ᠬᠡᠶᠢᠮᠦᠷᠢ ᠰᠡᠷᠭᠦᠭᠡᠭᠰᠡᠨ ᠮᠣᠷᠢᠳᠠᠢ ᠠᠶᠠᠯᠠᠯ
ᠨᠡᠶᠢᠲᠡᠯᠡᠭᠰᠡᠨ ᠴᠠᠭ᠄
2025/5/12
      ᠬᠦᠳᠡᠭᠡ ᠨᠣᠳᠤᠭ ᠨᠣᠭᠤᠭᠠᠨ ᠦᠩᠭᠡ ᠪᠠᠷ ᠰᠣᠯᠢᠭᠳᠠᠭᠰᠠᠨ ᠵᠣᠨ ᠤ ᠡᠬᠢᠨ ᠢ ᠣᠭᠳᠣᠵᠣ ᠪᠠᠶᠠᠨᠬᠤᠰᠢᠭᠤ ᠰᠣᠮᠣᠨ ᠠᠴᠠ ᠵᠣᠬᠢᠶᠠᠨ ᠪᠠᠶᠢᠭᠤᠯᠣᠭᠰᠠᠨ 80 ᠭᠠᠵᠠᠷ ᠤᠨ ᠮᠣᠷᠢᠳᠠᠢ ᠠᠶᠠᠯᠠᠯ 5 ᠰᠠᠷ᠎ᠠ ᠶᠢᠨ10 ᠤ ᠡᠳᠦᠷ ᠣᠯᠠᠨ ᠬᠦᠮᠦᠰ ᠤᠨ ᠣᠷᠣᠯᠴᠠᠯᠭ᠎ᠠ ᠲᠠᠢ ᠬᠦᠭᠵᠢᠶᠡᠨᠳᠡᠢ ᠰᠠᠶᠢᠬᠠᠨ ᠶᠠᠪᠣᠭᠳᠠᠯ᠎ᠠ᠃
     ᠲᠣᠰ ᠣᠳᠠᠭᠠᠨ ᠤ ᠠᠵᠢᠯᠯᠠᠭ᠎ᠠ ᠶᠢ ᠪᠠᠶᠠᠨᠬᠤᠰᠢᠭᠤ ᠰᠣᠮᠣᠨ ᠤ ᠨᠠᠮ ᠪᠠ ᠣᠯᠠᠨ ᠲᠦᠮᠡᠨ ᠳᠤ ᠦᠢᠯᠡᠴᠢᠯᠡᠬᠦ ᠲᠦᠪ᠂ ᠰᠢᠨ᠎ᠡ ᠴᠠᠭ ᠦᠶ᠎ᠡ ᠶᠢᠨ ᠪᠣᠯᠪᠠᠰᠣᠨ ᠤ ᠦᠢᠯᠡᠳᠦᠯᠭᠡ ᠶᠢᠨ ᠰᠠᠯᠪᠣᠷᠢ ᠠᠴᠠ ᠭᠤᠣᠯᠯᠠᠨ ᠡᠷᠬᠢᠯᠡᠵᠦ᠂ ᠯᠦ ᠬᠠᠢ ᠴᠢᠩ ᠴᠢᠣᠸᠠᠨ ᠮᠠᠯᠵᠢᠯ ᠲᠠᠷᠢᠶᠠᠯᠠᠩ ᠤᠨ ᠬᠢᠵᠠᠭᠠᠷᠳᠣ ᠺᠣᠮᠫᠠᠨᠢ ᠠᠴᠠ ᠲᠠᠭᠠᠭᠠᠴᠢᠯᠠᠨ ᠡᠷᠬᠢᠯᠡᠨ ᠶᠠᠪᠣᠭᠳᠠᠭᠤᠯᠵᠣ ᠂ ᠪᠠᠶᠠᠨᠬᠤᠰᠢᠭᠤ ᠰᠣᠮᠣᠨ ᠤ ᠺᠠᠳ᠋ᠷ ᠠᠵᠢᠯᠳᠠᠨ᠂ ᠮᠠᠯᠴᠢᠳ᠂ ᠬᠤᠰᠢᠭᠤᠨ ᠤ ᠮᠣᠷᠢ ᠣᠨᠣᠵᠣ ᠪᠡᠶ᠎ᠡ ᠴᠢᠬᠢᠷᠠᠭᠵᠢᠭᠤᠯᠬᠤ ᠲᠦᠪ ᠤᠨ ᠬᠢᠨ ᠪᠣᠯᠣᠨ ᠮᠣᠷᠢᠨ ᠳᠤ ᠪᠠᠭ᠋ᠠᠳᠠᠢ ᠬᠦᠮᠦᠰ ᠢᠳᠡᠪᠬᠢᠯᠡᠨ ᠣᠷᠣᠯᠴᠠᠵᠣ᠂ ᠬᠠᠮᠳᠣ ᠪᠠᠷ ᠬᠦᠳᠡᠭᠡ ᠨᠣᠳᠤᠭ ᠤᠨ ᠥᠩᠭᠡ ᠦᠵᠡᠮᠵᠢ ᠶᠢ ᠰᠣᠨᠢᠷᠬᠠᠵᠣ᠂ ᠲᠠᠯ᠎ᠠ ᠨᠣᠳᠤᠭ᠂ ᠡᠯᠡᠰᠦ ᠮᠠᠩᠬ᠎ᠠ ᠶᠢ ᠮᠣᠷᠢᠳᠠᠢ ᠲᠣᠭᠤᠯᠬᠤ ᠰᠣᠨᠢᠷᠬᠠᠯᠳᠠᠢ ᠨᠢᠭᠡ ᠡᠳᠦᠷ ᠤᠨ ᠠᠶᠠᠯᠠᠯ ᠪᠣᠯᠣᠭᠰᠠᠨ ᠪᠠᠶᠢᠨ᠎ᠠ᠃
     ᠮᠣᠷᠢ ᠣᠨᠣᠵᠣ ᠪᠡᠶ᠎ᠡ ᠴᠢᠬᠢᠷᠠᠭᠵᠢᠭᠤᠯᠬᠤ ᠨᠢ ᠰᠢᠨ᠎ᠡ ᠡᠷᠡᠨ ᠳᠤ ᠬᠦᠮᠦᠰ ᠤᠨ ᠪᠡᠶ᠎ᠡ ᠮᠠᠬᠠᠪᠣᠳ ᠢᠶᠠᠨ ᠴᠢᠬᠢᠷᠠᠭᠵᠢᠭᠤᠯᠣᠨ᠂ ᠰᠡᠳᠬᠢᠯ ᠰᠠᠨᠠᠭᠠᠨ ᠤ ᠲᠠᠶᠢᠪᠣᠰᠢᠷᠠᠯ᠂ ᠡᠬᠡ ᠪᠠᠶᠢᠭᠠᠯᠢ ᠲᠠᠢ ᠦᠢᠷᠠᠳᠣᠨ ᠵᠣᠬᠢᠴᠠᠬᠤ ᠪᠡᠶ᠎ᠡ ᠴᠢᠬᠢᠷᠠᠭᠵᠢᠯ ᠤᠨ ᠨᠢᠭᠡᠨ ᠰᠣᠩᠭᠤᠯᠳᠠ ᠪᠣᠯᠣᠭᠰᠠᠨ ᠶᠣᠮ᠃ ᠣᠶᠢᠷ᠎ᠠ ᠶᠢᠨ ᠵᠢᠯ ᠳᠤ ᠪᠠᠷᠠᠭᠤᠨ ᠦᠵᠦᠮᠦᠴᠢᠨ ᠬᠤᠰᠢᠭᠤ ᠨᠢ ᠠᠳᠣᠭᠤᠨ ᠰᠣᠶᠣᠯ᠂ ᠠᠳᠣᠭᠤᠨ ᠤ ᠦᠢᠯᠡᠰ ᠤᠨ ᠬᠦᠭᠵᠢᠯᠲᠡ ᠶᠢ ᠣᠯᠠᠨ ᠠᠳᠬᠤᠬᠤ ᠶᠢᠨ ᠲᠠᠭᠠᠣ ᠳᠤ ᠮᠣᠷᠢᠨ ᠨᠢᠷᠣᠭᠤᠨ ᠲᠡᠭᠡᠷᠡᠬᠢ ᠴᠢᠬᠢᠷᠠᠭᠵᠢᠯ ᠤᠨ ᠠᠵᠢᠯ ᠢ ᠪᠦᠬᠦ ᠠᠷᠠᠳ ᠤᠨ ᠪᠡᠶ᠎ᠡ ᠴᠢᠬᠢᠷᠠᠭᠵᠢᠯ ᠤᠨ ᠨᠢᠭᠡᠨ ᠠᠭᠤᠯᠭ᠎ᠠ ᠪᠣᠯᠭᠠᠨ ᠠᠭᠤᠰᠣᠯᠴᠠᠭᠤᠯᠵᠣ᠂ ᠬᠦᠮᠦᠰ ᠤᠨ ᠬᠦᠳᠡᠭᠡ ᠨᠣᠳᠤᠭ ᠲᠤ ᠪᠠᠨ ᠲᠡᠳᠦᠢ ᠦᠭᠡᠢ ᠬᠤᠳᠠ ᠰᠠᠭᠤᠭᠠᠯᠢ ᠳᠤ ᠪᠠᠶᠢᠭ᠎ᠠ ᠬᠦᠮᠦᠰ ᠲᠤ ᠴᠣ᠋ ᠮᠣᠷᠢ ᠣᠨᠣᠵᠣ ᠪᠡᠶ᠎ᠡ ᠮᠠᠬᠠᠪᠣᠳ ᠢᠶᠠᠨ ᠴᠢᠬᠢᠷᠠᠭᠵᠢᠭᠤᠯᠬᠤ ᠳᠤ ᠲᠦᠭᠦᠮ ᠦᠵᠡᠭᠦᠯᠦᠭᠰᠡᠭᠡᠷ ᠢᠷᠡᠭᠰᠡᠨ ᠶᠣᠮ᠃
    ᠡᠨᠡ ᠣᠳᠠᠭᠠᠨ ᠤ ︽ᠣᠮᠠᠷᠠᠳᠣ ᠬᠢᠯᠢ ᠶᠢᠨ ᠰᠣᠶᠣᠯ ᠤᠨ ᠪᠠᠶᠢᠭᠤᠯᠣᠯᠲᠠ ᠶᠢ ᠠᠬᠢᠭᠤᠯᠬᠤ ᠰᠢᠷᠢᠰ ᠠᠵᠢᠯᠯᠠᠭ᠎ᠠ︾—ᠲᠠᠯ᠎ᠠ ᠨᠣᠳᠤᠭ ᠤᠨ ᠮᠣᠷᠢᠳᠠᠢ ᠠᠶᠠᠯᠠᠯ ᠭᠡᠬᠦ ᠭᠤᠣᠯ ᠰᠡᠳᠦᠪᠳᠦ ᠠᠵᠢᠯᠯᠠᠭ᠎ᠠ ᠨᠢ ᠣᠯᠠᠨ ᠬᠦᠮᠦᠰ ᠤᠨ ᠮᠣᠷᠢᠳᠠᠢ ᠠᠶᠠᠯᠠᠬᠤ᠂ ᠠᠳᠣᠭᠤᠨ ᠰᠣᠶᠣᠯ ᠢᠶᠠᠨ ᠣᠯᠠᠮᠵᠢᠯᠠᠨ ᠰᠣᠷᠣᠯᠴᠠᠬᠤ ᠬᠦᠰᠡᠯ ᠵᠣᠷᠢᠯᠭ᠎ᠠ ᠶᠢ ᠲᠠᠶᠢᠴᠢᠯᠠᠵᠣ᠂ ᠬᠡᠦᠬᠡᠳ ᠪᠠᠭᠠᠴᠣᠣᠯ᠂ ᠢᠳᠡᠷ ᠵᠠᠯᠠᠭᠤᠰ᠂ ᠲᠠᠯᠠ ᠬᠦᠷᠦᠭᠰᠡᠨ ᠨᠠᠰᠣᠳᠠᠢ ᠬᠦᠮᠦᠰ ᠲᠤ ᠬᠦᠷᠳᠡᠯ᠎ᠡ ᠣᠷᠣᠯᠴᠠᠵᠣ᠂ ᠦᠯᠢᠭᠡᠷ ᠲᠣᠮᠤᠭ ᠲᠠᠢ ᠰᠡᠷᠭᠦᠯᠡᠩ ᠬᠠᠷᠠᠭᠠᠳᠣ ᠠᠭᠤᠯᠠᠨ ᠠᠴᠠ ᠪᠠᠶᠠᠨᠬᠤᠰᠢᠭᠤ ᠰᠣᠮᠣᠨ ᠤ ᠬᠠᠷᠢᠶᠠᠨ ᠳᠠᠬᠢ ᠡᠩᠭᠡᠷ ᠨᠠᠭᠤᠷ ᠵᠣᠭᠠᠴᠠᠯ ᠤᠨ ᠴᠡᠭ ᠲᠤ ᠬᠦᠷᠬᠦ 80 ᠭᠠᠵᠠᠷ ᠤᠨ ᠵᠣᠭᠠᠳᠠᠢ ᠠᠶᠠᠯᠠᠯ ᠪᠣᠯᠵᠣ᠂ ᠪᠡᠶ᠎ᠡ ᠴᠢᠬᠢᠷᠠᠭᠵᠢᠯ᠂ ᠠᠶᠠᠯᠠᠯ ᠵᠣᠭᠠᠴᠠᠯ᠂ ᠠᠳᠣᠭᠤᠨ ᠰᠣᠶᠣᠯ ᠵᠡᠷᠭᠡ ᠶᠢ ᠣᠶᠠᠯᠳᠣᠭᠤᠯᠣᠭᠰᠠᠨ ᠣᠳᠬ᠎ᠠ ᠠᠭᠤᠯᠭ᠎ᠠ ᠲᠠᠢ ᠠᠵᠢᠯᠯᠠᠭ᠎ᠠ ᠪᠣᠯᠣᠭᠰᠠᠨ ᠪᠠᠶᠢᠨ᠎ᠠ᠃
 
ᠢᠷᠡᠯᠲᠡ᠄ ᠪᠠᠷᠠᠭᠤᠨ ᠦᠵᠦᠮᠦᠴᠢᠨ ᠬᠤᠰᠢᠭᠤᠨ ᠤ ᠬᠠᠮ ᠵᠠᠭᠤᠴᠢᠯᠠᠭᠤᠷ ᠤᠨ ᠲᠥᠪ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号