ᠰᠤᠩᠭᠢᠨ᠎ᠠ ᠠᠭᠤᠯᠠ ᠶᠢᠨ ᠡᠩᠭᠡᠷ ᠬᠤᠷᠮᠤᠢ᠂ ᠦᠨᠡᠭᠡᠳᠦ ᠶᠢᠨ ᠠᠭᠤᠯᠠ ᠶᠢᠨ ᠠᠷᠤ ᠦᠪᠦᠷ᠂ ᠴᠠᠪ ᠤᠨ | ᠰᠢᠯᠢ᠂ ᠪᠠᠶᠠᠠᠪᠤᠯᠠᠭ ᠤᠨ ᠦᠡᠭ ᠦᠷᠭᠡᠨ ᠲᠠᠯ᠎ᠠ ᠨᠤᠳᠤᠭ ᠢᠶᠠᠷ ᠦᠶ᠎ᠠ ᠤᠯᠠᠷᠢᠨ ᠮᠠᠯᠵᠢᠬᠤ ᠦᠢᠯᠡᠳᠪᠤᠷᠢᠯᠡᠯ ᠢᠶᠠᠨ | ᠡᠵᠡᠩᠨᠡᠨ ᠦᠶ᠎ᠠ ᠶᠢᠨ ᠤᠯᠠᠨ ᠵᠠᠯᠠᠭᠤᠴᠤᠳ ᠤᠨ ᠢᠶᠠᠨ ᠲᠤᠮᠳᠠ ᠠᠯᠳᠡᠷ ᠨᠡᠷ᠎ᠡ ᠪᠠᠨ ᠮᠠᠨᠳᠤᠭᠤᠯᠵᠤ ᠶᠠᠪᠤᠭ᠎ᠠ | ᠪᠠᠶᠠᠠᠬᠤᠰᠢᠭᠤ ᠰᠤᠮᠤᠨ ᠤ ᠬᠤᠨᠭ᠍ᠭᠤᠷ ᠭᠠᠴᠠᠭ᠎ᠠ ᠪᠤᠯᠤᠨ ᠰᠤᠩᠭᠢᠨ᠎ᠠ ᠭᠠᠴᠠᠭᠠᠨ ᠤ ᠵᠠᠯᠠᠭᠤᠴᠤᠳ ᠲᠠᠪᠤᠨ ᠰᠠᠷ᠎ᠠ ᠶᠢᠨ | ᠡᠭᠢ ᠪᠠᠷ ᠲᠤᠭᠢᠶᠠᠯᠳᠤᠳᠠᠭ ᠲᠡᠯᠡᠭᠡᠢ ᠶᠢᠨ ᠭᠦᠳᠡᠯᠮᠤᠷᠢᠴᠢᠳ ᠤᠨ ᠪᠠᠶᠠᠷ ᠪᠤᠯᠤᠨ ᠵᠠᠯᠠᠭᠤᠴᠤᠳ ᠤᠨ ᠪᠠᠶᠠᠷ ᠤᠨ ︽ | ᠬᠤᠤᠰ ᠪᠠᠶᠠᠷ ᠤᠨ ᠡᠳᠦᠷ︾ ᠲᠤ ᠡᠯᠪᠡᠭ ᠪᠠᠶᠠᠯᠢᠭ ᠠᠭᠤᠯᠭ᠎ᠠ ᠲᠠᠢ ᠰᠤᠶᠤᠯ ᠲᠠᠮᠢᠷ ᠤᠨ ᠠᠵᠢᠯᠯᠠᠭ᠎ᠠ ᠦᠷᠨᠢᠭᠦᠯᠵᠦ | ᠪᠠᠶᠠᠷ ᠤᠨ ᠡᠳᠦᠷ ᠢᠶᠠᠨ ᠪᠡᠯᠭᠡᠯᠡᠪᠡ᠃ | 5 ᠰᠠᠷ᠎ᠠ ᠶᠢᠨ 2 ᠤ ᠡᠳᠦᠷ ᠬᠤᠨᠭ᠍ᠭᠤᠷ ᠭᠠᠴᠠᠭᠠᠨ ᠤ ᠡᠪᠯᠡᠯ ᠤᠨ ᠡᠭᠦᠷ ᠡᠮᠡᠭᠳᠡᠶᠢᠴᠤᠳ ᠤᠨ ᠬᠤᠯᠪᠤᠭᠠᠳᠦ | ᠬᠤᠷᠠᠯ ᠨᠢ ᠤᠯᠠᠨ ᠤ ᠪᠠᠨ ᠲᠤᠮᠳᠠ ᠤᠷᠤᠶᠢᠯᠠᠬᠤ ᠦᠢᠯᠡᠳᠦᠯ ᠢᠶᠠᠨ ᠭᠠᠷᠭᠠᠵᠤ ᠶᠠᠪᠤᠭ᠎ᠠ ᠰᠢᠯᠢᠳᠡᠭ ᠡᠪᠯᠡᠯ ᠤᠨ | ᠭᠡᠰᠢᠭᠦᠨ᠂ ᠰᠢᠯᠢᠳᠡᠭ ᠰᠠᠶᠢᠨ ᠲᠤᠷᠠᠴᠤᠤᠯ᠂ ᠰᠠᠶᠢᠨ ᠪᠡᠷᠢ ᠪᠠᠨ ᠱᠠᠩᠨᠠᠨ ᠠᠵᠢᠯ ᠦᠢᠯᠡᠰ ᠤᠨ ᠬᠢᠨᠢ ᠠᠮᠵᠢᠯᠳᠠ | ᠪᠦᠳᠦᠭᠡᠯ ᠢ ᠦᠨᠡᠯᠡᠨ ᠵᠤᠷᠢᠬᠵᠢᠭᠤᠯᠬᠤ ᠶᠢᠨ ᠬᠠᠮᠳᠦ ᠮᠡᠳᠡᠯᠭᠡ ᠶᠢᠨ ᠤᠷᠤᠯᠳᠤᠭᠠᠨ ᠢᠶᠠᠷ ᠡᠷᠳᠡᠮ ᠰᠤᠶᠤᠯ ᠢ ᠨᠢ | ᠰᠢᠯᠭᠠᠵᠦ᠂ ᠲᠡᠭᠡᠰᠦ ᠲᠠᠳᠠᠬᠤ᠂ ᠰᠡᠶ᠋ᠢᠩ ᠤᠨ ᠤᠷᠤᠯᠳᠤᠭᠠᠨ᠂ ᠴᠤᠮᠤ ᠲᠠᠮᠵᠢᠭᠤᠯᠬᠤ ᠤᠷᠤᠯᠳᠤᠭᠠᠨ ᠢᠶᠠᠷ ᠤᠷ᠎ᠠ | ᠤᠬᠠᠭᠠᠨ ᠢ ᠨᠢ ᠰᠢᠯᠭᠠᠵᠠᠭᠠᠪᠠ ᠃ | 5 ᠰᠠᠷ᠎ᠠ ᠶᠢᠨ 4 ᠤ ᠡᠳᠦᠷ ᠰᠤᠩᠭᠢᠨ᠎ᠠ ᠭᠠᠴᠠᠭᠠᠨ ᠤ ᠡᠪᠯᠡᠯ ᠤᠨ ᠡᠭᠦᠷ ᠡᠮᠡᠭᠳᠡᠶᠢᠴᠤᠳ ᠤᠨ ᠬᠤᠯᠪᠤᠭᠠᠳᠦ | ᠬᠤᠷᠠᠯ ᠨᠢ ᠰᠢᠯᠢᠳᠡᠭ ᠡᠪᠯᠡᠯ ᠤᠨ ᠭᠡᠰᠢᠭᠦᠨ᠂ ᠰᠠᠶᠢᠨ ᠬᠠᠳᠠᠮ ᠡᠵᠢ᠂ ᠰᠠᠶᠢᠨ ᠪᠡᠷᠢ᠂ ᠬᠠᠮᠤᠭ ᠤᠨ ᠰᠠᠶᠢᠬᠠᠨ ᠭᠡᠷ | ᠪᠦᠯᠢ᠂ ᠲᠠᠪᠤᠨ ᠰᠠᠶᠢᠨᠲᠠᠢ ᠭᠡᠷ ᠪᠦᠯᠢ᠂ ᠲᠠᠪᠤᠨ ᠤᠳᠤᠨ ᠲᠡᠰ ᠤᠨ ᠴᠡᠪᠡᠷ ᠠᠶᠢᠯ᠂ ᠴᠡᠪᠡᠷ ᠠᠶᠢᠯ ᠵᠡᠷᠭᠡ ᠪᠠᠨ | ᠱᠠᠩᠨᠠᠬᠤ ᠶᠢᠨ ᠬᠠᠮᠳᠦ ᠭᠠᠷ ᠤᠷᠠᠯᠠᠯ᠂ ᠢᠰᠡᠭᠡᠢ ᠤᠷᠠᠯᠠᠯ᠂ ᠤᠶᠤᠳᠠᠯ ᠬᠠᠳᠬᠤᠮᠠᠯ ᠤᠨ ᠲᠡᠯᠭᠡᠨ ᠦᠵᠡᠭᠦᠯᠭᠡ ᠶᠢᠨ | ᠤᠷᠤᠯᠳᠤᠭᠠᠨ ᠶᠠᠪᠤᠭᠤᠯᠵᠤ᠂ ᠤᠷᠠᠨ ᠪᠦᠰᠡᠭᠦᠶᠢᠴᠤᠳ ᠤᠨ ᠭᠠᠷ ᠤᠨ ᠤᠷᠠᠨ ᠢ ᠠᠳᠠᠯᠢᠳᠬᠠᠨ 17 ᠪᠦᠳᠦᠭᠡᠯ ᠳᠤ | ᠠᠳᠠᠯᠢ ᠪᠤᠰᠤ ᠲᠡᠰ ᠤᠨ ᠱᠠᠩᠨᠠᠯ ᠤᠯᠭᠤᠨ᠂ ᠡᠭᠦᠨ ᠠᠴᠠ ᠭᠠᠳᠠᠨ᠎ᠠ ᠲᠤᠰ ᠭᠠᠴᠠᠭᠠᠨ ᠤ ︽ᠥᠯᠡᠮᠵᠢ ᠶᠢᠨ | ᠬᠠᠶᠢᠷ᠎ᠠ︾ ᠰᠠᠶᠢᠨ ᠲᠤᠷᠠᠴᠤᠤᠯ ᠤᠨ ᠬᠤᠯᠪᠤᠭᠠᠨ ᠤ 26 ᠰᠢᠯᠢᠳᠡᠭ ᠰᠠᠶᠢᠨ ᠲᠤᠷᠠᠴᠤᠤᠯ ᠢᠶᠠᠨ ︽ᠲᠠᠭᠤᠷᠢᠶᠠᠯ ᠤᠨ | ᠤᠳᠤᠨ︾ ᠢᠶᠠᠷ᠂ ︿︿ᠰᠠᠭᠠᠯᠢᠴᠢᠨ ᠪᠦᠰᠡᠭᠦᠢ﹀﹀ ᠬᠤᠯᠪᠤᠭᠠᠨ ᠤ ᠭᠦᠳᠡᠭᠡ ᠨᠤᠳᠤᠭ ᠲᠤ ᠪᠠᠨ ᠪᠠᠶᠢᠡᠭᠭᠤ ᠰᠠᠭᠠᠯᠢ | ᠰᠦ ᠪᠠᠨ ᠪᠤᠯᠪᠠᠰᠤᠷᠠᠭᠤᠯᠵᠤ ᠪᠠᠶᠢᠭ᠎ᠠ18 ᠪᠦᠰᠡᠭᠦᠢ ᠶᠢ ︽ᠵᠢᠱᠢᠶᠡᠴᠢ ᠲᠠᠭᠠᠭᠤᠯᠤᠬᠴᠢ︾ ᠪᠠᠷ ᠱᠠᠩᠨᠠᠵᠦ᠂ | ᠪᠦᠳᠦᠭᠦᠨ ᠮᠤᠷᠢ᠂ ᠦᠷᠢᠶ᠎ᠠ ᠲᠠᠭᠠᠨ ᠤ ᠤᠷᠤᠯᠳᠤᠭᠠᠨ ᠶᠠᠪᠤᠭᠤᠯᠵᠠᠢ᠃ | ᠬᠤᠶᠠᠷ ᠡᠳᠦᠷ ᠤᠨ ᠠᠵᠢᠯᠯᠠᠭ᠎ᠠ ᠨᠢ ᠬᠤᠷᠠᠨ ᠴᠤᠬᠯᠠᠷᠠᠬᠰᠠᠨ ᠮᠠᠯᠴᠢᠳ ᠤᠨ ᠢᠶᠠᠨ ᠰᠤᠶᠤᠯ ᠤᠨ ᠠᠮᠢᠳᠤᠷᠠᠯ ᠢ | ᠪᠠᠶᠠᠯᠢᠬᠵᠢᠭᠤᠯᠤᠨ᠂ ᠠᠵᠢᠯ ᠭᠦᠳᠡᠯᠮᠤᠷᠢ ᠶᠢᠨ ᠬᠢᠨᠢ ᠶᠠᠳᠠᠷᠠᠭ᠎ᠠ ᠵᠦᠳᠡᠷᠡᠭᠡ ᠶᠢ ᠲᠠᠶᠢᠯᠵᠦ ᠂ ᠠᠵᠢᠯ ᠦᠢᠯᠡᠰ ᠤᠨ | ᠢᠶᠠᠨ ᠠᠮᠵᠢᠯᠳᠠ ᠲᠤᠷᠰᠢᠯᠭ᠎ᠠ᠂ ᠠᠯᠳᠠᠭ᠎ᠠ ᠣᠨᠤᠭ᠎ᠠ ᠪᠠᠨ ᠰᠤᠯᠢᠯᠴᠠᠬᠤ ᠳᠤ ᠴᠠᠭ ᠵᠠᠪᠰᠢᠶᠠᠨ ᠤᠯᠭᠤᠨ᠂ ᠢᠷᠡᠭᠦ | ᠮᠠᠷᠭᠠᠰᠢ ᠶᠢᠨ ᠢᠶᠠᠨ ᠮᠠᠯ ᠠᠵᠤ ᠠᠬᠤᠢ ᠶᠢᠨ ᠦᠢᠯᠡᠳᠪᠤᠷᠢᠯᠡᠯ ᠳᠤ ᠨᠡᠩ ᠶᠡᠭᠡ ᠦᠨᠳᠦᠷ ᠠᠮᠵᠢᠯᠳᠠ ᠭᠠᠷᠭᠠᠬᠤ | ᠤᠷᠮ᠎ᠠ ᠵᠤᠷᠢᠭ ᠢ ᠨᠢ ᠭᠦᠪᠴᠢᠯᠡᠪᠡ᠃ | | ᠭᠡᠷᠡᠯ ᠵᠢᠷᠤᠭ ᠢ ᠠ᠊ ·ᠡᠷᠭᠢᠮᠪᠠᠳᠦ᠂ ᠲᠡᠮᠤᠷᠠ ᠨᠠᠷ ᠬᠠᠨᠭ᠍ᠭᠠᠪᠠ |