ᠦᠵᠦᠮᠦᠴᠢᠨ ᠨᠤᠳᠤᠭ ᠲᠤ ᠴᠠᠭᠠᠨ ᠠᠳᠣᠭᠤ ᠲᠦᠷᠦᠳᠡᠭ ᠤᠨ ᠣᠴᠢᠷ
ᠨᠡᠶᠢᠲᠡᠯᠡᠭᠰᠡᠨ ᠴᠠᠭ᠄
2017/3/6
     ᠦᠵᠦᠮᠦᠴᠢᠨ ᠨᠣᠳᠤᠭ ᠤᠨ ᠵᠡᠭᠦᠨ ᠵᠠᠬ᠎ᠠ ᠳᠤ᠂ ᠳᠦᠷᠪᠡᠨ ᠬᠤᠰᠢᠭᠤ ᠪᠠᠷ ᠢᠶᠠᠨ ᠦᠶ᠎ᠡ ᠣᠯᠠᠷᠢᠨ ᠰᠦᠯᠳᠡ ᠲᠠᠬᠢᠯᠭ᠎ᠠ ᠪᠤᠯᠭᠠᠵᠣ ᠢᠷᠡᠭᠰᠡᠨ ᠠᠯᠳᠠᠨ ᠬᠢᠩᠭᠠᠨ ᠤ ᠰᠠᠯᠪᠣᠷᠢ ᠨᠢᠷᠣᠭᠤ — ᠠᠪᠠ ᠬᠤᠮᠣᠷᠭ᠎ᠠ ᠶᠢᠨ ᠪᠣᠭᠳᠠ  ᠠᠭᠤᠯᠠ ᠠᠴᠠ ᠡᠬᠢ ᠠᠪᠣᠭᠰᠠᠨ ᠬᠠᠯᠬ᠎ᠠ᠂ ᠲᠤᠭᠤᠷ᠂ ᠬᠦᠯᠡᠷ᠂ ᠤᠯᠠᠭᠠᠢ ᠭᠤᠣᠯ ᠤᠳ ᠰᠣᠭᠤ ᠪᠦᠬᠦᠨ ᠠᠴᠠ ᠨᠢ ᠰᠠᠯᠪᠣᠷᠢᠯᠠᠨ ᠲᠦᠷᠪᠡᠨ ᠵᠦᠭ ᠲᠤ ᠴᠢᠳᠬᠤᠯᠠᠵᠣ ᠪᠠᠶᠢᠳᠠᠭ ᠨᠢ ᠪᠣᠭᠳᠠ ᠠᠭᠤᠯᠠ ᠮᠠᠨᠢ ᠯᠣᠣᠰ ᠤᠨ ᠲᠦᠷᠪᠡᠨ  ᠦᠬᠢᠨ ᠢᠶᠠᠨ ᠮᠣᠷᠳᠠᠭᠤᠯᠵᠣ ᠪᠠᠶᠢᠭ᠎ᠠ ᠨᠢ ᠲᠡᠷᠡ ᠶᠤᠮ ᠭᠡᠨ᠎ᠡ᠃ ᠲᠡᠭᠡᠬᠦ ᠳᠡᠭᠡᠨ ᠲᠤᠭᠤᠷ᠂ ᠬᠦᠢᠯᠡᠷ᠂ ᠬᠤᠶᠠᠷ ᠦᠬᠢᠨ ᠳᠡᠭᠡᠨ ᠴᠢᠨᠳᠠᠮᠤᠨᠢ ᠰᠣᠪᠣᠳ ᠤᠨ ᠦᠷ᠎ᠡ ᠲᠦᠭᠦᠷᠭᠡᠭᠰᠡᠨ ᠬᠤᠪᠢᠯᠭᠠᠨ ᠬᠤᠯᠦ ᠦᠭᠴᠦ᠂ ᠬᠠᠯᠬ᠎ᠠ ᠣᠯᠠᠭᠠᠢ ᠬᠤᠶᠠᠷ ᠦᠬᠢᠨ ᠤ ᠪᠠᠨ ᠢᠨᠵᠢᠨ ᠳᠤ ᠬᠠᠷ᠎ᠠ᠂ ᠴᠠᠭᠠᠨ ᠡᠷᠳᠡᠨᠢ ᠶᠢᠨ ᠣᠨᠠᠭ᠎ᠠ ᠳᠠᠭᠠᠭᠤᠯᠣᠭᠰᠠᠨ ᠶᠣᠮ ᠭᠡᠨ᠎ᠡ᠃       ᠲᠡᠭᠡᠭᠡᠳ ᠲᠦᠷᠪᠡᠨ ᠭᠤᠣᠯ ᠤᠨ ᠰᠠᠪᠠ ᠣᠷᠣᠨ ᠳᠤ ᠲᠠᠷᠢᠶ᠎ᠠ ᠲᠦᠮᠦᠰᠤ ᠠᠭᠤᠯᠠ ᠠᠳᠠᠯᠢ ᠰᠦᠮᠪᠣᠷᠯᠡᠵᠣ᠂ ᠣᠢ ᠲᠠᠶᠢᠭ᠎ᠠ ᠲᠡᠭᠷᠢ ᠶᠢᠨ ᠬᠠᠶᠠᠭ᠎ᠠ ᠲᠠᠢ ᠵᠠᠯᠭᠠᠯᠳᠣᠵᠣ᠂ ᠮᠠᠯ ᠰᠦᠷᠦᠭ ᠭᠠᠵᠠᠷ ᠤᠨ ᠡᠩ ᠢᠶᠠᠷ ᠪᠢᠯᠬᠠᠵᠣ᠂ ᠨᠡᠩ ᠴᠦ ᠬᠠᠯᠬ᠎ᠠ ᠭᠤᠣᠯ ᠤᠨ ᠣᠷᠣᠰᠬᠠᠯ ᠲᠠᠭᠠᠣ ᠬᠠᠷ᠎ᠠ ᠵᠢᠰᠣᠮ ᠤᠨ ᠠᠳᠣᠭᠤ ᠣᠯᠠᠨ ᠲᠦᠷᠦᠵᠣ᠂ ᠤᠯᠠᠭᠠᠢ ᠭᠤᠣᠯ  ᠤᠨ ᠬᠦᠪᠡᠭᠡᠨ ᠳᠤ ᠡᠷᠳᠡᠨᠢ ᠶᠢᠨ ᠴᠠᠭᠠᠨ ᠣᠨᠠᠭᠠᠳ ᠦᠰᠴᠦ ᠲᠦᠷᠦᠬᠦ ᠪᠣᠯᠣᠭᠰᠠᠨ ᠶᠣᠮ ᠭᠡᠨ᠎ᠡ᠃ ᠲᠡᠶᠢᠨ ᠬᠦ ᠡᠷᠳᠡ ᠲᠡᠭᠡᠳᠦ ᠠᠴᠠ ᠣᠯᠠᠭᠠᠢ ᠭᠤᠣᠯ ᠢ ︽ᠣᠨᠠᠭᠠᠨ ᠭᠤᠣᠯ︾ ᠭᠡᠵᠣ ᠨᠡᠷᠡᠯᠡᠳᠡᠭ ᠪᠠᠶᠢᠯ᠎ᠠ ᠭᠡᠳᠡᠭ᠃       ᠣᠯᠠᠭᠠᠢ ᠭᠤᠣᠯ ᠤᠨ ᠣᠷᠣᠰᠬᠠᠯ ᠬᠦᠷᠣᠭ᠍ᠰᠡᠨ ᠭᠠᠵᠠᠷ ᠲᠤ ᠴᠠᠭᠠᠨ ᠣᠨᠠᠭᠠᠳ ᠲᠦᠷᠦᠳᠡᠭ ᠠᠴᠠ ᠬᠤᠶᠠᠷ ᠦᠵᠦᠮᠦᠴᠢᠨ ᠴᠠᠭᠠᠨ ᠠᠳᠣᠭᠤ ᠲᠠᠢ ᠪᠠᠶᠢᠳᠠᠭ ᠨᠢ ᠲᠡᠷᠡ ᠶᠤᠮ ᠭᠡᠨ᠎ᠡ᠃        ︵ᠷᠠ᠊  ᠂ ᠣᠷᠳᠣᠨᠠᠰᠣᠳᠦ ᠡᠮᠬᠢᠳᠬᠡᠪᠡ᠃ ︽ᠦᠵᠦᠮᠦᠴᠢᠨ ᠲᠤᠮᠤᠭ ᠤᠳ︾ ᠨᠤᠮ ᠠᠴᠠ ᠱᠦᠭᠦᠪᠡ  ︶
 
ᠢᠷᠡᠯᠲᠡ᠄ ︽ᠦᠵᠦᠮᠦᠴᠢᠨ ᠲᠤᠮᠤᠭ ᠤᠳ︾ ᠨᠤᠮ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号