡ︾ ᠪᠣᠯᠣᠨ᠎ᠠ᠃ ᠲᠡᠦᠬᠡᠨ ᠨᠥᠬᠦᠴᠡᠯ ᠤᠨ ᠳᠣᠣᠷ᠎ᠠ ︽ᠦᠵᠦᠮᠦᠴᠢᠨ ᠦᠬᠡᠷ ᠲᠡᠷᠭᠡ︾ | ᠦᠵᠦᠮᠦᠴᠢᠨ ᠤ ᠵᠠᠮ ᠬᠠᠷᠢᠯᠴᠠᠭ᠎ᠠ ᠣᠲᠣᠷ ᠨᠡᠭᠦᠳᠡᠯ ᠤᠨ ᠲᠡᠭᠡᠭᠡᠪᠦᠷᠢ ᠶᠢᠨ ᠭᠤᠣᠯ ᠪᠠᠭᠠᠵᠢ ᠪᠣᠯᠵᠤ ᠢᠷᠠᠵᠠᠢ᠃ | ᠦᠵᠦᠮᠦᠴᠢᠨ ᠤ ᠠᠶᠢᠯ ᠡᠷᠦᠬᠡ ᠨᠢᠭᠡᠪᠦᠷᠢ ᠶᠢᠨ ᠠᠮᠢᠳᠤᠷᠠᠯ ᠳᠤ ᠲᠡᠭᠰᠢᠳᠬᠡᠭᠡᠳ 8 ᠦᠬᠡᠷ ᠲᠡᠷᠭᠡ ᠬᠡᠷᠡᠭᠯᠡᠨ᠎ᠡ᠃ | ᠲᠡᠭᠦᠨ ᠳᠤ ᠬᠠᠮ ᠲᠡᠷᠭᠡ᠂ ᠭᠠᠳᠠᠭ᠎ᠠ ᠠᠪᠳᠠᠷ᠎ᠠ ᠲᠡᠷᠭᠡ᠂ ᠲᠣᠭᠤᠨᠣ ᠶᠢᠨ ᠲᠡᠷᠭᠡ᠂ ᠬᠠᠨ᠎ᠠ ᠶᠢᠨ ᠲᠡᠷᠭᠡ᠂ | ᠳᠣᠲᠣᠷ᠎ᠠ ᠠᠪᠳᠠᠷ᠎ᠠ ᠶᠢᠨ ᠲᠡᠷᠭᠡ᠂ ᠪᠠᠷᠠᠭᠠᠨ ᠲᠡᠷᠭᠡ᠂ ᠬᠤᠩᠰᠤ ᠲᠡᠷᠭᠡ᠂ ᠤᠰᠤᠨ ᠲᠡᠷᠭᠡ ᠁ ᠭᠡᠬᠦ ᠮᠡᠲᠦ᠃ | ᠦᠵᠦᠮᠦᠴᠢᠨ ᠤ ᠦᠬᠡᠷ ᠲᠡᠷᠭᠡ ᠶᠢᠨ ︽ᠲᠡᠷᠭᠡ︾ ᠶᠢ ᠲᠡᠭᠦᠨ ᠤ ᠪᠦᠷᠢᠯᠳᠦᠬᠦᠨ ᠤ ᠠᠳᠠᠯᠢ ᠦᠭᠡᠢ᠂ | ᠴᠢᠳᠠᠯ ᠬᠦᠴᠦ ᠶᠢᠨ ᠠᠳᠠᠯᠢ ᠦᠭᠡᠢ ᠠᠴᠠ ᠪᠣᠯᠵᠤ ᠠᠳᠠᠯᠢ ᠦᠭᠡᠢ ᠮᠣᠳᠣ ᠪᠠᠷ ᠬᠢᠨ᠎ᠡ᠃ ᠬᠢᠬᠦ ᠳᠡᠭᠡᠨ ᠡᠪᠦᠯ ᠤᠨ | ᠴᠠᠰᠤ ᠵᠤᠳ ᠲᠤ ᠰᠢᠭᠢᠳᠬᠦ ᠦᠭᠡᠢ᠂ ᠵᠤᠨ ᠤ ᠰᠢᠪᠠᠷ ᠤᠰᠤᠨ ᠳᠤ ᠰᠠᠭᠤᠬᠤ ᠦᠭᠡᠢ ᠪᠠᠶᠢᠬᠤ ᠶᠢ ᠪᠣᠳᠣᠯᠬᠢᠯᠠᠵᠤ᠂ | ᠴᠣᠯ ᠮᠣᠳᠣ ᠪᠠᠷ ᠮᠠᠲ᠋ᠧᠷᠢᠶᠠᠯ ᠪᠣᠯᠭᠠᠵᠤ᠂ ᠬᠥᠩᠭᠡᠨ ᠮᠠᠶ᠋ᠢᠭ ᠤᠨ ᠮᠥᠷᠲᠡᠭᠡᠨ ᠪᠥᠬᠡ ᠴᠢᠳᠠᠯ ᠢ ᠤᠶᠠᠯᠳᠤᠭᠤᠯᠵᠤ | ᠬᠢᠳᠡᠭ᠃ ᠵᠠᠮ ᠮᠥᠷ ᠤᠨ ᠴᠢᠬᠤᠯ ᠪᠠᠷᠲᠠᠭ᠎ᠠ ᠳᠤ ᠬᠡᠷᠡᠭᠯᠡᠬᠦ ᠴᠢᠬᠤᠯᠠᠴᠢᠯᠠᠭ᠎ᠠ ᠠᠴᠠ ᠪᠣᠯᠵᠤ ᠳᠠᠩ ᠦᠬᠡᠷ ᠤᠨ | ᠴᠢᠳᠠᠯ ᠳᠤ ᠲᠣᠬᠢᠷᠠᠭᠰᠠᠨ ᠳᠠᠭᠠᠭᠠᠴᠠ ᠲᠠᠢ᠂ ᠲᠡᠷᠭᠡ ᠨᠢ ᠭᠤᠷᠪᠠᠨ ᠵᠠᠮ ᠤᠨ ᠬᠡᠮᠵᠢᠶ᠎ᠡ ᠲᠠᠢ ᠥᠷᠭᠡᠨ ᠪᠠᠶᠢᠳᠠᠭ᠃ | ᠦᠵᠦᠮᠦᠴᠢᠨ ︽ᠲᠡᠷᠭᠡ︾ ᠥᠪᠡᠷ ᠢᠶᠠᠨ ᠦᠢᠯᠡᠳᠪᠦᠷᠢᠯᠡᠬᠦ ᠳᠤ ᠠᠮᠠᠷᠬᠠᠨ᠂ ᠡᠪᠳᠡᠷᠡᠪᠡᠯ ᠰᠡᠯᠪᠢᠵᠦ ᠵᠠᠰᠠᠬᠤ ᠳᠤ | ᠳᠥᠭᠦᠮ ᠳᠡᠭᠡᠷ᠎ᠡ ᠪᠠᠨ ᠲᠡᠭᠡᠭᠡᠬᠦ ᠪᠠᠭᠤᠯᠭᠠᠬᠤ ᠬᠥᠲᠥᠯᠵᠦ ᠴᠥᠷᠬᠡᠯᠡᠬᠦ ᠳᠤ ᠬᠢᠯᠪᠠᠷ ᠵᠡᠷᠭᠡ ᠲᠤᠰᠬᠠᠢ ᠣᠨᠴᠠᠯᠢᠭ ᠲᠠᠢ | ᠪᠣᠯᠣᠨ᠎ᠠ᠃ ︽ᠦᠵᠦᠮᠦᠴᠢᠨ ᠮᠣᠳᠣᠨ ᠲᠡᠷᠭᠡ︾ ᠳᠤ ᠡᠷ᠎ᠡ ᠦᠬᠡᠷ ᠬᠥᠯᠥᠨ᠎ᠡ᠃ ᠬᠥᠯᠪᠦᠷᠢ ᠶᠢᠨ ᠡᠷ᠎ᠡ ᠦᠬᠡᠷ ᠢ | ᠬᠢᠵᠢᠶᠠᠯᠠᠩ ᠭᠤᠨ᠎ᠠ ᠳᠡᠭᠡᠷ᠎ᠡ ᠨᠢ ᠬᠥᠯᠵᠦ ᠰᠤᠷᠭᠠᠳᠠᠭ᠃ ᠬᠥᠯᠪᠦᠷᠢ ᠶᠢᠨ ᠡᠷ᠎ᠡ ᠦᠬᠡᠷ ᠨᠠᠰᠤ ᠨᠢ ᠶᠠᠪᠤᠬᠤ ᠲᠤᠲᠤᠮ | ᠬᠥᠯᠬᠦ ᠳᠤ ᠤᠯᠠᠮ ᠰᠠᠶᠢᠨ ᠴᠠᠭᠠᠷᠠᠵᠤ᠂ ᠶᠣᠰᠣᠲᠠᠢ ᠠᠷᠠᠯ ᠤᠨ ᠱᠠᠷ ᠪᠣᠯᠳᠠᠭ᠃ ᠡᠶᠢᠮᠦ ᠠᠴᠠ ᠡᠷ᠎ᠡ ᠦᠬᠡᠷ ᠨᠢ | ᠦᠵᠦᠮᠦᠴᠢᠨ ᠤ ᠨᠡᠭᠦᠳᠡᠯ ᠤᠨ ᠮᠠᠯ ᠠᠵᠤ ᠠᠬᠤᠢ ᠶᠢᠨ ᠵᠠᠮ ᠬᠠᠷᠢᠯᠴᠠᠭ᠎ᠠ ᠣᠲᠣᠷ ᠨᠡᠭᠦᠳᠡᠯ ᠤᠨ ᠬᠠᠮᠤᠭ ᠤᠨ | ᠰᠠᠶᠢᠨ ᠬᠥᠯᠪᠦᠷᠢ ᠮᠥᠨ᠃ ᠳᠥᠷᠪᠡ ᠳᠤ᠂ ᠦᠵᠦᠮᠦᠴᠢᠨ ᠤ ᠤᠨᠤᠭ᠎ᠠ ᠬᠥᠯᠥᠭ ᠪᠣᠯ ᠲᠡᠳᠡᠨ ᠤ ᠣᠲᠣᠷ ᠨᠡᠭᠦᠳᠡᠯ | ᠪᠡᠯᠴᠢᠭᠡᠷ ᠤᠨ ᠮᠠᠯ ᠠᠵᠤ ᠠᠬᠤᠢ ᠶᠢᠨ ᠡᠵᠡᠩᠨᠡᠯᠲᠡ ᠳᠡᠭᠡᠨ ᠲᠣᠬᠢᠷᠠᠭᠰᠠᠨ ᠤᠨᠤᠭ᠎ᠠ ᠤᠨᠤᠰᠢ ᠪᠠᠶᠢᠳᠠᠭ᠃ ᠮᠣᠷᠢ | ᠪᠣᠯ ᠲᠡᠳᠡᠨ ᠤ ᠦᠢᠯᠡᠳᠪᠦᠷᠢᠯᠡᠯ ᠠᠮᠢᠳᠤᠷᠠᠯ ᠤᠨ ᠦᠢᠯᠡᠰ ᠤᠨ ᠰᠢᠭᠤᠳ ᠤᠨᠤᠯᠭ᠎ᠠ ᠮᠥᠨ᠃ ᠲᠡᠷᠡ ᠨᠢ | ᠦᠵᠦᠮᠦᠴᠢᠨ ᠤ ᠶᠡᠭᠡ ᠪᠠᠷ ᠰᠦᠷᠦᠭᠯᠡᠨ ᠪᠡᠯᠴᠢᠭᠡᠷ ᠢᠶᠠᠷ ᠮᠠᠯᠵᠢᠳᠠᠭ ᠮᠠᠯ ᠠᠵᠤ ᠠᠬᠤᠢ ᠶᠢᠨ ᠡᠵᠡᠩᠨᠡᠯᠲᠡ ᠶᠢᠨ | ᠠᠷᠭ᠎ᠠ ᠮᠠᠶ᠋ᠢᠭ ᠲᠤ ᠣᠨᠴᠤᠭᠤᠢ ᠲᠣᠬᠢᠷᠠᠳᠠᠭ᠃ ᠪᠣᠭ ᠮᠠᠯ ᠢ 1000 ᠲᠣᠯᠣᠭᠠᠢ ᠪᠠᠷ ᠰᠦᠷᠦᠭᠯᠡᠳᠡᠭ᠂ ᠦᠬᠡᠷ ᠢ | 100 ᠲᠣᠯᠣᠭᠠᠢ ᠪᠠᠷ ᠰᠦᠷᠦᠭᠯᠡᠳᠡᠭ᠂ ᠠᠳᠤᠭᠤ ᠶᠢ 300 ᠲᠣᠯᠣᠭᠠᠢ ᠪᠠᠷ ᠰᠦᠷᠦᠭᠯᠡᠳᠡᠭ ᠪᠠᠶᠢᠨ᠎ᠠ᠃ ᠬᠤᠨᠢ | ᠦᠬᠡᠷ ᠢ 20 ~25 ᠭᠠᠵᠠᠷ ᠠᠯᠤᠰ᠂ ᠠᠳᠤᠭᠤ ᠶᠢ 50 ~60 ᠭᠠᠵᠠᠷ ᠤᠨ ᠠᠯᠤᠰ ᠵᠠᠢ ᠲᠠᠢ ᠭᠠᠵᠠᠷ ᠲᠤ | ᠡᠳᠦᠷ ᠪᠦᠷᠢ ᠪᠡᠯᠴᠢᠭᠡᠷᠯᠡᠭᠦᠯᠦᠨ ᠮᠠᠯᠵᠢᠬᠤ᠂ ᠶᠠᠮᠠᠷ ᠴᠦ ᠠᠭᠤᠯᠠ ᠬᠢᠩᠭ᠎ᠠ ᠭᠤᠤ ᠵᠢᠯᠭ᠎ᠠ᠂ ᠶᠠᠮᠠᠷ ᠴᠦ ᠨᠠᠮᠤᠭ ᠲᠠᠩ | ᠤᠰᠤ ᠰᠢᠪᠠᠷ ᠲᠤ ᠴᠦ ᠭᠡᠳ ᠮᠣᠷᠢ ᠪᠦᠷ ᠮᠠᠯ ᠠᠵᠤ ᠠᠬᠤᠢ ᠶᠢᠨ ᠦᠢᠯᠡᠳᠪᠦᠷᠢᠯᠡᠯ ᠤᠨ ᠤᠨᠤᠯᠭ᠎ᠠ ᠶᠢᠨ | ᠠᠰᠠᠭᠤᠳᠠᠯ ᠢ ᠰᠢᠢᠳᠪᠦᠷᠢᠯᠡᠵᠦ ᠴᠢᠳᠠᠳᠠᠭ᠃ ᠡᠶᠢᠮᠦ ᠠᠴᠠ ᠦᠵᠦᠮᠦᠴᠢᠨ ᠳᠤ ᠮᠠᠯ ᠰᠦᠷᠦᠭ ᠤᠨ ᠡᠵᠡᠩᠨᠡᠯᠲᠡ ᠶᠢᠨ | ᠳᠤᠮᠳᠠ ᠮᠣᠷᠢ ᠶᠢ ᠥᠷᠭᠡᠨ ᠢᠶᠠᠷ ᠬᠡᠷᠡᠭᠯᠡᠵᠦ᠂ ᠣᠯᠠᠨ ᠢᠶᠠᠷ ᠤᠨᠤᠵᠤ ᠲᠤᠰᠬᠠᠢ ᠮᠠᠯ ᠰᠦᠷᠦᠭ ᠤᠨ ᠤᠨᠤᠯᠭ᠎ᠠ | ᠪᠣᠯᠭᠠᠭᠰᠠᠨ ᠪᠠᠶᠢᠳᠠᠭ᠃ ᠲᠡᠳᠡ᠂ ᠮᠣᠷᠢ ᠶᠢ ᠮᠠᠯ ᠰᠦᠷᠦᠭ ᠲᠤ ᠤᠨᠤᠭᠰᠠᠨ ᠠᠴᠠ ᠲᠡᠨᠳᠡᠬᠢ ᠶᠢᠨ ᠬᠥᠮᠥᠰ ᠬᠤᠷᠮᠣᠢ | ᠴᠢᠷᠦᠨ ᠮᠠᠯ ᠳᠤ ᠶᠠᠪᠠᠭᠠᠨ ᠶᠠᠪᠤᠳᠠᠭ ᠬᠥᠮᠥᠨ ᠨᠢᠭᠡ ᠴᠦ ᠪᠠᠶᠢᠳᠠᠭ ᠦᠭᠡᠢ᠃ ᠮᠠᠯ ᠰᠦᠷᠦᠭ ᠤᠨ ᠮᠠᠯᠵᠢᠯᠭ᠎ᠠ ᠳᠤ | ᠮᠣᠷᠢ ᠶᠢ ᠲᠤᠰᠬᠠᠢ ᠬᠡᠷᠡᠭᠯᠡᠭᠰᠡᠨ ᠶᠠᠪᠤᠳᠠᠯ ᠪᠣᠯ ᠮᠠᠯ ᠰᠦᠷᠦᠭ ᠤᠨ ᠦᠢᠯᠡᠳᠪᠦᠷᠢᠯᠡᠬᠦ ᠬᠦᠴᠦᠨ ᠤ ᠬᠥᠭᠵᠢᠯᠲᠡ ᠶᠢ | ᠲᠤᠶᠢᠯ ᠤᠨ ᠶᠡᠭᠡ ᠪᠠᠷ ᠠᠬᠢᠭᠤᠯᠵᠤ᠂ ᠮᠠᠯ ᠤᠨ ᠠᠷᠠᠴᠢᠯᠠᠭ᠎ᠠ ᠮᠠᠯᠵᠢᠯᠭ᠎ᠠ ᠳᠤ ︽ᠠᠮᠢᠳᠤ ᠮᠠᠰᠢᠨ︾ ᠬᠡᠷᠡᠭᠯᠡᠭᠰᠡᠨ | ᠶᠠᠪᠤᠳᠠᠯ ᠮᠥᠨ᠃ ᠲᠠᠪᠤ ᠳᠤ᠂ ᠦᠵᠦᠮᠦᠴᠢᠨ ᠤ ᠮᠠᠯ ᠰᠦᠷᠦᠭ ᠤᠨ ᠰᠦᠷᠦᠭ ᠤᠨ ᠨᠣᠷᠮ᠎ᠠ ᠨᠢ ᠣᠲᠣᠷ ᠨᠡᠭᠦᠳᠡᠯ | ᠤᠨ ᠶᠡᠭᠡ ᠮᠠᠯ ᠠᠵᠤ ᠠᠬᠤᠢ ᠶᠢᠨ ᠦᠢᠯᠡᠳᠪᠦᠷᠢᠯᠡᠯ ᠤᠨ ᠡᠵᠡᠩᠨᠡᠯᠲᠡ ᠳᠤ ᠪᠠᠰᠠ ᠲᠣᠩ ᠲᠣᠬᠢᠷᠠᠮᠵᠢᠲᠠᠢ ᠪᠠᠶᠢᠵᠠᠢ᠃ | ᠨᠡᠭᠦᠳᠡᠯ ᠤᠨ ᠥᠷᠲᠡᠭ ᠪᠠ ᠮᠠᠯ ᠠᠵᠤ ᠠᠬᠤᠢ ᠶᠢᠨ ᠥᠷᠲᠡᠭ ᠤᠨ ᠬᠠᠷᠢᠴᠠᠭᠠᠨ ᠳᠤ ᠮᠠᠯ ᠠᠵᠤ ᠠᠬᠤᠢ ᠶᠢᠨ | ᠦᠢᠯᠡᠳᠪᠦᠷᠢᠯᠡᠯ ᠤᠨ ᠥᠷᠲᠡᠭ ᠨᠢ ᠡᠷᠬᠡᠪᠰᠢ ᠨᠡᠭᠦᠳᠡᠯ ᠤᠨ ᠥᠷᠲᠡᠭ ᠠᠴᠠ ᠶᠡᠬᠡᠪᠡᠷ ᠳᠠᠪᠠᠭ᠋ᠤ ᠬᠡᠷᠡᠭᠲᠡᠢ᠃ ᠡᠨᠡ ᠨᠢ | ᠨᠡᠭᠦᠳᠡᠯ ᠤᠨ ᠥᠷᠲᠡᠭ ᠤᠨ ᠵᠠᠷᠤᠴᠠᠭᠤᠯᠭ᠎ᠠ ᠠᠴᠠ ᠮᠠᠯ ᠠᠵᠤ ᠠᠬᠤᠢ ᠶᠢᠨ ᠦᠢᠯᠡᠳᠪᠦᠷᠢᠯᠡᠯ ᠤᠨ ᠥᠷᠲᠡᠭ ᠤᠨ | ᠣᠷᠣᠯᠭ᠎ᠠ ᠶᠢ ᠡᠷᠬᠡᠪᠰᠢ ᠶᠡᠭᠡ ᠬᠡᠮᠵᠢᠶ᠎ᠡ ᠪᠠᠷ ᠳᠠᠪᠠᠭᠤᠯᠬᠤ ᠳᠤ᠂ ᠵᠠᠪᠠᠯ ᠮᠠᠯ ᠰᠦᠷᠦᠭ ᠢ ᠶᠡᠬᠡᠪᠡᠷ ᠰᠦᠷᠦᠭᠯᠡᠵᠦ | ᠣᠯᠠᠨ ᠢᠶᠠᠷ ᠡᠵᠡᠩᠨᠡᠬᠦ ᠦᠢᠯᠡᠳᠪᠦᠷᠢᠯᠡᠯ ᠤᠨ ᠠᠷᠭ᠎ᠠ ᠬᠡᠮᠵᠢᠶ᠎ᠡ ᠶᠢ ᠪᠠᠷᠢᠮᠲᠠᠯᠠᠬᠤ ᠬᠡᠷᠡᠭᠲᠡᠢ ᠪᠣᠯᠭᠠᠵᠠᠢ᠃ ᠲᠡᠶᠢᠮᠦ | ᠪᠢᠰᠢ ᠪᠣᠯ ᠬᠡᠳᠦᠬᠡᠨ ᠲᠣᠯᠣᠭᠠᠢ ᠮᠠᠯ ᠤᠨ ᠲᠥᠯᠥᠭᠡ ᠨᠡᠭᠦᠳᠡᠯ ᠬᠢᠵᠦ ᠨᠡᠭᠦᠳᠡᠯᠯᠡᠨ ᠮᠠᠯᠵᠢᠬᠤ ᠨᠢ ᠶᠡᠷᠦ | ᠦᠢᠯᠡᠳᠪᠦᠷᠢᠯᠡᠯ ᠤᠨ ᠦᠷ᠎ᠡ ᠠᠰᠢᠭ ᠦᠭᠡᠢ᠃ ᠡᠶᠢᠮᠦ ᠠᠴᠠ ᠦᠵᠦᠮᠦᠴᠢᠨ ᠳᠤ ᠨᠡᠭᠦᠳᠡᠯ ᠤᠨ ᠦᠨ᠎ᠡ ᠥᠷᠲᠡᠭ | ᠲᠤ ᠵᠣᠬᠢᠴᠠᠭᠤᠯᠵᠤ᠂ ᠮᠠᠯ ᠰᠦᠷᠦᠭ ᠮᠠᠯᠵᠢᠬᠤ ᠲᠣᠬᠢᠷᠠᠮᠵᠢᠲᠠᠢ ᠰᠦᠷᠦᠭ ᠤᠨ ᠨᠣᠷᠮ᠎ᠠ ᠶᠢ ᠲᠣᠭᠲᠠᠭᠠᠭᠰᠠᠨ ᠪᠠᠶᠢᠵᠠᠢ | ᠃ ᠲᠡᠷᠡ ᠨᠢ ᠮᠠᠯ ᠰᠦᠷᠦᠭ ᠢ ᠨᠢᠭᠡ ᠬᠤᠲᠠ ᠠᠶᠢᠯ ᠢᠶᠠᠷ ᠨᠢᠭᠡᠴᠢᠯᠡᠵᠦ᠂ ᠨᠢᠭᠡ ᠬᠤᠲᠠᠨ ᠳᠤ ᠬᠤᠨᠢ ︵ᠪᠣᠭ︶ ᠶᠢ | 700 ~1000 ᠲᠣᠯᠣᠭᠠᠢ᠂ ᠦᠬᠡᠷ ᠢ 100 ~ 200 ᠲᠣᠯᠣᠭᠠᠢ᠂ ᠠᠳᠤᠭᠤ ᠶᠢ 200 ~300 ᠲᠣᠯᠣᠭᠠᠢ | ︵ᠠᠳᠤᠭᠤ ᠶᠢ ᠠᠵᠢᠷᠭ᠎ᠠ ᠪᠠᠷ ᠪᠠᠰᠠ ᠮᠠᠯᠵᠢᠳᠠᠭ︶ ᠣᠷᠴᠢᠮ ᠢᠶᠠᠷ ᠲᠤᠰ ᠲᠤᠰ ᠰᠦᠷᠦᠭᠯᠡᠨ ᠮᠠᠯᠵᠢᠵᠤ ᠢᠷᠠᠵᠠᠢ᠃ | ᠭᠡᠪᠡᠴᠦ ᠳᠠᠩ ᠭᠠᠭᠴᠠ ᠡᠷᠦᠬᠡ ᠠᠶᠢᠯ ᠢᠶᠠᠷ ᠢᠶᠠᠨ ᠬᠤᠳᠠᠯᠠᠬᠤ ᠡᠷᠦᠬᠡ ᠶᠢᠨ ᠮᠠᠯ ᠰᠦᠷᠦᠭ ᠤᠨ ᠲᠤᠭ᠎ᠠ ᠨᠢ ᠠᠳᠠᠯᠢ | ᠦᠭᠡᠢ᠃ 200 ~ 300 ᠲᠣᠯᠣᠭᠠᠢ ᠬᠤᠨᠢ᠂ 20 ~ 30 ᠲᠣᠯᠣᠭᠠᠢ ᠦᠬᠡᠷ᠂ ᠨᠢᠭᠡ ᠠᠵᠢᠷᠭ᠎ᠠ ᠠᠳᠤᠭᠤ ︵ | 10 ~ 20︶ ᠪᠠᠷ ᠪᠦᠷᠢ ᠰᠦᠷᠦᠭᠯᠡᠵᠦ ᠮᠠᠯᠵᠢᠵᠤ ᠪᠠᠶᠢᠳᠠᠭ᠃ ᠣᠯᠠᠩᠬᠢ ᠠᠶᠢᠯ ᠡᠷᠦᠬᠡ ᠨᠢ 3 ~ 4 ᠡᠷᠦᠬᠡ | ᠨᠢᠭᠡ ᠬᠤᠲᠠ ᠠᠶᠢᠯ ᠪᠣᠯᠵᠤ᠂ ᠤᠯᠠᠷᠢᠯ ᠵᠢᠯ ᠤᠨ ᠬᠤᠭᠤᠴᠠᠭ᠎ᠠ ᠪᠠᠷ ᠬᠤᠲᠠ ᠨᠡᠶᠢᠯᠡᠵᠦ᠂ ᠮᠠᠯ ᠰᠦᠷᠦᠭ ᠢᠶᠠᠨ | ᠨᠡᠶᠢᠯᠡᠭᠦᠯᠦᠨ ᠰᠦᠷᠦᠭᠯᠡᠵᠦ ᠮᠠᠯᠵᠢᠳᠠᠭ᠃ ᠡᠨᠡ ᠨᠢ ᠪᠠᠰᠠᠴᠤ ᠦᠵᠦᠮᠦᠴᠢᠨ ᠤ ᠮᠠᠯ ᠠᠵᠤ ᠠᠬᠤᠢ ᠶᠢᠨ | ᠦᠢᠯᠡᠳᠪᠦᠷᠢᠯᠡᠯ ᠤᠨ ᠡᠵᠡᠩᠨᠡᠯᠲᠡ ᠶᠢᠨ ᠨᠢᠭᠡᠨ ᠴᠢᠬᠤᠯᠠ ᠬᠡᠯᠪᠡᠷᠢ ᠪᠠᠶᠢᠭᠰᠠᠨ ᠶᠤᠮ᠃ ᠵᠢᠷᠭᠤᠭ᠎ᠠ ᠳᠤ᠂ | ᠦᠵᠦᠮᠦᠴᠢᠨ ᠳᠤ ᠮᠠᠯ ᠰᠦᠷᠦᠭ ᠢ ᠮᠠᠯᠵᠢᠬᠤ ᠠᠷᠭ᠎ᠠ ᠨᠢ ᠣᠲᠣᠷ ᠨᠡᠭᠦᠳᠡᠯ ᠤᠨ ᠮᠠᠯ ᠠᠵᠤ ᠠᠬᠤᠢ ᠶᠢᠨ | ᠦᠢᠯᠡᠳᠪᠦᠷᠢᠯᠡᠯ ᠤᠨ ᠡᠵᠡᠩᠨᠡᠯᠲᠡ ᠶᠢᠨ ᠶᠡᠷᠦᠩᠬᠡᠢ ᠵᠢᠮ᠎ᠡ ᠶᠣᠰᠣ ᠶᠢᠨ ᠳᠣᠣᠷ᠎ᠠ᠂ ᠡᠯ᠎ᠡ ᠲᠠᠯ᠎ᠠ ᠪᠠᠷ ᠪᠤᠰᠤᠳᠴᠢ | ᠪᠠᠶᠢᠳᠠᠯ ᠳᠤ ᠵᠣᠬᠢᠴᠠᠭᠰᠠᠨ ᠣᠯᠠᠨ ᠬᠡᠯᠪᠡᠷᠢ ᠲᠠᠢ ᠪᠠᠶᠢᠭᠰᠠᠨ ᠪᠠᠶᠢᠨ᠎ᠠ᠃ ᠲᠡᠳᠡ ᠲᠡᠦᠬᠡᠨ ᠨᠥᠬᠦᠴᠡᠯ ᠤᠨ ᠳᠣᠣᠷ᠎ᠠ᠂ | ᠴᠠᠭ ᠤᠯᠠᠷᠢᠯ᠂ ᠨᠤᠲᠤᠭ ᠪᠡᠯᠴᠢᠭᠡᠷ᠂ ᠦᠢᠯᠡᠳᠪᠦᠷᠢᠯᠡᠯ ᠤᠨ ᠵᠠᠩᠭᠢᠯᠠᠭ᠎ᠠ᠂ ᠮᠠᠯ ᠰᠦᠷᠦᠭ ᠤᠨ ᠥᠪᠡᠷ ᠤᠨ | ᠣᠨᠴᠠᠯᠢᠭ ᠵᠡᠷᠭᠡ ᠠᠴᠠ ᠡᠭᠦᠰᠴᠦ᠂ ᠮᠠᠯ ᠮᠠᠯᠵᠢᠬᠤ ᠠᠷᠭ᠎ᠠ ᠮᠠᠶ᠋ᠢᠭ ᠤᠨ ᠲᠠᠯ᠎ᠠ ᠪᠠᠷ ᠬᠡᠵᠢᠶᠡᠳᠡ ᠶᠡᠷᠦᠩᠬᠡᠢ ᠵᠢᠮ᠎ᠡ | ᠶᠣᠰᠣ ᠪᠠ ᠣᠨᠴᠤᠭᠤᠢ ᠪᠠᠶᠢᠳᠠᠯ ᠢ ᠤᠶᠠᠯᠳᠤᠭᠤᠯᠵᠤ ᠠᠷᠠᠴᠢᠯᠠᠭ᠎ᠠ ᠮᠠᠯᠵᠢᠯᠭ᠎ᠠ ᠪᠠ ᠡᠵᠡᠩᠨᠡᠯᠲᠡ ᠪᠠᠨ | ᠲᠣᠬᠢᠷᠠᠭᠤᠯᠳᠠᠭ᠃ ᠰᠠᠭᠤᠷᠢᠰᠢᠨ ᠰᠠᠭᠤᠬᠤ᠂ ᠣᠲᠣᠷᠯᠠᠨ ᠨᠡᠭᠦᠬᠦ᠂ ᠣᠯᠠᠩᠬᠢ ᠮᠠᠯ ᠰᠦᠷᠦᠭ ᠢ ᠪᠡᠯᠴᠢᠭᠡᠷ ᠲᠤ | ᠮᠠᠯᠵᠢᠬᠤ᠂ ᠴᠥᠭᠡᠪᠦᠷᠢ ᠪᠠᠭᠤᠷᠠᠢ ᠮᠠᠯ ᠢ ᠪᠣᠷᠳᠣᠵᠤ ᠲᠡᠵᠢᠭᠡᠬᠦ᠂ ᠦᠬᠡᠷ ᠬᠤᠨᠢ ᠶᠢ ᠬᠤᠲᠠᠨ ᠳᠤ ᠬᠤᠲᠠᠯᠠᠵᠤ | ᠮᠠᠯᠵᠢᠬᠤ᠂ ᠠᠳᠤᠭᠤ ᠲᠡᠮᠡᠭᠡ ᠶᠢ ᠬᠡᠭᠡᠷ᠎ᠡ ᠵᠠᠯᠠᠵᠤ ᠮᠠᠯᠵᠢᠬᠤ᠂ ᠰᠠᠭᠠᠬᠤ ᠰᠤᠪᠠᠢ ᠮᠠᠯ ᠢ ᠰᠠᠯᠭᠠᠵᠤ ᠨᠢᠯᠬ᠎ᠠ᠂ | ᠬᠥᠷᠥᠪᠡ᠂ ᠰᠠᠭᠠᠬᠤ ᠶᠢ ᠴᠦ ᠠᠰ ᠲᠤᠨᠢ ᠵᠢᠵᠢᠭ ᠰᠦᠷᠦᠭᠯᠡᠵᠦ ᠮᠠᠯᠵᠢᠬᠤ᠂ ᠭᠡᠷ ᠢᠶᠠᠷ ᠨᠡᠭᠦᠬᠦ᠂ ᠰᠤᠪᠳᠠᠭ ᠢᠶᠠᠷ | ᠣᠲᠣᠷᠯᠠᠬᠤ ᠲᠤᠬᠠᠢ ᠶᠢᠨ ᠪᠠᠶᠢᠳᠠᠯ ᠳᠤᠨᠢ ᠲᠣᠬᠢᠷᠠᠭᠰᠠᠨ ᠣᠯᠠᠨ ᠵᠦᠢᠯ ᠤᠨ ᠠᠷᠭ᠎ᠠ ᠬᠡᠮᠵᠢᠶ᠎ᠡ ᠶᠢ ᠠᠪᠬᠤ ᠵᠡᠷᠭᠡ | ᠮᠡᠷᠭᠡᠵᠢᠯ ᠤᠨ ᠴᠢᠨᠠᠷ ᠲᠠᠢ ᠮᠠᠯᠵᠢᠬᠤ ᠲᠣᠭᠲᠠᠴᠠ ᠶᠢ ᠪᠠᠶᠢᠭᠤᠯᠵᠠᠢ᠃ | ᠡᠭᠦᠨ ᠠᠴᠠ ᠭᠠᠳᠠᠨ᠎ᠠ᠂ ᠦᠵᠦᠮᠦᠴᠢᠨ ᠤ ᠨᠡᠭᠦᠳᠡᠯ ᠤᠨ ᠮᠠᠯ ᠠᠵᠤ ᠠᠬᠤᠢ ᠶᠢᠨ ᠦᠢᠯᠡᠳᠪᠦᠷᠢᠯᠡᠯ ᠤᠨ | ᠠᠵᠢᠯᠯᠠᠭ᠎ᠠ ᠨᠢ ᠪᠠᠰᠠ ᠤᠯᠠᠷᠢᠯ ᠰᠠᠷ᠎ᠠ ᠡᠳᠦᠷ ᠴᠢᠨᠠᠭᠰᠢᠯᠠᠪᠠᠯ ᠡᠳᠦᠷ ᠲᠤ ᠴᠠᠭ ᠢᠶᠠᠷ ᠲᠣᠬᠢᠷᠠᠭᠤᠯᠤᠭᠰᠠᠨ | ᠲᠣᠭᠲᠠᠭᠰᠠᠨ ᠵᠢᠮ᠎ᠡ ᠶᠣᠰᠣᠭᠠᠷ ᠡᠵᠡᠩᠨᠡᠳᠡᠭ ᠮᠠᠯ ᠮᠠᠯᠵᠢᠯ ᠤᠨ ᠦᠢᠯᠡᠳᠪᠦᠷᠢᠯᠡᠯ ᠤᠨ ᠠᠵᠢᠯᠯᠠᠭ᠎ᠠ ᠪᠠᠶᠢᠳᠠᠭ᠃ ᠲᠡᠳᠡ | ᠨᠢᠭᠡ ᠳᠤ᠂ ᠮᠠᠯ ᠰᠦᠷᠦᠭ ᠤᠨ ᠮᠠᠯᠵᠢᠯ ᠤᠨ ᠨᠤᠲᠤᠭ ᠪᠡᠯᠴᠢᠭᠡᠷ ᠢ ᠤᠯᠠᠷᠢᠯ ᠢᠶᠠᠷ ᠲᠣᠬᠢᠷᠠᠭᠤᠯᠬᠤ ᠶᠢᠨ ᠬᠠᠮᠲᠤ᠂ | ᠲᠡᠭᠦᠨ ᠤ ᠳᠣᠲᠣᠷ᠎ᠠ ᠳᠥᠷᠪᠡᠨ ᠤᠯᠠᠷᠢᠯ ᠤᠨ ᠬᠡᠷᠡᠭᠯᠡᠬᠦ ᠨᠤᠲᠤᠭ ᠪᠡᠯᠴᠢᠭᠡᠷ ᠤᠨ ᠭᠠᠵᠠᠷ ᠪᠠᠶᠢᠴᠠ᠂ ᠤᠰᠤ ᠤᠮᠳᠠ᠂ | ᠡᠪᠡᠰᠦ ᠪᠡᠯᠴᠢᠭᠡᠷ ᠵᠢᠴᠢ ᠦᠢᠯᠡᠳᠪᠦᠷᠢᠯᠡᠯ ᠤᠨ ᠪᠠᠭᠠᠵᠢ ᠬᠡᠷᠡᠭᠰᠡᠯ ᠪᠡᠯᠡᠳᠬᠡᠯ ᠲᠥᠬᠦᠭᠡᠷᠦᠮᠵᠢ ᠶᠢ ᠪᠦᠷᠢ ᠠᠳᠠᠯᠢ | ᠦᠭᠡᠢ ᠲᠣᠬᠢᠷᠠᠭᠤᠯᠳᠠᠭ᠃ ᠵᠤᠨ ᠰᠡᠷᠢᠭᠦᠨ ᠰᠠᠶᠢᠬᠠᠨ ᠥᠨᠳᠦᠷᠯᠢᠭ ᠭᠠᠵᠠᠷ᠂ ᠡᠪᠡᠰᠦ ᠨᠣᠭᠤᠭᠠᠨ ᠤ ᠰᠣᠷᠭᠤᠭ | ᠨᠠᠷᠢᠨ ᠳᠤ ᠵᠤᠰᠠᠵᠤ᠂ ᠬᠤᠷᠤᠭ᠎ᠠ ᠰᠢᠪᠡᠭᠡ ᠪᠠᠭᠠᠵᠢ ᠬᠡᠷᠡᠭᠰᠡᠯ ᠤᠨ ᠳᠥᠭᠦᠮ ᠬᠢᠯᠪᠠᠷ ᠢ ᠬᠡᠷᠡᠭᠯᠡᠬᠦ ᠳᠤ ᠡᠪᠦᠯ ᠬᠠᠷᠢᠨ | ᠨᠥᠮᠥᠷᠢ ᠨᠥᠭᠡᠯ ᠲᠠᠢ᠂ ᠨᠠᠮ ᠬᠤᠲᠣᠭᠤᠷ᠂ ᠰᠢᠭᠤᠷᠭ᠎ᠠ ᠰᠠᠯᠬᠢ ᠢᠷᠡᠬᠦ ᠨᠢ ᠪᠠᠭ᠎ᠠ ᠭᠠᠵᠠᠷ ᠡᠪᠡᠰᠦ ᠪᠡᠯᠴᠢᠭᠡᠷ | ᠪᠣᠶᠢᠳᠠ ᠪᠦᠳᠦᠭᠦᠨ ᠳᠤ ᠡᠪᠦᠯᠵᠢᠵᠦ ᠫᠧᠩ ᠰᠠᠷᠠᠪᠴᠢ ᠬᠥᠬᠡ ᠡᠪᠡᠰᠦ ᠵᠡᠷᠭᠡ ᠪᠡᠯᠡᠳᠬᠡᠯ ᠲᠥᠬᠦᠭᠡᠷᠦᠮᠵᠢ ᠶᠢ ᠶᠡᠭᠡ | ᠪᠠᠷ ᠬᠢᠬᠦ ᠵᠡᠷᠭᠡ ᠁᠃ ᠬᠤᠶᠠᠷ ᠲᠤ᠂ ᠲᠡᠳᠡᠨ ᠤ ᠮᠠᠯᠵᠢᠬᠤ ᠦᠢᠯᠡᠳᠪᠦᠷᠢᠯᠡᠯ ᠨᠢ ᠳᠥᠷᠪᠡᠨ ᠤᠯᠠᠷᠢᠯ ᠳᠤ ᠲᠤᠰ | ᠲᠤᠰ ᠲᠤᠨᠢ ᠦᠢᠯᠡᠳᠪᠦᠷᠢᠯᠡᠯ ᠤᠨ ᠵᠠᠩᠭᠢᠯᠠᠭ᠎ᠠ ᠲᠠᠢ ᠪᠠᠶᠢᠵᠤ᠂ ︽ᠨᠠᠮᠤᠷ ᠦᠷᠡᠯᠡᠵᠦ ᠬᠠᠪᠤᠷ ᠬᠤᠷᠢᠶᠠᠬᠤ︾ ᠂ ︽ | ᠵᠤᠨ ᠪᠡᠯᠡᠳᠬᠡᠬᠦ ᠡᠪᠦᠯ ᠬᠡᠷᠡᠭᠯᠡᠬᠦ︾ ᠭᠡᠬᠦ ᠤᠯᠠᠷᠢᠯ ᠤᠨ ᠠᠵᠢᠯ ᠤᠨ ᠭᠤᠣᠯᠳᠠᠯᠭ᠎ᠠ ᠪᠠᠶᠢᠬᠤ ᠶᠢᠨ ᠬᠠᠮᠲᠤ᠂ ᠤᠯᠠᠷᠢᠯ | ᠤᠨ ᠳᠣᠲᠣᠷ᠎ᠠ ᠰᠠᠷ᠎ᠠ ᠪᠠᠷ ᠦᠢᠯᠡᠳᠪᠦᠷᠢᠯᠡᠯ ᠤᠨ ᠠᠵᠢᠯᠯᠠᠭ᠎ᠠ ᠪᠠᠨ ᠪᠠᠰᠠ ᠨᠠᠷᠢᠨ ᠪᠠᠶᠢᠷᠢᠯᠠᠭᠤᠯᠳᠠᠭ ᠲᠣᠭᠲᠠᠭᠰᠠᠨ | ᠵᠢᠮ᠎ᠡ ᠶᠣᠰᠣ ᠲᠠᠢ᠃ ᠦᠵᠦᠮᠦᠴᠢᠨ ᠳᠤ ᠵᠢᠯ ᠤᠨ 1 ~ 2 ᠰᠠᠷ᠎ᠠ ᠪᠣᠯ ᠮᠠᠯ ᠤᠨ ᠲᠠᠷᠭᠤ ᠬᠠᠮᠠᠭᠠᠯᠠᠬᠤ᠂ ᠬᠡᠭᠡᠯ | ᠬᠠᠮᠠᠭᠠᠯᠠᠬᠤ᠂ ᠮᠠᠯ ᠢᠶᠠᠨ ᠬᠠᠮᠠᠭᠠᠯᠠᠬᠤ ︽ᠭᠤᠷᠪᠠᠨ ᠬᠠᠮᠠᠭᠠᠯᠠᠯᠲᠠ︾ ᠶᠢᠨ ᠵᠠᠩᠭᠢᠯᠠᠭ᠎ᠠ᠃ 3 ~ 4 ᠰᠠᠷ᠎ᠠ ᠪᠣᠯ | ᠦᠷᠭᠦᠯᠵᠢᠯᠡᠨ ᠵᠤᠳ ᠭᠠᠮᠰᠢᠭ ᠲᠠᠢ ᠲᠡᠮᠡᠴᠡᠵᠦ᠂ ᠮᠠᠯ ᠢᠶᠠᠨ ᠬᠠᠮᠠᠭᠠᠯᠠᠬᠤ ᠶᠢᠨ ᠬᠠᠮᠲᠤ᠂ ᠲᠥᠯ ᠤᠨ ᠪᠡᠯᠡᠳᠬᠡᠯ | ᠬᠢᠵᠦ ᠲᠥᠯ ᠲᠣᠰᠴᠤ ᠪᠣᠶᠢᠵᠢᠭᠤᠯᠬᠤ ᠵᠠᠩᠭᠢᠯᠠᠭ᠎ᠠ᠃ 5 ~ 6 ᠰᠠᠷ᠎ᠠ ᠪᠣᠯ ᠭᠠᠷᠤᠯᠲᠠ ᠬᠤᠷᠢᠶᠠᠬᠤ᠂ ᠮᠠᠯ ᠳᠤ | ᠤᠰᠤᠨ ᠲᠠᠷᠭᠤ ᠠᠪᠤᠭᠤᠯᠬᠤ᠂ ᠰᠠᠭᠠᠯᠢ ᠰᠠᠭᠠᠵᠤ ᠢᠰᠡᠭᠡᠢ ᠬᠢᠬᠦ ᠵᠡᠷᠭᠡ ᠵᠠᠩᠭᠢᠯᠠᠭ᠎ᠠ᠃ 7 ~ 8 ᠰᠠᠷ᠎ᠠ ᠮᠠᠯ ᠤᠨ | ᠲᠣᠰᠣᠨ ᠲᠠᠷᠭᠤ ᠠᠪᠤᠭᠤᠯᠬᠤ᠂ ᠡᠪᠡᠰᠦ ᠬᠠᠳᠤᠯᠠᠩ ᠳᠤ ᠭᠠᠷᠴᠤ ᠬᠠᠳᠤᠵᠤ ᠣᠷᠣᠭᠤᠯᠬᠤ ᠠᠵᠢᠯ ᠤᠨ ᠵᠠᠩᠭᠢᠯᠠᠭ᠎ᠠ᠃ | 9 ~10 ᠰᠠᠷ᠎ᠠ ᠦᠷᠭᠦᠯᠵᠢᠯᠡᠨ ᠮᠠᠯ ᠤᠨ ᠲᠣᠰᠣᠨ ᠲᠠᠷᠭᠤ ᠠᠪᠤᠭᠤᠯᠬᠤ᠂ ᠡᠪᠡᠰᠦ ᠬᠠᠳᠤᠯᠠᠩ ᠢᠶᠠᠨ ᠲᠡᠭᠡᠭᠡᠵᠦ | ᠣᠷᠣᠭᠤᠯᠬᠤ ᠶᠢᠨ ᠬᠠᠮᠲᠤ ᠫᠧᠩ ᠰᠠᠷᠠᠪᠴᠢ ᠶᠢ ᠪᠦᠬᠦ ᠲᠠᠯ᠎ᠠ ᠪᠠᠷ ᠰᠡᠯᠪᠢᠵᠦ ᠵᠠᠰᠠᠵᠤ᠂ ᠣᠲᠣᠷ ᠨᠡᠭᠦᠳᠡᠯ ᠤᠨ | ᠪᠡᠯᠡᠳᠬᠡᠯ ᠢ ᠬᠢᠬᠦ ᠵᠡᠷᠭᠡ ᠵᠠᠩᠭᠢᠯᠠᠭ᠎ᠠ᠃ 11 ~ 12 ᠰᠠᠷ᠎ᠠ ᠢᠳᠡᠰᠢ ᠤᠤᠭᠤᠰᠢ ᠪᠠᠨ ᠢᠳᠡᠵᠦ᠂ ᠡᠪᠦᠯ ᠤᠨ | ᠠᠵᠢᠯ ᠳᠠᠭᠠᠨ ᠣᠷᠣᠵᠤ᠂ ᠮᠠᠯ ᠢᠶᠠᠨ ᠬᠠᠮᠠᠭᠠᠯᠠᠬᠤ᠂ ᠲᠠᠷᠭᠤ ᠬᠠᠮᠠᠭᠠᠯᠠᠬᠤ᠂ ᠬᠡᠭᠡᠯ ᠬᠠᠮᠠᠭᠠᠯᠠᠬᠤ ᠪᠦᠬᠦ ᠲᠠᠯ᠎ᠠ ᠶᠢᠨ | ᠪᠠᠶᠢᠯᠳᠤᠭᠠᠨ ᠥᠷᠨᠢᠭᠦᠯᠬᠦ ᠵᠠᠩᠭᠢᠯᠠᠭ᠎ᠠ ᠶᠢᠨ ᠴᠠᠭ ᠲᠤ ᠣᠷᠣᠵᠤ ᠡᠨᠡ ᠡᠪᠦᠯ ᠢᠷᠡᠬᠦ ᠬᠠᠪᠤᠷ ᠤᠨ ᠵᠤᠳ ᠲᠠᠢ | ᠲᠡᠮᠡᠴᠡᠵᠦ ᠮᠠᠯ ᠢᠶᠠᠨ ᠬᠠᠮᠠᠭᠠᠯᠠᠬᠤ ᠳᠠᠶᠢᠨ ᠡᠬᠢᠯᠡᠳᠡᠭ ᠪᠠᠶᠢᠵᠠᠢ᠃ | ᠲᠡᠦᠬᠡᠨ ᠳᠠᠬᠢ ᠦᠵᠦᠮᠦᠴᠢᠨ ᠮᠣᠩᠭᠤᠯᠴᠤᠳ ᠤᠨ ᠮᠠᠯ ᠠᠵᠤ ᠠᠬᠤᠢ ᠶᠢᠨ ᠦᠢᠯᠡᠳᠪᠦᠷᠢᠯᠡᠯ ᠳᠤ ᠠᠪᠤᠭᠰᠠᠨ | ᠠᠯᠢ ᠣᠯᠠᠨ ᠠᠷᠭ᠎ᠠ ᠬᠡᠮᠵᠢᠶ᠎ᠡ ᠨᠢ᠂ ᠲᠤᠬᠠᠢ ᠶᠢᠨ ᠨᠡᠶᠢᠭᠡᠮ ᠤᠨ ᠦᠢᠯᠡᠳᠪᠦᠷᠢᠯᠡᠯ ᠤᠨ ᠬᠦᠴᠦᠨ ᠤ ᠬᠢᠷᠢ ᠬᠡᠮᠵᠢᠶ᠎ᠡ | ᠨᠡᠶᠢᠳᠡᠮ ᠬᠤᠴᠣᠷᠤᠩᠭᠤᠢ ᠪᠠᠶᠢᠭᠰᠠᠨ ᠨᠥᠬᠦᠴᠡᠯ ᠳᠣᠣᠷ᠎ᠠ᠂ ᠥᠪᠡᠷ ᠤᠨ ᠦᠢᠯᠡᠳᠪᠦᠷᠢᠯᠡᠬᠦ ᠬᠦᠴᠦᠨ ᠤ ᠬᠢᠷᠢ | ᠬᠡᠮᠵᠢᠶ᠎ᠡ ᠳᠤ ᠵᠣᠬᠢᠴᠠᠭᠰᠠᠨ ᠢᠶᠠᠷ ᠪᠠᠷᠠᠬᠤ ᠦᠭᠡᠢ ᠠᠯᠬᠤᠮ ᠠᠯᠬᠤᠮ ᠢᠶᠠᠷ ᠤᠯᠠᠮᠵᠢᠯᠠᠯᠲᠤ ᠲᠤᠷᠰᠢᠯᠭ᠎ᠠ ᠶᠢᠨ ᠰᠠᠭᠤᠷᠢ | ᠳᠡᠭᠡᠷ᠎ᠡ ᠳᠡᠪᠰᠢᠵᠦ᠂ ᠤᠯᠠᠮ ᠪᠦᠷᠢᠨᠰᠢᠨ ᠲᠡᠭᠦᠯᠳᠡᠷᠵᠢᠨ ᠲᠠᠰᠤᠷᠠᠯᠲᠠ ᠦᠭᠡᠢ ᠬᠥᠭᠵᠢᠭᠰᠡᠭᠡᠷ ᠢᠷᠠᠵᠠᠢ᠃ ᠲᠡᠷᠡ ᠨᠢ᠂ | ᠦᠵᠦᠮᠦᠴᠢᠨ ᠤ ᠨᠡᠶᠢᠭᠡᠮ ᠤᠨ ᠤᠷᠲᠤ ᠬᠤᠭᠤᠴᠠᠭ᠎ᠠ ᠪᠠᠷ ᠲᠣᠭᠲᠠᠭᠤᠨ᠂ ᠪᠠᠶᠠᠨ ᠴᠢᠨᠡᠭᠡᠯᠢᠭ᠂ ᠬᠥᠭᠵᠢᠯ | ᠳᠠᠪᠰᠢᠯᠲᠠ ᠲᠠᠢ ᠪᠠᠶᠢᠬᠤ ᠦᠨᠳᠦᠰᠦᠨ ᠨᠥᠬᠦᠴᠡᠯ ᠪᠣᠯᠣᠭᠰᠠᠨ ᠪᠠᠶᠢᠨ᠎ᠠ᠃ ᠶᠠᠭ ᠡᠶᠢᠮᠦ ᠠᠴᠠ ᠦᠵᠦᠮᠦᠴᠢᠨ ᠤ | ᠲᠡᠦᠬᠡᠨ ᠳᠤ ᠭᠠᠳᠠᠭᠰᠢ ᠭᠤᠶᠢᠷᠠᠨᠴᠢᠯᠠᠭᠴᠢ ᠭᠠᠷᠤᠭᠰᠠᠨ ᠦᠭᠡᠢ ᠭᠡᠳᠡᠭ ᠪᠥᠭᠡᠳ ᠬᠤᠷᠸ᠎ᠠ ᠳᠤ ︽ᠦᠵᠦᠮᠦᠴᠢᠨ | ᠪᠠᠶᠠᠨ︾ ᠭᠡᠵᠦ ᠠᠯᠳᠠᠷᠰᠢᠵᠠᠢ᠃ ᠲᠡᠦᠬᠡ ᠪᠠᠷ ᠦᠵᠡᠪᠡᠯ᠂ ᠦᠵᠦᠮᠦᠴᠢᠨ ᠤ ᠤᠯᠠᠮᠵᠢᠯᠠᠯᠲᠤ ᠮᠠᠯ ᠠᠵᠤ ᠠᠬᠤᠢ ᠶᠢᠨ | ᠦᠢᠯᠡᠳᠪᠦᠷᠢᠯᠡᠯ ᠪᠣᠯ ᠨᠢᠭᠡᠨ ᠡᠷᠲᠡᠨ ᠠᠴᠠ ᠬᠥᠭᠵᠢᠯᠲᠡ ᠶᠢᠨ ᠢᠷᠡᠭᠡᠳᠦᠢ ᠲᠠᠢ ᠮᠠᠯ ᠠᠵᠤ ᠠᠬᠤᠢ ᠶᠢᠨ | ᠦᠢᠯᠡᠳᠪᠦᠷᠢᠯᠡᠯ ᠪᠠᠶᠢᠵᠠᠢ᠃ | ︽ᠦᠵᠦᠮᠦᠴᠢᠨ ᠮᠣᠩᠭᠤᠯᠴᠤᠳ︾ ︵ᠭᠤ᠂ ᠷᠠᠬᠸ᠎ᠠ︶ | |