| | ᠠᠯᠲᠠᠢ — ᠬᠠᠩᠭᠠᠢ ᠶᠢᠨ ᠠᠭᠤᠯᠠ ᠨᠢ ᠴᠣᠬᠤᠮ ᠬᠠᠮᠢᠭ᠎ᠠ ᠪᠠᠶᠢᠷᠢᠰᠢᠵᠤ ᠬᠡᠳᠦᠢ ᠭᠠᠵᠠᠷ ᠣᠷᠣᠨ ᠢ | ᠬᠠᠷᠢᠶᠠᠯᠠᠳᠠᠭ ᠪᠣᠢ︖︕ ᠡᠭᠦᠨ ᠢ ᠲᠣᠳᠣᠷᠬᠠᠶᠢᠯᠠᠬᠤ ᠨᠢ ᠪᠠᠰᠠᠴᠤ ᠦᠵᠦᠮᠦᠴᠢᠨ ᠮᠣᠩᠭᠤᠯᠴᠤᠳ ᠤᠨ ᠡᠷᠲᠡᠨ ᠤ | ᠬᠥᠷᠥᠰᠥ ᠰᠢᠷᠣᠢ ᠵᠢᠴᠢ ᠲᠡᠳᠡᠨ ᠤ ᠲᠤᠬᠠᠢ ᠶᠢᠨ ᠦᠶ᠎ᠡ ᠶᠢᠨ ᠲᠠᠷᠬᠠᠴᠠ᠂ ᠳᠣᠲᠣᠭᠠᠳᠤ ᠪᠦᠲᠦᠴᠡ ᠵᠡᠷᠭᠡ ᠶᠢ ᠵᠥᠪ | ᠣᠨᠣᠪᠴᠢᠲᠠᠢ ᠲᠣᠭᠲᠠᠭᠠᠬᠤ ᠳᠤ ᠰᠢᠭᠤᠳ ᠠᠴᠢ ᠬᠤᠯᠪᠣᠭᠳᠠᠯ ᠲᠠᠢ ᠪᠠᠶᠢᠳᠠᠭ᠃ ᠡᠶᠢᠮᠦ ᠠᠴᠠ ᠳᠣᠣᠷ᠎ᠠ ᠠᠯᠲᠠᠢ | ᠬᠠᠩᠭᠠᠢ ᠠᠭᠤᠯᠠ ᠶᠢᠨ ᠪᠣᠳᠠᠲᠤ ᠭᠠᠵᠠᠷ ᠤᠨ ᠪᠠᠶᠢᠴᠠ ᠪᠠ ᠲᠡᠭᠦᠨ ᠤ ᠬᠠᠷᠢᠶ᠎ᠠ ᠨᠤᠲᠤᠭ ᠢ ᠴᠢᠨᠠᠭᠰᠢᠳᠠ ᠰᠤᠳᠤᠯᠤᠶ᠎ᠠ | ᠃ | | ︽ᠠᠯᠲᠠᠢ ᠬᠠᠩᠭᠠᠢ︾ ᠶᠢᠨ ᠠᠭᠤᠯᠠ ᠨᠢᠷᠤᠭᠤ ᠪᠣᠯ ᠮᠣᠩᠭᠤᠯ ᠤᠨ ᠥᠨᠳᠦᠷᠯᠢᠭ ᠤᠨ ᠪᠠᠷᠠᠭᠤᠨ ᠰᠠᠯᠪᠤᠷᠢ | ᠪᠣᠯᠣᠨ᠎ᠠ᠃ ᠠᠯᠲᠠᠢ ᠶᠢᠨ ᠨᠢᠷᠤᠭᠤ ᠠᠴᠠ ᠬᠤᠶᠢᠰᠢ ᠪᠠᠨ ᠬᠠᠩᠭᠠᠢ ᠶᠢᠨ ᠠᠭᠤᠯᠠ ᠨᠢᠷᠤᠭᠤᠳ ᠢ ᠪᠠᠭᠲᠠᠭᠠᠳᠠᠭ᠃ | ᠣᠳᠣᠬᠢ ᠮᠠᠨ ᠤ ᠤᠯᠤᠰ ᠤᠨ ᠰᠢᠨᠵᠢᠶᠠᠩ ᠤᠨ ᠤᠶᠢᠭᠤᠷ ᠦᠨᠳᠦᠰᠦᠲᠡᠨ ᠤ ᠥᠪᠡᠷᠲᠡᠭᠡᠨ ᠵᠠᠰᠠᠬᠤ ᠣᠷᠣᠨ ᠠᠴᠠ | ᠬᠤᠶᠢᠰᠢ ᠮᠣᠩᠭᠤᠯ ᠤᠯᠤᠰ ᠤᠨ ᠪᠠᠷᠠᠭᠤᠨ ᠪᠡᠶ᠎ᠡ ᠪᠠᠷ ᠥᠭᠡᠳᠡᠯᠡᠵᠦ ᠤᠤᠯ ᠤᠨ ᠵᠥᠪᠯᠡᠯᠲᠦ ᠬᠤᠯᠪᠣᠭᠠᠲᠤ ᠤᠯᠤᠰ | ᠤᠨ ᠬᠢᠯᠢ ᠳᠤ ᠰᠢᠷᠭᠤᠭᠰᠠᠨ ᠠᠭᠤᠯᠠ ᠨᠤᠭᠤᠳ ᠬᠦᠷᠲᠡᠯ᠎ᠡ ᠦᠷᠭᠦᠯᠵᠢᠯᠡᠳᠡᠭ ᠪᠠᠶᠢᠨ᠎ᠠ᠃ | | ᠠᠯᠲᠠᠢ ᠬᠠᠩᠭᠠᠢ ᠶᠢᠨ ᠭᠠᠵᠠᠷ ᠤᠨ ᠪᠠᠶᠢᠴᠠ ᠪᠠᠭᠲᠠᠭᠠᠮᠵᠢ ᠶᠢ ᠵᠠᠩ ᠮᠦ ᠶᠢᠨ ︽ᠮᠣᠩᠭᠤᠯ ᠤᠨ ᠬᠤᠰᠢᠭᠤ | ᠨᠤᠲᠤᠭ ᠤᠨ ᠲᠡᠮᠳᠡᠭᠯᠡᠯ︾ ᠳᠤ ᠲᠣᠩ ᠲᠣᠳᠣᠷᠬᠠᠢ ᠲᠡᠮᠳᠡᠭᠯᠡᠭᠰᠡᠨ ᠪᠠᠶᠢᠳᠠᠭ᠃ ᠲᠡᠭᠦᠨ ᠳᠤ ᠠᠯᠲᠠᠢ ᠠᠭᠤᠯᠠ ᠶᠢ᠄ | ︽ᠲᠠᠶᠢᠽᠦ ᠬᠠᠭᠠᠨ ᠨᠠᠢᠮᠠᠨ ᠢ ᠳᠠᠶᠢᠯᠠᠬᠤ ᠦᠶ᠎ᠡ ᠳᠤᠷ ᠨᠠᠢᠮᠠᠨ ᠠᠶᠢᠮᠠᠭ ᠤᠨ ᠲᠦᠷᠦᠭᠦᠦ ᠳᠠᠶᠠᠩ ᠬᠠᠨ ᠠᠨ ᠲᠠᠢ ︵ | ᠠᠯᠲᠠᠢ ᠶᠢᠨ ᠪᠤᠷᠤᠭᠤ ᠳᠠᠭᠤᠳᠠᠯᠭ᠎ᠠ︶ ᠠᠭᠤᠯᠠᠨ ᠠᠴᠠ ᠬᠠᠩᠭᠠᠢ ᠠᠭᠤᠯᠠᠨ ᠳᠤ ᠢᠷᠡᠵᠦ ᠴᠡᠷᠢᠭ ᠪᠠᠭᠤᠭᠰᠠᠨ ᠳᠤᠷ | ᠲᠠᠶᠢᠽᠦ ᠬᠠᠭᠠᠨ ᠳᠠᠶᠠᠩ ᠬᠠᠨ ᠯᠤᠭ᠎ᠠ ᠶᠡᠭᠡ ᠪᠠᠷ ᠪᠠᠶᠢᠯᠳᠤᠨ ᠲᠡᠭᠦᠨ ᠢ ᠪᠠᠷᠢᠵᠤ ᠠᠯᠠᠪᠠᠢ ᠁ ᠡᠨᠡ ᠠᠭᠤᠯᠠ | ᠪᠣᠯᠪᠠᠰᠤ ᠳᠠᠷᠤᠢ ᠡᠳᠦᠭᠡ ᠶᠢᠨ ᠠᠯᠲᠠᠢ ᠠᠭᠤᠯᠠ ᠮᠥᠨ︾ ︵︽ᠮᠣᠩᠭᠤᠯ ᠤᠨ ᠬᠤᠰᠢᠭᠤ ᠨᠤᠲᠤᠭ ᠤᠨ ᠲᠡᠮᠳᠡᠭᠯᠡᠯ | ︵ᠳᠤᠮᠳᠠ︶︾ 38 ᠳ᠋ᠤᠭᠠᠷ ᠨᠢᠭᠤᠷ ᠲᠤ︶ ᠭᠡᠵᠦ ᠲᠣᠳᠣᠷᠬᠠᠶᠢᠯᠠᠵᠠᠢ᠃ ᠪᠠᠰᠠ ᠬᠠᠩᠭᠠᠢ ᠠᠭᠤᠯᠠ ᠶᠢ ︽ᠬᠠᠩᠭᠠᠢ | ᠠᠭᠤᠯᠠ ᠪᠣᠯᠪᠠᠰᠤ ᠪᠠᠷᠠᠭᠤᠨ ᠤᠷᠲᠤᠷᠢᠭ ᠤᠨ ᠠᠷᠪᠠᠨ ᠳᠥᠷᠪᠡᠨ ᠭᠷᠠᠳᠦ᠋ᠰ᠂ ᠤᠮᠠᠷᠠᠲᠤ ᠥᠷᠭᠡᠷᠢᠭ ᠤᠨ ᠳᠥᠴᠢᠨ | ᠵᠢᠷᠭᠤᠭᠠᠨ ᠭᠷᠠᠳᠦ᠋ᠰ᠂ ᠣᠷᠬᠤᠨ ᠭᠤᠣᠯ ᠤᠨ ᠡᠬᠢ ᠶᠢᠨ ᠤᠮᠠᠷ᠎ᠠ᠂ ᠰᠠᠨᠰᠢ᠂ ᠢᠷᠭᠤᠢ ᠶᠢᠨ ᠠᠰ ᠬᠤᠶᠢᠨ᠎ᠠ ᠪᠠᠷᠤᠭ | ᠬᠤᠶᠠᠷ ᠮᠢᠩᠭᠠᠨ ᠭᠠᠵᠠᠷ᠂ ᠣᠩᠭᠢ ᠶᠢᠨ ᠭᠤᠣᠯ ᠤᠨ ᠪᠠᠷᠠᠭᠤᠨ ᠬᠤᠶᠢᠨ᠎ᠠ ᠵᠠᠭᠤ ᠢᠯᠡᠭᠦᠦ ᠭᠠᠵᠠᠷ ᠲᠤᠷ ᠠᠮᠤᠢ᠃ | ᠡᠨᠡ ᠠᠭᠤᠯᠠ ᠪᠣᠯᠪᠠᠰᠤ ᠬᠠᠮᠤᠭ ᠤᠨ ᠥᠨᠳᠥᠷ ᠶᠡᠭᠡ ᠠᠭᠤᠯᠠ ᠪᠣᠯᠠᠢ᠃ ᠠᠭᠤᠯᠠ ᠨᠢᠷᠤᠭᠤ ᠠᠨᠤ ᠪᠠᠷᠠᠭᠤᠨ | ᠬᠤᠶᠢᠨᠠᠬᠢ ᠠᠯᠲᠠᠢ ᠠᠭᠤᠯᠠᠨ ᠠᠴᠠ ᠵᠠᠯᠭᠠᠨ ᠦᠷᠭᠦᠯᠵᠢᠯᠡᠵᠦ ᠵᠡᠭᠦᠨᠰᠢ ᠣᠷᠬᠤᠨ ᠲᠤᠤᠯᠠ ᠵᠡᠷᠭᠡ ᠭᠤᠣᠯ ᠤᠳ ᠢ | ᠥᠩᠭᠡᠷᠡᠭᠡᠵᠦ ᠶᠡᠭᠡ ᠬᠢᠩᠭᠠᠨ ᠠᠴᠠ ᠬᠤᠶᠢᠰᠢ ᠮᠤᠷᠤᠶᠢᠵᠤ ᠰᠡᠯᠡᠩᠭᠡ ᠮᠥᠷᠡᠨ ᠤ ᠳᠡᠭᠡᠳᠦ ᠤᠷᠤᠰᠬᠠᠯ ᠤᠨ ᠣᠯᠠᠨ | ᠭᠤᠣᠯ ᠤᠨ ᠡᠬᠢ ᠶᠢ ᠣᠷᠢᠶᠠᠨ ᠣᠷᠣᠰ ᠤᠨ ᠵᠠᠬ᠎ᠠ ᠬᠦᠷᠲᠡᠯ᠎ᠡ ᠮᠢᠩᠭ᠎ᠠ ᠭᠠᠷᠤᠢ ᠭᠠᠵᠠᠷ ᠦᠷᠭᠦᠯᠵᠢᠯᠡᠮᠦᠢ᠃ | ᠣᠷᠬᠤᠨ ᠲᠠᠮᠢᠷ ᠵᠡᠷᠭᠡ ᠭᠤᠣᠯ ᠤᠳ ᠴᠥᠮ ᠠᠳᠡ ᠠᠴᠠ ᠡᠭᠦᠰᠬᠦ ᠪᠣᠯᠠᠢ᠃ ᠬᠠᠩᠭᠠᠢ ᠬᠡᠮᠡᠭᠰᠡᠨ ᠦᠭᠡ ᠪᠣᠯᠪᠠᠰᠤ | ᠠᠭᠤᠯᠠ ᠶᠢᠨ ᠳᠦᠷᠰᠦ ᠢᠨᠦ ᠲᠡᠮᠡᠭᠡᠨ ᠤ ᠬᠡᠯᠪᠡᠷᠢᠲᠡᠢ ᠲᠤᠯᠠ ᠲᠡᠮᠡᠭᠡ ᠬᠡᠮᠡᠭᠰᠡᠨ ᠤᠳᠬ᠎ᠠ ᠲᠠᠢ ᠪᠣᠯᠠᠢ ᠁︾ | | ︽᠁ ᠬᠠᠩᠭᠠᠢ ᠪᠣᠯᠪᠠᠰᠤ ᠬᠠᠯᠬ᠎ᠠ ᠶᠢᠨ ᠵᠠᠬ᠎ᠠ ᠬᠢᠯᠢ ᠳᠣᠲᠣᠷᠠᠬᠢ ᠨᠡᠷᠡᠲᠦ ᠠᠭᠤᠯᠠ ᠪᠣᠯᠬᠤ ᠪᠣᠯᠠᠢ᠃ | ᠨᠠᠷᠠᠰᠤ ᠣᠯᠠᠨ᠂ ᠪᠤᠯᠠᠭ ᠠᠨᠤ ᠲᠤᠩᠭᠠᠯᠠᠭ᠂ ᠲᠡᠭᠦᠨ ᠤ ᠬᠠᠮᠤᠭ ᠤᠨ ᠥᠨᠳᠥᠷ ᠣᠷᠭᠢᠯ ᠢ ᠠᠨᠤ ᠣᠳᠬᠤᠨ ᠲᠡᠭᠷᠢ | ᠬᠡᠮᠡᠮᠦᠢ᠃ ᠠᠭᠤᠯᠠ ᠶᠢᠨ ᠡᠩᠭᠡᠷ ᠠᠨᠤ ᠬᠡᠳᠦ ᠬᠡᠳᠦᠨ ᠭᠠᠵᠠᠷ ᠬᠠᠯᠠᠭᠤᠨ ᠷᠠᠰᠢᠶᠠᠨ ᠤᠨᠳᠤᠷᠴᠤ ᠪᠤᠯᠠᠭ ᠲᠤᠷ ᠠᠨᠤ | ᠵᠢᠭᠠᠰᠤ ᠪᠣᠢ᠃ ᠠᠳᠡ ᠬᠤᠸᠠ ᠬᠡᠮᠡᠬᠦ ᠰᠢᠷ᠎ᠠ ᠴᠢᠯᠠᠭᠤ ᠭᠠᠷᠤᠮᠤᠢ᠃ ᠲᠡᠭᠦᠨ ᠢᠶᠠᠷ ᠬᠢᠭᠰᠡᠨ ᠡᠳ᠋ ᠬᠡᠷᠡᠭᠰᠡᠯ ᠢᠨᠦ | ᠭᠡᠭᠡᠪᠳᠦᠷ ᠲᠤᠩᠭᠠᠯᠠᠭ ᠥᠩᠭᠡᠲᠡᠢ ᠪᠠᠭ᠋ᠠᠷᠠᠮᠠᠷ ᠰᠠᠶᠢᠬᠠᠨ ᠬᠠᠷᠠᠭᠳᠠᠨᠠᠮ᠃ ᠬᠠᠩᠭᠠᠢ ᠠᠭᠤᠯᠠ ᠬᠠᠶᠠ ᠲᠠᠰᠤᠷᠠᠭᠠᠳ | ᠬᠠᠶᠠ ᠵᠠᠯᠭᠠᠯᠳᠤᠨ ᠮᠢᠩᠭᠠᠨ ᠭᠠᠵᠠᠷ ᠦᠷᠭᠦᠯᠵᠢᠯᠡᠮᠦᠢ᠃ ᠮᠣᠩᠭᠤᠯᠴᠤᠳ ᠤᠷᠭᠤᠭᠰᠠᠨ ᠮᠣᠳᠣ ᠴᠢᠯᠠᠭᠤ ᠪᠠᠷ ᠠᠨᠤ | ᠲᠡᠭᠦᠨ ᠢ ᠢᠯᠭᠠᠵᠤ ᠲᠠᠨᠢᠬᠤ ᠲᠤᠯᠠᠳᠠ ᠬᠡᠳᠦᠢ ᠣᠯᠠᠨ ᠠᠭᠤᠯᠠ ᠵᠠᠯᠭᠠᠯᠳᠤᠵᠤ ᠦᠷᠭᠦᠯᠵᠢᠯᠡᠵᠦ᠂ ᠡᠰᠡᠬᠦᠯ᠎ᠡ ᠳᠤᠮᠳᠠ | ᠪᠠᠨ ᠬᠡᠳᠦᠨ ᠵᠠᠭᠤᠨ ᠭᠠᠵᠠᠷ ᠲᠠᠰᠤᠷᠠᠵᠤ ᠵᠠᠶᠢᠳᠠᠪᠠᠴᠤ ᠠᠯᠢ ᠠᠭᠤᠯᠠ ᠠᠨᠤ ᠭᠤᠣᠯ ᠨᠢᠷᠤᠭᠤ ᠪᠣᠯᠬᠤ ᠶᠢ ᠠᠳᠡᠭᠦᠷᠡᠬᠦ | ᠦᠭᠡᠢ ᠪᠠᠷ ᠯᠠᠪᠲᠠᠢ ᠮᠡᠳᠡᠮᠦᠢ ᠬᠡᠮᠡᠵᠦᠬᠦᠢ᠃ ᠪᠠᠰᠠ ᠬᠡᠯᠡᠬᠦ ᠳᠡᠭᠡᠨ ᠬᠠᠩᠭᠠᠢ᠂ ᠠᠯᠲᠠᠢ ᠠᠭᠤᠯᠠ ᠶᠢᠨ ᠠᠷᠤ ᠳᠤᠷ | ᠨᠠᠷᠠᠰᠤ ᠬᠠᠶᠢᠯᠠᠰᠤ ᠪᠦᠷᠬᠦᠨ ᠤᠷᠭᠤᠵᠤ ᠠᠭᠤᠯᠠᠨ ᠤ ᠡᠩᠭᠡᠷ ᠲᠤᠷ ᠠᠨᠤ ᠥᠴᠥᠬᠡᠨ ᠴᠦ ᠮᠣᠳᠣ ᠦᠭᠡᠢ ᠬᠠᠯᠴᠠᠭᠠᠢ | ᠬᠡᠮᠡᠭᠰᠡᠨ ᠪᠥᠭᠡᠳ ᠪᠠᠰᠠ ᠬᠠᠩᠭᠠᠢ ᠠᠭᠤᠯᠠ ᠶᠢᠨ ᠡᠮᠦᠨ᠎ᠡ ᠲᠠᠯ᠎ᠠ ᠳᠤᠷ ᠪᠢᠴᠢᠭᠲᠦ ᠠᠭᠤᠯᠠ ᠪᠣᠢ᠃ ᠬᠠᠳᠠ ᠴᠢᠯᠠᠭᠤ | ᠠᠨᠤ ᠡᠭᠴᠡ ᠪᠣᠰᠤᠭ᠎ᠠ ᠳᠡᠭᠡᠷ᠎ᠡ ᠠᠨᠤ ᠬᠥᠮᠥᠨ ᠠᠮᠢᠲᠠᠨ ᠢ ᠭᠡᠲᠦᠯᠭᠡᠭᠴᠢ ᠨᠣᠮ ᠢ ᠡᠷᠲᠡᠨ ᠤ ᠰᠠᠨᠰᠺᠷᠢᠲ ᠦᠰᠦᠭ | ᠢᠶᠠᠷ ᠰᠡᠶᠢᠯᠵᠦ᠂ ᠠᠯᠲᠠ ᠰᠠᠭᠤᠯᠭᠠᠨ᠂ ᠬᠠᠵᠠᠭᠤ ᠳᠤᠷ ᠠᠨᠤ ᠬᠢᠲᠠᠳ ᠦᠰᠦᠭ ᠤᠨ ᠬᠢᠴᠢᠶᠡᠩᠭᠦᠢ ᠲᠢᠭ ᠢᠶᠠᠷ | ᠪᠢᠴᠢᠭᠲᠦ ᠬᠠᠳᠠ ᠬᠡᠮᠡᠭᠰᠡᠨ ᠳᠥᠷᠪᠡᠨ ᠦᠰᠦᠭ ᠢ ᠳᠡᠷᠢ ᠲᠡᠭᠰᠢ ᠪᠢᠴᠢᠵᠦ ᠰᠡᠶᠢᠯᠦᠭᠰᠡᠨ ᠠᠨᠤ ᠨᠢᠭᠡ ᠲᠣᠬᠤᠢ ᠤᠷᠲᠤ | ᠪᠠᠶᠢᠮᠤᠢ᠃ ᠡᠨᠡ ᠪᠣᠯᠪᠠᠰᠤ ᠶᠤᠸᠠᠨ ᠤᠯᠤᠰ ᠤᠨ ᠦᠶ᠎ᠡ ᠶᠢᠨ ᠬᠠᠭᠤᠴᠢᠳ ᠪᠣᠯᠠᠢ ᠬᠡᠮᠡᠵᠦᠬᠦᠢ᠃︾ ︵ᠲᠤᠰ ᠨᠣᠮ᠂ | ᠳᠤᠮᠳᠠ᠂ 34 ~ 35 ᠳ᠋ᠤᠭᠠᠷ ᠨᠢᠭᠤᠷ ᠲᠤ︶ ᠪᠠᠰᠠ ᠴᠦ ᠬᠠᠩᠭᠠᠢ ᠠᠭᠤᠯᠠ ᠪᠠ ᠬᠠᠷᠠᠬᠤᠷᠢᠮ ᠬᠤᠲᠠ ᠶᠢᠨ | ᠪᠠᠶᠢᠷᠢᠰᠢᠯ ᠢ ᠲᠣᠳᠣᠷᠬᠠᠶᠢᠯᠠᠬᠤ ᠳᠠᠭᠠᠨ᠄ ︽ᠬᠠᠩᠭᠠᠢ ᠠᠭᠤᠯᠠ ᠠᠨᠤ ᠬᠠᠷ᠎ᠠ ᠬᠠᠳᠠ ᠠᠴᠠ ᠵᠡᠭᠦᠨᠰᠢ ᠬᠠᠷᠠᠬᠤᠷᠢᠮ | ᠠᠴᠠ ᠪᠠᠷᠠᠭᠤᠨᠰᠢ ᠪᠠᠶᠢᠬᠤ ᠪᠣᠯᠣᠮᠤᠢ︾ ︵ᠳᠡᠭᠡᠷᠡᠬᠢ ᠨᠣᠮ ᠤᠨ 38 ᠳ᠋ᠤᠭᠠᠷ ᠨᠢᠭᠤᠷ ᠲᠤ︶ ᠭᠡᠪᠡ᠃ ᠪᠠᠰᠠ᠄ ︽ | ᠵᠠᠩ ᠮᠦ ᠶᠢᠨ ᠴᠢᠬᠤᠯᠠᠴᠢᠯᠠᠭᠰᠠᠨ ᠠᠨᠤ ︵ᠮᠣᠩᠭᠤᠯ ᠤᠨ ᠨᠢᠭᠤᠴᠠ ᠲᠣᠪᠴᠢᠶᠠᠨ︶ ᠳᠤᠷ ᠲᠠᠶᠢᠽᠦ ᠬᠠᠭᠠᠨ ᠤ | ᠨᠠᠢᠮᠠᠨ ᠠᠶᠢᠮᠠᠭ ᠢ ᠳᠠᠶᠢᠯᠠᠭᠰᠠᠨ ᠶᠠᠪᠤᠳᠠᠯ ᠢ ᠲᠡᠮᠳᠡᠭᠯᠡᠬᠦ ᠳᠡᠭᠡᠨ ᠬᠤᠯᠤᠭᠠᠨ᠎ᠠ ᠵᠢᠯ ︵1204︶ ᠤᠨ ᠵᠣᠨ ᠤ | ᠲᠡᠷᠢᠭᠦᠨ ᠰᠠᠷ᠎ᠠ ᠴᠢᠩᠭᠢᠰ ᠬᠠᠭᠠᠨ ᠲᠤᠭ ᠰᠠᠴᠤᠭᠠᠳ ᠨᠠᠢᠮᠠᠨ ᠳᠤᠷ ᠮᠣᠷᠢᠯᠠᠷᠤᠨ ᠁ ᠳᠠᠶᠠᠩ ᠬᠠᠨ ᠬᠠᠩᠭᠠᠢ | ᠶᠢᠨ ᠬᠠᠴᠠᠷ ᠤᠰᠤᠨ᠎ᠠ ᠠᠵᠤᠬᠤᠢ᠃ ᠲᠡᠨᠳᠡ ᠠᠴᠠ ᠬᠥᠳᠡᠯᠵᠦ ᠲᠠᠮᠢᠷ ᠤᠷᠤᠭᠤ ᠶᠠᠪᠤᠭᠠᠳ ᠣᠷᠬᠤᠨ ᠢ ᠭᠡᠲᠦᠯᠵᠦ | ᠨᠠᠬᠤ ᠬᠤᠨ ᠤ ᠡᠪᠦᠷ ᠬᠦᠷᠴᠦ ᠠᠭᠤᠯᠠᠨ ᠤ ᠬᠤᠷᠮᠣᠢ ᠳᠤᠷ ᠪᠠᠭᠤᠵᠤᠬᠤᠢ ᠬᠡᠮᠡᠪᠡᠢ᠃ ᠬᠢᠨᠠᠬᠤᠯᠠ ᠲᠠᠶᠢᠽᠦ ᠶᠢᠨ | ᠴᠠᠳᠢᠭ ᠢᠶᠠᠷ ᠪᠣᠯᠪᠠᠰᠤ ᠳᠠᠶᠠᠩ ᠬᠠᠨ ᠠᠨ ᠲᠠᠢ ᠬᠠᠩᠭᠠᠢ ᠳᠤᠷ ᠢᠷᠡᠵᠦ ᠪᠠᠭᠤᠵᠤᠬᠤᠢ᠃ ᠡᠨᠡ ᠬᠠᠩᠭᠠᠢ ᠠᠨᠤ | ᠳᠠᠷᠤᠢ ︵ᠨᠢᠭᠤᠴᠠ ᠲᠣᠪᠴᠢᠶᠠᠨ︶ ᠳᠤᠷ ᠳᠤᠷᠠᠳᠤᠭᠰᠠᠨ ᠬᠠᠩᠭᠠᠢ ᠮᠥᠨ ᠪᠣᠯᠠᠢ︾ ᠭᠡᠵᠡᠢ᠃ ︵ᠳᠡᠭᠡᠷᠡᠬᠢ ᠨᠣᠮ | ᠤᠨ 40 ᠳ᠋ᠦ᠋ᠭᠡᠷ ᠨᠢᠭᠤᠷ ᠲᠤ︶ | | ︽ᠮᠣᠩᠭᠤᠯ ᠤᠨ ᠬᠤᠰᠢᠭᠤ ᠨᠤᠲᠤᠭ ᠤᠨ ᠲᠡᠮᠳᠡᠭᠯᠡᠯ︾ ᠤᠨ ᠳᠡᠭᠡᠷᠡᠬᠢ ᠲᠡᠮᠳᠡᠭᠯᠡᠯ ᠠᠴᠠ ᠦᠵᠡᠬᠦ ᠳᠤ | ᠠᠯᠲᠠᠢ ᠬᠠᠩᠭᠠᠢ ᠠᠭᠤᠯᠠ ᠪᠣᠯ ᠣᠳᠣ ᠶᠢᠨ ᠰᠢᠨᠵᠢᠶᠠᠩ ᠤᠨ ᠠᠯᠲᠠᠢ ᠠᠭᠤᠯᠠᠨ ᠠᠴᠠ ᠬᠠᠯᠬ᠎ᠠ ᠶᠢᠨ ᠪᠠᠷᠠᠭᠤᠨ ᠲᠠᠯ᠎ᠠ | ᠪᠠᠷ ᠳᠠᠮᠵᠢᠵᠤ ᠣᠷᠣᠰ ᠤᠨ ᠵᠠᠬ᠎ᠠ ᠬᠡᠴᠡ ᠳᠤ ᠣᠷᠣᠳᠠᠭ ᠠᠭᠤᠯᠠ ᠨᠢᠷᠤᠭᠤ ᠨᠤᠭᠤᠳ ᠮᠥᠨ ᠭᠡᠳᠡᠭ ᠨᠢ ᠤᠯᠠᠮ | ᠲᠣᠳᠣᠷᠬᠠᠢ ᠪᠣᠯᠵᠠᠢ᠃ ᠲᠡᠭᠦᠨ ᠳᠤ ᠲᠤᠬᠠᠢ ᠶᠢᠨ ᠦᠶ᠎ᠡ ᠶᠢᠨ ᠮᠣᠩᠭᠤᠯ ᠤᠨ ᠨᠡᠶᠢᠰᠯᠡᠯ ᠬᠠᠷᠠᠬᠤᠷᠢᠮ ᠠᠴᠠ | ᠪᠠᠷᠠᠭᠤᠨᠰᠢᠬᠢ ᠭᠠᠵᠠᠷ ᠢᠶᠠᠷ ᠭᠤᠣᠯ ᠪᠣᠯᠭᠠᠭᠰᠠᠨ ᠮᠣᠩᠭᠤᠯ ᠣᠷᠣᠨ ᠦᠷᠭᠦᠯᠵᠢ ᠪᠠᠭᠲᠠᠨ᠎ᠠ᠃ ᠠᠳᠡ ᠠᠯᠢ ᠡᠷᠲᠡ | ᠮᠣᠩᠭᠤᠯ ᠦᠨᠳᠦᠰᠦᠲᠡᠨ ᠤ ᠤᠳᠤᠮ ᠤᠭᠰᠠᠭ᠎ᠠ ᠡᠭᠦᠰᠴᠦ 12 ᠳ᠋ᠤᠭᠠᠷ ᠵᠠᠭᠤᠨ ᠤ ᠡᠬᠢᠨ ᠳᠤ ᠴᠢᠩᠭᠢᠰ ᠬᠠᠭᠠᠨ | ᠢᠶᠠᠷ ᠲᠥᠯᠥᠭᠡᠯᠡᠭᠦᠯᠦᠭᠰᠡᠨ ᠮᠣᠩᠭᠤᠯᠴᠤᠳ ᠮᠣᠩᠭᠤᠯ ᠠᠶᠢᠮᠠᠭ ᠤᠳ ᠢ ᠨᠢᠭᠡᠳᠬᠡᠵᠦ ᠪᠠᠭᠠᠲᠤᠷᠯᠢᠭ ᠲᠡᠮᠡᠴᠡᠯ ᠢᠶᠠᠷ | ᠢᠶᠠᠨ ᠶᠡᠭᠡ ᠮᠣᠩᠭᠤᠯ ᠤᠯᠤᠰ ᠢ ᠪᠠᠶᠢᠭᠤᠯᠤᠭᠰᠠᠨ ᠲᠠᠷᠬᠠᠨ ᠨᠤᠲᠤᠭ ᠪᠣᠯᠵᠠᠢ᠃ ᠡᠨᠡ ᠭᠠᠵᠠᠷ ᠨᠢ ᠶᠠᠭ ᠦᠵᠦᠮᠦᠴᠢᠨ | ᠮᠣᠩᠭᠤᠯᠴᠤᠳ ᠤᠨ ᠬᠡᠯᠡᠳᠡᠭ ︽ᠦᠵᠦᠮ ᠤᠨ ᠠᠭᠤᠯᠠ — ᠠᠯᠲᠠᠢ ᠬᠠᠩᠭᠠᠢ︾ ᠭᠡᠳᠡᠭ ᠭᠠᠵᠠᠷ ᠮᠥᠨ᠃ | ᠦᠵᠦᠮᠦᠴᠢᠨ ᠮᠣᠩᠭᠤᠯᠴᠤᠳ ᠤᠨ ᠨᠡᠭᠦᠵᠦ ᠢᠷᠡᠭᠰᠡᠨ ᠡᠷᠲᠡᠨ ᠤ ᠨᠤᠲᠤᠭ ᠪᠣᠯ ᠶᠠᠭ ᠡᠨᠡ ᠭᠠᠵᠠᠷ ᠶᠤᠮ᠃ | | ᠡᠶᠢᠮᠦ ᠠᠴᠠ ᠦᠵᠦᠮᠦᠴᠢᠨ ᠮᠣᠩᠭᠤᠯᠴᠤᠳ ᠤᠨ ᠮᠡᠨᠳᠦᠯᠡᠭᠰᠡᠨ ᠦᠵᠦᠮ ᠤᠨ ᠠᠭᠤᠯᠠ ᠠᠯᠲᠠᠢ ᠬᠠᠩᠭᠠᠢ | ᠶᠢᠨ ᠭᠠᠵᠠᠷ ᠤᠨ ᠪᠠᠶᠢᠴᠠ ᠪᠣᠯ ᠠᠯᠲᠠᠢ ᠨᠢᠷᠤᠭᠤ ᠠᠴᠠ ᠣᠷᠣᠰ ᠤᠨ ᠬᠢᠯᠢ᠂ ᠬᠠᠷᠠᠬᠤᠷᠢᠮ ᠠᠴᠠ ᠢᠵᠢᠯ ᠮᠥᠷᠡᠨ ᠢ | ᠪᠠᠭᠲᠠᠭᠠᠭᠰᠠᠨ ᠠᠯᠲᠠᠢ ᠬᠠᠩᠭᠠᠢ ᠠᠭᠤᠯᠠ ᠶᠢᠨ ᠥᠷᠭᠡᠨ ᠠᠭᠤᠳᠠᠮ ᠣᠷᠣᠨ ᠮᠥᠨ᠃ | ︽ᠦᠵᠦᠮᠦᠴᠢᠨ ᠮᠣᠩᠭᠤᠯᠴᠤᠳ︾ ︵ᠭᠣ᠂ ᠷᠠᠬᠸ᠎ᠠ︶ |