ᠬᠤᠭᠤᠯᠠᠳᠦ ᠶᠢᠨ ᠰᠦᠮ᠎ᠡ
ᠨᠡᠶᠢᠲᠡᠯᠡᠭᠰᠡᠨ ᠴᠠᠭ᠄
2017/3/6
      ᠬᠤᠭᠤᠯᠠᠳᠦ ᠶᠢᠨ ᠰᠦᠮ᠎ᠡ ᠶᠢ ᠪᠠᠰᠠ ︽ᠦᠭᠯᠢᠭᠡ ᠪᠠᠷ ᠢᠪᠡᠭᠡᠭᠴᠢ ᠰᠦᠮ᠎ᠡ︾ ᠭᠡᠳᠡᠭ᠃ ᠣᠳᠣ ᠶᠢᠨ ᠪᠠᠷᠠᠭᠤᠨ ᠦᠵᠦᠮᠦᠴᠢᠨ ᠬᠤᠰᠢᠭᠤᠨ ᠤ ᠬᠤᠭᠤᠯᠠᠳᠦ ᠶᠢᠨ ᠭᠤᠣᠯ ᠪᠠᠯᠭᠠᠰᠣ ᠶᠢᠨ ᠲᠦᠪ ᠲᠤ ᠪᠠᠶᠢᠳᠠᠭ᠃       ᠣᠷᠢᠳᠦ ᠴᠢᠩ ᠣᠯᠣᠰ ᠤᠨ ᠡᠶᠡᠪᠡᠷ ᠵᠠᠰᠠᠭᠴᠢ ᠶᠢᠨ ᠠᠷᠪᠠᠨ ᠭᠤᠷᠪᠠᠳᠣᠭᠠᠷ ᠣᠨ ︵1656 ᠣᠨ︶ ᠳᠤ ᠲᠦᠪᠡᠳ ᠤᠨ ᠣᠷᠣᠨ ᠠᠴᠠ ᠨᠢᠭᠡᠨ ᠪᠠᠳᠢᠷᠴᠢᠨ ᠯᠠᠮ᠎ᠠ ᠭᠠᠷᠴᠦ ᠢᠷᠡᠭᠡᠳ ᠣᠯᠠᠨ ᠭᠠᠵᠠᠷ ᠢᠶᠠᠷ ᠲᠣᠭᠤᠷᠢᠵᠣ ᠶᠠᠪᠣᠭᠰᠠᠭᠠᠷ ᠬᠡᠰᠢᠭᠲᠡᠨ ᠬᠤᠰᠢᠭᠤᠨ ᠤ ᠨᠢᠭᠡᠨ ᠠᠶᠢᠯ ᠳᠤ ᠪᠠᠭᠤᠭᠰᠠᠨ᠎ᠠ᠂ ᠲᠡᠷᠡ ᠠᠶᠢᠯ ᠴᠠᠢ ᠬᠤᠭᠤᠯᠠ ᠢᠳᠡᠭᠦᠯᠣᠨ ᠂ ᠨᠢᠭᠡᠨ ᠵᠦᠢᠷᠡᠢ ᠪᠦᠰ ᠭᠤᠳᠣᠯ ᠦᠭᠴᠤ ᠭᠡᠨ᠎ᠡ᠃ ᠲᠡᠷᠡ ᠯᠠᠮ᠎ᠠ ᠡᠭᠦᠨ ᠢ ︽ᠶᠠᠪᠤ︾ ᠭᠡᠰᠡᠨ ᠰᠠᠨᠠᠭ᠎ᠠ ᠭᠡᠵᠣ ᠣᠬᠠᠪᠣᠷᠢᠯᠠᠭᠠᠳ᠂ ᠦᠷᠭᠦᠯᠵᠢᠯᠡᠨ ᠵᠠᠮ ᠬᠦᠭᠡᠭᠡᠵᠣ ᠶᠠᠪᠣᠭᠰᠠᠭᠠᠷ ᠦᠵᠦᠮᠦᠴᠢᠨ ᠤ ᠪᠠᠷᠠᠭᠤᠨ ᠡᠮᠤᠨ᠎ᠡ ᠵᠠᠬ᠎ᠠ ᠳᠤ ᠢᠷᠡᠵᠣ ᠨᠢᠭᠡ ᠠᠶᠢᠯ ᠳᠤ ᠪᠠᠭᠤᠵᠠᠢ᠃ ᠡᠨᠡ ᠠᠶᠢᠯ ᠨᠢ ᠡᠮᠡᠭᠡᠯ ᠤᠨ ᠲᠣᠬᠤᠮ ᠢᠶᠠᠨ ᠯᠠᠮ᠎ᠠ ᠳᠤ ᠲᠡᠯᠭᠡᠵᠣ ᠦᠭᠴᠡᠢ᠃ ᠯᠠᠮ᠎ᠠ ᠡᠭᠦᠨ ᠢ ︽ᠰᠠᠭᠤ︾ ᠭᠡᠰᠡᠨ ᠰᠠᠨᠠᠭ᠎ᠠ ᠭᠡᠵᠣ ᠪᠣᠳᠣᠭᠠᠳ ᠡᠨᠡ ᠬᠠᠪᠢ ᠳᠤ ᠬᠦᠯ ᠲᠣᠭᠳᠠᠵᠣ ᠭᠡᠨ᠎ᠡ᠃ ᠲᠡᠭᠡᠭᠡᠳ ᠡᠪᠡᠰᠣᠨ ᠦᠪᠦᠩ ᠲᠠᠷᠣᠵᠣ᠂ ᠨᠣᠮ ᠣᠩᠰᠢᠨ ᠰᠠᠭᠤᠵᠣ ᠪᠠᠶᠢᠬᠰᠠᠨ ᠳᠤ ᠲᠣᠰ ᠨᠣᠳᠤᠭ ᠤᠨ ᠪᠦᠭᠡ ᠶᠢᠨ ᠱᠠᠰᠢᠨᠳᠠᠳ ᠨᠢ ᠲᠡᠭᠦᠨ ᠢ ᠬᠠᠷᠰᠢᠯᠠᠬᠤ ᠪᠣᠶᠣ ᠲᠡᠩᠰᠡᠬᠦ ᠰᠠᠨᠠᠭ᠎ᠠ ᠪᠠᠷ ᠣᠯᠠᠨ ᠣᠳᠠᠭ᠎ᠠ ᠲᠦᠢᠳᠴᠤ ᠦᠵᠡᠵᠡᠢ᠃ ᠲᠡᠷᠡ ᠯᠠᠮ᠎ᠠ ᠣᠨᠳᠣᠭᠤ ᠨᠢ ᠬᠦᠷᠴᠦ᠂ ᠪᠦᠭᠡ ᠶᠢᠨ ᠬᠤᠪᠢᠯᠭᠠᠨ ᠤ ᠴᠠᠭᠠᠨ ᠲᠠᠥᠯᠠᠢ ᠶᠢ ᠨᠢ ᠣᠷᠬᠢᠮᠵᠢ ᠪᠠᠷ ᠢᠶᠠᠨ ᠣᠷᠢᠶᠠᠵᠣ ᠠᠪᠣᠬᠰᠠᠨ ᠭᠡᠨ᠎ᠡ᠃ ᠡᠭᠦᠨ ᠠᠴᠠ ᠪᠦᠭᠡ ᠶᠢᠨ ᠱᠠᠰᠢᠨᠳᠠᠳ ᠲᠡᠭᠦᠨ ᠢ ᠦᠨᠡᠨ ᠬᠦ ᠪᠢᠰᠢᠷᠡᠬᠦ ᠪᠣᠯᠵᠣ ︽ᠣᠣᠭᠠᠨ ᠱᠠᠪᠢ ᠨᠠᠷ ᠴᠢᠨᠢ ᠪᠣᠯᠣᠶ᠎ᠠ︾ ᠭᠡᠳ ᠬᠡᠣᠬᠡᠳ ᠲᠡᠭᠦᠦ ᠨᠠᠷ ᠠᠴᠠ ᠪᠠᠨ ᠱᠠᠪᠢ ᠣᠷᠣᠭᠤᠯᠵᠣ ᠭᠡᠨ᠎ᠡ᠃ ᠬᠤᠭᠤᠯᠠᠳᠦ ᠶᠢᠨ ᠰᠦᠮ᠎ᠡ ᠠᠩᠬ᠎ᠠ ᠢᠩᠭᠢᠵᠤ ᠡᠭᠦᠰᠴᠡᠢ ᠭᠡᠳᠡᠭ᠃ ᠡᠨᠡ ᠲᠦᠪᠡᠳ ᠯᠠᠮ᠎ᠠ ᠪᠣᠯ ᠣᠣᠯ ᠳᠠᠭᠠᠨ ︽ ᠨᠢ — ᠣᠨ︾ ᠭᠡᠳᠡᠭ ᠨᠡᠷ᠎ᠡ ᠲᠠᠢ ᠪᠦᠭᠡᠳ ᠮᠦᠷᠯᠡᠵᠣ ᠰᠠᠭᠤᠭᠰᠠᠨ ᠯᠠᠮ᠎ᠠ ᠨᠠᠷ ᠤᠨ ᠠᠯᠢ ᠵᠠᠬ᠎ᠠ ᠳᠤᠨᠢ ᠰᠠᠭᠤᠯᠭᠠᠬᠰᠠᠨ ᠴᠦ ᠨᠦᠭᠦᠭᠡ ᠵᠠᠬ᠎ᠠ ᠠᠴᠠ ᠨᠢ ᠲᠦᠭᠡᠭᠡᠭᠰᠡᠨ ᠬᠤᠪᠢ ᠲᠡᠭᠦᠨ ᠲᠡᠭᠡᠷ᠎ᠡ ᠢᠷᠡᠭᠰᠡᠭᠡᠷ ᠯᠠ ᠲᠣᠳᠠᠴᠢᠬᠠᠳᠠᠭ ᠭᠡᠨ᠎ᠡ᠃ ᠡᠶᠢᠮᠤ ᠠᠴᠠ ᠪᠠᠭᠰᠢ ᠨᠢ ᠲᠡᠭᠦᠨ ᠤ ᠨᠡᠷ᠎ᠡ ︽ᠯᠧᠭᠧᠩ︾ ᠭᠡᠵᠣ ᠰᠣᠯᠢᠭᠠᠳ ᠪᠣᠶᠠᠨ ᠨᠣᠮ ᠦᠢᠯᠡᠳᠬᠦ ᠵᠦᠭ ᠲᠤ ᠭᠠᠷᠭᠠᠬᠰᠠᠨ ᠶᠣᠮ ᠭᠡᠨ᠎ᠡ᠃ ᠦᠵᠦᠮᠦᠴᠢᠨ ᠤ ᠬᠢᠨ ᠲᠡᠷᠡ ᠯᠠᠮ᠎ᠠ ᠶᠢ ︽ᠨᠠᠶᠢᠨᠠᠢ ᠱᠠᠪᠷᠤᠩ︾ ᠴᠦ ᠭᠡᠳᠡᠭ  ︵ᠬᠡᠣᠬᠡᠳ ᠤᠨ ᠲᠠᠬᠤᠯ ᠡᠪᠡᠳᠴᠢᠨ ᠢ ᠡᠮᠨᠡᠳᠡᠭ᠂ ᠬᠤᠸᠠᠷ ᠲᠠᠷᠢᠬᠴᠢ ᠬᠦᠮᠦᠨ ᠪᠠᠶᠢᠭᠰᠠᠨ ᠪᠣᠯᠣᠯᠳᠠᠢ︶᠃ ᠡᠨᠡ ᠬᠦᠮᠦᠨ ᠪᠣᠯ ᠦᠵᠦᠮᠦᠴᠢᠨ ᠨᠣᠳᠤᠭ ᠲᠤ ᠰᠢᠷ᠎ᠠ ᠶᠢᠨ ᠱᠠᠰᠢᠨ ᠢ ᠲᠡᠯᠭᠡᠷᠡᠭᠦᠯᠦᠭᠰᠡᠨ ᠬᠠᠮᠤᠭ ᠠᠩᠬᠠᠨ ᠤ ᠱᠠᠰᠢᠨ ᠲᠡᠯᠭᠡᠷᠡᠭᠦᠯᠦᠭᠴᠢ ᠪᠣᠯᠬᠤ ᠶᠣᠮ ᠭᠡᠳᠡᠭ᠃ ᠡᠨᠡ ᠯᠠᠮ᠎ᠠ ᠶᠢᠨ ᠱᠠᠪᠢ ᠯᠦᠳᠣᠩ ᠭᠡᠭᠴᠢ ᠬᠦᠮᠦᠨ 1728 ᠣᠨ ᠤ ᠪᠠᠷᠤᠭ ᠲᠤ ᠪᠣᠷᠤ ᠬᠤᠰᠢᠭᠤ ᠭᠡᠭᠴᠢ ᠭᠠᠵᠠᠷ ᠬᠠᠮᠤᠭ ᠠᠩᠬᠠᠨ ᠤ ᠲᠤᠭᠠᠩ ᠢ ᠪᠠᠷᠢᠵᠣ ᠰᠦᠮ᠎ᠡ ᠪᠠᠨ ᠠᠩᠬ᠎ᠠ ᠡᠭᠦᠰᠬᠡᠭᠰᠡᠨ ᠭᠡᠳᠡᠭ᠃        ᠬᠤᠭᠤᠯᠠᠳᠦ ᠶᠢᠨ ᠰᠦᠮ᠎ᠡ ᠶᠢᠨ ︽ᠬᠤᠭᠤᠯᠠᠳᠦ︾ ᠭᠡᠳᠡᠭ ᠨᠡᠷᠡᠶᠢᠳᠣᠯ ᠪᠣᠯ ︽ᠬᠤᠭᠤᠯᠠᠳᠦ ᠶᠢᠨ ᠭᠤᠣᠯ ︾ ᠤᠨ ᠬᠦᠪᠡᠭᠡᠨ᠎ᠡ ᠪᠠᠶᠢᠭᠰᠠᠨ ᠠᠴᠠ ᠢᠷᠡᠯᠳᠡ ᠲᠠᠢ᠃ ᠲᠣᠰ ᠰᠦᠮ᠎ᠡ ᠶᠢᠨ ᠡᠷᠳᠡᠮᠳᠦ ᠮᠡᠷᠭᠡᠨ ᠭᠡᠭᠡᠨ ᠯᠣᠪᠰᠠᠩᠰᠢᠷᠣᠪᠨᠢᠮ᠎ᠠ ᠠᠴᠠ ︽ᠬᠤᠭᠤᠯᠠᠳᠦ︾ ᠭᠡᠰᠡᠨ ᠦᠭᠡᠨ ᠳᠤ ᠲᠠᠶᠢᠯᠪᠣᠷᠢ ᠬᠢᠵᠣ᠂ ᠦᠪᠡᠷ ᠤᠨ ᠣᠨᠠᠭᠠᠨ ᠱᠠᠪᠢ ᠂ ᠰᠦᠰᠦᠭᠳᠦ ᠮᠦᠷᠭᠦᠯᠴᠢᠳ ᠲᠡᠭᠡᠨ ︽ᠡᠨᠡ ᠬᠦ ︿ᠬᠤᠭᠤᠯᠠᠳᠦ﹀ ᠭᠡᠰᠡᠨ ᠨᠡᠷ᠎ᠡ ᠪᠣᠯ ᠲᠣᠩ ᠰᠠᠶᠢᠬᠠᠨ ᠦᠭᠡ ᠪᠠᠶᠢᠨ᠎ᠠ᠃ ᠪᠢ ᠡᠨᠡ ᠦᠭᠡᠨ ᠤ ᠰᠠᠨᠠᠭ᠎ᠠ ᠶᠢ ᠲᠠᠭᠠᠭᠤᠯᠵᠣ᠂ ᠮᠠᠨ ᠤ ᠦᠭᠯᠢᠭᠡ ᠶᠢᠨ ᠡᠵᠡᠳ ᠢᠶᠠᠨ ᠠᠰᠣᠷᠣ ᠪᠠᠶᠠᠵᠢᠭᠤᠯᠬᠤ ᠦᠭᠡᠢ ᠴᠦ ᠭᠡᠰᠡᠨ ᠠᠳᠠᠭ ᠢᠶᠠᠷ ᠶᠠᠳᠠᠷᠠᠭᠤᠯᠬᠤ ᠦᠭᠡᠢ ᠢᠳᠡᠵᠣ ᠡᠮᠦᠰᠬᠦ ᠳᠤᠨᠢ ᠵᠦᠪ ᠪᠠᠶᠢᠯᠭᠠᠬᠤ  ᠶᠢᠨ ᠲᠦᠯᠦᠭᠡ ᠪᠣᠶᠠᠨ ᠦᠢᠯᠡᠳᠣᠶ᠎ᠡ︾ ᠭᠡᠵᠣ ᠶᠠᠷᠢᠭᠰᠠᠨ ᠭᠡᠳᠡᠭ᠃        ︽ᠦᠵᠦᠮᠦᠴᠢᠨ ᠠᠷᠠᠳ ᠤᠨ ᠠᠮᠠᠨ ᠦᠯᠢᠭᠡᠷ ᠤᠨ ᠴᠢᠭᠤᠯᠭᠠᠨ︾ ︵ᠠᠯᠳᠠᠨᠰᠦᠬᠡ  ᠂ ᠨᠠ᠊· ᠪᠦᠬᠡᠬᠠᠳᠠ ᠡᠮᠬᠢᠳᠬᠡᠨ ᠨᠠᠶᠢᠷᠠᠭᠤᠯᠪᠠ︶ ᠠᠴᠠ ᠰᠡᠶᠢᠷᠡᠭᠦᠯᠪᠡ
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号