ᠪᠠᠷᠠᠭᠤᠨ ᠦᠵᠦᠮᠦᠴᠢᠨ ᠬᠤᠰᠢᠭᠤ ᠨᠢ ᠦᠨᠢ ᠤᠳᠠᠭᠠᠨ ᠲᠠᠣᠬᠡ ᠲᠠᠢ ᠤᠯᠠᠮᠵᠢᠯᠠᠯᠳᠣ ᠪᠠᠶ᠎ᠡ ᠲᠠᠮᠢᠷ᠂ ᠡᠷ᠎ᠡ | ᠶᠢᠨ ᠭᠤᠷᠪᠠᠨ ᠨᠠᠭᠠᠳᠣᠮ ᠤᠨ ᠨᠢᠭᠡ ᠪᠤᠯᠤᠭᠰᠠᠨ ᠰᠤᠷ ᠬᠠᠷᠪᠤᠯᠲᠠ ᠶᠢᠨ ᠰᠣᠶᠤᠯ ᠤᠨ ᠦᠷᠬᠡᠨ ᠤᠷᠤᠨ ᠵᠠᠢ ᠶᠢ | ᠭᠦᠢᠴᠠᠳ ᠠᠰᠢᠭᠯᠠᠨ᠂ ᠰᠤᠷ ᠬᠠᠷᠪᠤᠯᠲᠠ ᠶᠢ ᠤᠷᠤᠨ ᠨᠤᠳᠤᠭ ᠤᠨ ᠰᠣᠶᠤᠯ ᠵᠢᠭᠤᠯᠴᠢᠯᠠᠯ ᠲᠠᠢ ᠤᠶᠠᠯᠳᠣᠭᠤᠯᠵᠦ᠂ | ᠮᠠᠯᠴᠢᠳ ᠤᠨ ᠣᠷᠣᠯᠭ᠎ᠠ ᠶᠢᠨ ᠨᠡᠮᠡᠭᠳᠡᠯ ᠢ ᠠᠬᠢᠭᠤᠯᠬᠤ ᠰᠢᠨ᠎ᠡ ᠠᠷᠭ᠎ᠠ ᠵᠠᠮ ᠢ ᠰᠦᠪᠡᠭᠴᠢᠯᠡᠵᠦ᠂ ᠦᠨᠳᠦᠰᠦᠲᠡᠨ ᠤ | ᠰᠣᠶᠣᠯ ᠤᠨ ᠨᠦᠯᠦᠬᠡᠯᠡᠬᠦ ᠬᠦᠴᠦᠨ ᠢ ᠲᠡᠭᠡᠭᠰᠢᠯᠠᠬᠦᠯᠵᠦ ᠪᠠᠶᠢᠨ᠎ᠠ᠃ | ᠪᠠᠷᠠᠭᠤᠨ ᠦᠵᠦᠮᠦᠴᠢᠨ ᠬᠤᠰᠢᠭᠤᠨ ᠤ ᠤᠷᠤᠨ ᠨᠤᠳᠤᠭ ᠤᠨ ᠰᠣᠶᠤᠯ ᠢᠷᠬᠡᠨᠰᠢᠯ ᠤᠨ ᠨᠢᠭᠡᠨ ᠴᠢᠬᠤᠯᠠ | ᠵᠦᠢᠯ ᠪᠤᠯᠤᠭᠰᠠᠨ ᠢᠶᠠᠷ ᠢᠶᠠᠨ ᠰᠤᠷ ᠬᠠᠷᠪᠤᠯᠲᠠ ᠨᠢ ᠮᠠᠰᠢ ᠥᠷᠭᠡᠨ ᠳᠡᠯᠭᠡᠷ ᠣᠯᠠᠨ ᠲᠦᠮᠡᠨ ᠤ ᠰᠠᠭᠤᠷᠢ ᠲᠠᠢ ᠶᠤᠮ᠃ | 2010 ᠣᠨ ᠳᠤ᠂ ᠪᠠᠷᠠᠭᠤᠨ ᠦᠵᠦᠮᠦᠴᠢᠨ ᠬᠤᠰᠢᠭᠤᠨ ᠤ 1024 ᠬᠦᠮᠦᠨ ᠤ ᠰᠤᠷ ᠬᠠᠷᠪᠤᠯᠲᠠ ᠶᠢᠨ | ᠤᠷᠤᠯᠳᠤᠭᠠᠨ ᠳᠤ ᠭᠢᠨᠢᠰ ᠤᠨ ᠲᠡᠮᠳᠡᠭᠯᠡᠯ ᠢ ᠡᠭᠦᠳᠴᠦ᠂ ᠪᠠᠷᠠᠭᠤᠨ ᠦᠵᠦᠮᠦᠴᠢᠨ ᠬᠤᠰᠢᠭᠤᠨ ᠤ ᠰᠤᠷ | ᠬᠠᠷᠪᠤᠯᠲᠠ ᠶᠢᠨ ᠤᠯᠤᠰ ᠤᠨ ᠳᠣᠲᠣᠭᠠᠳᠤ ᠭᠠᠳᠠᠭᠠᠳᠤ ᠳᠠᠬᠢ ᠠᠯᠳᠠᠷᠰᠢᠯ ᠢ ᠲᠡᠭᠡᠭᠰᠢᠯᠡᠬᠦᠯᠦᠭᠰᠡᠨ ᠢᠶᠠᠷ ᠪᠠᠷᠠᠬᠤ | ᠦᠬᠡᠢ᠂ 2018 ᠣᠨ ᠳᠤ ᠶᠠᠪᠤᠭᠳᠠᠭᠰᠠᠨ ᠪᠠᠷᠠᠭᠤᠨ ᠦᠵᠦᠮᠦᠴᠢᠨ ᠬᠤᠰᠢᠭᠤᠨ ᠤ ᠬᠤᠶᠠᠳᠤᠭᠠᠷ ᠬᠤᠭᠤᠴᠠᠭᠠᠨ ᠤ | ᠣᠯᠠᠨ ᠤᠯᠤᠰ ᠤᠨ ᠤᠯᠠᠮᠵᠢᠯᠠᠯᠲᠤ ᠰᠤᠷ ᠬᠠᠷᠪᠤᠯᠲᠠ ᠶᠢᠨ ᠤᠷᠤᠯᠳᠤᠭᠠᠨ ᠨᠢ ᠣᠷᠣᠨ ᠤ ᠳᠣᠲᠣᠨ᠎ᠠ ᠭᠠᠳᠠᠨᠠᠬᠢ | ᠰᠣᠷ ᠬᠠᠷᠪᠤᠯᠲᠠ ᠳᠤ ᠲᠣᠷ᠎ᠠ ᠪᠠᠬ᠎ᠠ ᠲᠠᠢ ᠬᠦᠮᠦᠰ ᠤᠨ ᠠᠩᠬᠠᠷᠣᠯ ᠢ ᠲᠡᠳᠡᠨ᠂ ᠪᠦᠬᠦ ᠬᠤᠰᠢᠭᠤᠨ ᠤ ᠰᠤᠷ | ᠬᠠᠷᠪᠤᠯᠲᠠ ᠶᠢᠨ ᠬᠥᠭᠵᠢᠯᠲᠡ ᠳᠤ ᠰᠢᠨ᠎ᠡ ᠠᠮᠢᠵᠢᠷᠠᠯ ᠤᠨ ᠬᠦᠴᠦᠨ ᠤᠯᠭᠤᠭᠰᠠᠨ ᠪᠠᠶᠢᠳᠠᠭ᠃ | 2014 ᠣᠨ ᠳᠤ᠂ ᠪᠠᠷᠠᠭᠤᠨ ᠦᠵᠦᠮᠦᠴᠢᠨ ᠬᠤᠰᠢᠭᠤᠨ ᠤ ᠰᠤᠷ ᠬᠠᠷᠪᠤᠯᠲᠠ ᠶᠢᠨ ᠨᠡᠶᠢᠭᠡᠮᠯᠢᠭ ᠢ | ᠪᠠᠶᠢᠭᠤᠯᠤᠨ᠂ ᠰᠣᠷ ᠬᠠᠷᠪᠤᠯᠲᠠ ᠶᠢᠨ ᠲᠣᠷ᠎ᠠ ᠪᠠᠭ᠋ᠠᠳᠠᠳ ᠲᠤ ᠬᠠᠷᠢᠯᠴᠠᠨ ᠰᠣᠷᠣᠯᠴᠠᠨ ᠬᠠᠮᠳᠣᠪᠠᠷ ᠲᠠᠪᠰᠢᠬᠤ | ᠤᠷᠤᠨ ᠵᠠᠢ ᠬᠠᠩᠭᠠᠨ ᠦᠭᠴᠦ᠂ ᠵᠢᠯ ᠪᠦᠷᠢ ᠨᠡᠶᠢᠭᠡᠮᠯᠢᠭ ᠠᠴᠠ ᠣᠯᠠᠨ ᠲᠠᠯᠠᠪᠤᠷ ᠰᠤᠷ ᠬᠠᠷᠪᠤᠯᠲᠠ ᠶᠢᠨ | ᠤᠷᠤᠯᠳᠤᠭᠠᠨ ᠢ ᠶᠠᠪᠤᠭᠳᠠᠭᠤᠯᠵᠤ᠂ ᠡᠯ᠎ᠡ ᠭᠠᠵᠠᠷ ᠠᠴᠠ ᠢᠷᠡᠭᠰᠡᠨ ᠰᠤᠷ ᠬᠠᠷᠪᠤᠯᠲᠠ ᠳᠤ ᠪᠠᠭ᠋ᠠᠲᠠᠢ ᠬᠥᠮᠥᠰ ᠤᠨ | ᠠᠩᠬᠠᠷᠤᠯ ᠢ ᠲᠠᠲᠠᠳᠠᠭ ᠪᠠᠶᠢᠨ᠎ᠠ᠃ ᠨᠡᠶᠢᠭᠡᠮᠯᠢᠭ ᠠᠴᠠ ᠪᠠᠰᠠ ᠪᠤᠰᠤᠳ ᠭᠠᠵᠠᠷ ᠣᠷᠣᠨ ᠤ ᠰᠤᠷ ᠬᠠᠷᠪᠤᠯᠲᠠ ᠶᠢᠨ | ᠵᠣᠬᠢᠶᠠᠨ ᠪᠠᠶᠢᠭᠤᠯᠤᠯᠲᠠ ᠲᠠᠢ ᠢᠳᠡᠪᠬᠢᠲᠡᠢ ᠪᠠᠷ ᠰᠣᠯᠢᠯᠴᠠᠭ᠎ᠠ ᠬᠠᠮᠲᠤᠷᠠᠯᠴᠠᠭ᠎ᠠ ᠬᠢᠵᠦ᠂ ᠲᠡᠷᠢᠭᠦᠨ ᠤ ᠠᠷᠭ᠎ᠠ | ᠲᠤᠷᠰᠢᠯᠭ᠎ᠠ ᠪᠠᠨ ᠰᠣᠯᠢᠯᠴᠠᠨ᠂ ᠤᠷᠤᠨ ᠨᠤᠳᠤᠭ ᠤᠨ ᠰᠣᠷ ᠬᠠᠷᠪᠤᠯᠲᠠ ᠶᠢᠨ ᠬᠥᠭᠵᠢᠯᠲᠡ ᠶᠢ ᠠᠬᠢᠭᠤᠯᠤᠨ᠎ᠠ᠃ | ᠪᠦᠬᠦ ᠬᠤᠰᠢᠭᠤᠨ ᠤ ᠰᠣᠷ ᠬᠠᠷᠪᠤᠯᠲᠠ ᠶᠢᠨ ᠮᠠᠷᠬᠡᠵᠢᠯ ᠤᠨ ᠬᠢᠷᠢ ᠲᠦᠪᠰᠢᠨ ᠤ ᠲᠡᠭᠡᠭᠰᠢᠯᠡᠯᠳᠡ᠂ | ᠤᠯᠠᠮᠵᠢᠯᠠᠨ ᠭᠦᠭᠵᠢᠬᠦ ᠳᠤ ᠪᠣᠳᠠᠰ ᠤᠨ ᠪᠤᠰᠤ ᠰᠣᠶᠣᠯ ᠤᠨ ᠥᠪ ᠤᠨ ᠲᠦᠷᠦᠯ ᠵᠦᠢᠯ ︱ᠮᠣᠩᠭᠤᠯ ᠦᠨᠳᠦᠰᠦᠲᠡᠨ | ᠤ ᠰᠤᠷ ᠬᠠᠷᠪᠤᠯᠲᠠ ᠶᠢᠨ ᠲᠥᠯᠥᠭᠡᠯᠡᠬᠦ ᠴᠢᠨᠠᠷᠲᠠᠢ ᠦᠪᠯᠠᠨ ᠤᠯᠠᠮᠵᠢᠯᠠᠭᠴᠢ ᠨᠢ ᠮᠠᠰᠢ ᠵᠠᠩᠬᠢᠯᠭ᠎ᠠ ᠶᠢᠨ ᠦᠢᠯᠠᠳᠣᠯ | ᠭᠠᠷᠭᠠᠵᠦ ᠪᠠᠶᠢᠳᠠᠭ᠃ ᠪᠠᠷᠠᠭᠤᠨ ᠦᠵᠦᠮᠦᠴᠢᠨ ᠬᠤᠰᠢᠭᠤᠨ ᠤ ᠤᠯᠠᠭᠠᠨᠬᠠᠭᠠᠯᠭ᠎ᠠ ᠰᠣᠮᠤᠨ ᠤ ᠡᠷᠬᠡᠲᠦᠠᠣᠪᠣᠭᠠ | ᠭᠠᠴᠠᠭᠠᠨ ᠤ ᠮᠠᠯᠴᠢᠨ ᠲᠠᠮᠤᠷ᠎ᠠ ᠤᠯᠠᠨ ᠵᠢᠯ ᠤᠨ ᠰᠤᠷ ᠬᠠᠷᠪᠤᠯᠭ᠎ᠠ ᠶᠢᠨ ᠲᠤᠷᠰᠢᠯᠭ᠎ᠠ ᠵᠢᠴᠢ ᠡᠪᠡᠷ ᠨᠤᠮᠣ ᠬᠢᠬᠦ ᠤᠷ᠎ᠠ | ᠮᠡᠷᠭᠡᠵᠢᠯ ᠢᠶᠠᠷ ᠢᠶᠠᠨ 2021 ᠣᠨ ᠳᠤ ᠥᠪᠡᠷᠲᠡᠭᠡᠨ ᠵᠠᠰᠠᠬᠤ ᠣᠷᠣᠨ ᠤ ᠲᠡᠰ ᠤᠨ ᠪᠣᠳᠠᠰ ᠤᠨ ᠪᠤᠰᠤ ᠰᠣᠶᠣᠯ | ᠤᠨ ᠥᠪ ᠤᠨ ᠲᠦᠷᠦᠯ ᠵᠦᠢᠯ ︱ᠮᠣᠩᠭᠤᠯ ᠦᠨᠳᠦᠰᠦᠲᠡᠨ ᠤ ᠰᠤᠷ ᠬᠠᠷᠪᠤᠯᠲᠠ ᠶᠢᠨ ᠲᠥᠯᠥᠭᠡᠯᠡᠬᠦ ᠴᠢᠨᠠᠷᠲᠠᠢ | ᠤᠯᠠᠮᠵᠢᠯᠠᠭᠴᠢ ᠪᠠᠷ ᠦᠨᠡᠯᠡᠭᠳᠡᠪᠡ᠃ ᠡᠬᠦᠨ ᠠᠴᠠ ᠭᠠᠳᠠᠨ᠎ᠠ ᠨᠢᠭᠡ ᠠᠶᠢᠮᠠᠭ ᠤᠨ ᠲᠠᠰ ᠤᠨ ᠦᠪᠯᠠᠨ ᠤᠯᠠᠮᠵᠢᠯᠠᠭᠴᠢ | ᠂ ᠬᠤᠶᠠᠷ ᠬᠤᠰᠢᠭᠤ ᠲᠠᠰ ᠤᠨ ᠦᠪᠯᠠᠨ ᠤᠯᠠᠮᠵᠢᠯᠠᠭᠴᠢ ᠬᠠᠮᠳᠣᠷᠠᠨ᠂ ᠪᠤᠯᠪᠠᠰᠣᠷᠠᠯ ᠡᠷᠭᠢᠯᠡᠬᠦ᠂ ᠲᠤᠰᠬᠠᠢ ᠰᠡᠳᠦᠪᠲᠦ | ᠲᠠᠶᠢᠯᠤᠮᠵᠢ ᠥᠷᠨᠢᠭᠦᠯᠬᠦ ᠵᠡᠷᠭᠡ ᠠᠷᠭ᠎ᠠ ᠬᠡᠯᠪᠡᠷᠢ ᠪᠠᠷ ᠳᠠᠮᠵᠢᠭᠤᠯᠤᠨ᠂ ᠵᠠᠯᠠᠭᠤᠴᠤᠳ ᠲᠤ ᠰᠤᠷ ᠬᠠᠷᠪᠤᠯᠲᠠ ᠶᠢᠨ | ᠤᠷ᠎ᠠ ᠮᠡᠷᠭᠡᠵᠢᠯ ᠪᠠ ᠥᠪ ᠰᠣᠶᠣᠯ ᠤᠨ ᠮᠡᠳᠡᠯᠭᠡ ᠶᠢ ᠤᠯᠠᠮᠵᠢᠯᠠᠨ ᠥᠭᠴᠦ᠂ ᠰᠤᠷ ᠬᠠᠷᠪᠤᠯᠲᠠ ᠶᠢᠨ ᠦᠢᠯᠡᠰ ᠲᠤ | ᠰᠢᠯᠢᠳᠡᠭ ᠪᠡᠯᠡᠳᠬᠡᠯ ᠴᠢᠳᠠᠪᠤᠷᠢᠲᠠᠨ ᠢ ᠬᠦᠮᠦᠵᠢᠬᠦᠯᠵᠦ ᠪᠠᠶᠢᠭ᠎ᠠ ᠶᠤᠮ᠃ | ᠪᠠᠷᠠᠭᠤᠨ ᠦᠵᠦᠮᠦᠴᠢᠨ ᠬᠤᠰᠢᠭᠤ ᠨᠢ ᠰᠤᠷ ᠬᠠᠷᠪᠤᠯᠲᠠ ᠪᠠ ᠵᠤᠭᠠᠴᠠᠯ ᠤᠨ ᠦᠢᠯᠡᠰ ᠢ ᠭᠦᠨᠵᠡᠭᠡᠢ | ᠠᠭᠤᠰᠤᠯᠴᠠᠭᠤᠯᠵᠤ᠂ ᠣᠷᠣᠯᠭ᠎ᠠ ᠪᠠᠨ ᠨᠡᠮᠡᠭᠳᠡᠭᠦᠯᠬᠦ ᠰᠢᠨ᠎ᠡ ᠠᠷᠭ᠎ᠠ ᠵᠠᠮ ᠢ ᠬᠠᠶᠢᠨ ᠰᠦᠪᠡᠭᠴᠢᠯᠠᠵᠦ᠂ ᠮᠣᠩᠭᠤᠯ | ᠬᠠᠨ ᠬᠤᠲᠠ᠂ ᠬᠠᠪᠴᠢᠭᠠᠢ ᠵᠢᠭᠤᠯᠴᠢᠯᠠᠯ ᠤᠨ ᠦᠵᠡᠮᠵᠢ ᠶᠢᠨ ᠣᠷᠣᠨ ᠳᠤ ᠵᠤᠭᠠᠴᠠᠭᠰᠠᠳ ᠲᠤ ᠰᠤᠷ | ᠬᠠᠷᠪᠤᠯᠲᠠ ᠶᠢ ᠪᠠᠶᠠᠴᠢᠯᠠᠨ ᠦᠢᠯᠠᠭᠠᠬᠤ ᠲᠠᠪᠴᠠᠩ ᠬᠠᠩᠭᠠᠨ ᠂ ᠮᠣᠩᠭᠤᠯ ᠦᠨᠳᠦᠰᠦᠲᠡᠨ ᠤ ᠤᠯᠠᠮᠵᠢᠯᠠᠯᠲᠤ ᠪᠡᠶ᠎ᠡ | ᠶᠢᠨ ᠲᠠᠮᠢᠷ ᠤᠨ ᠥᠪᠡᠷᠮᠢᠴᠡ ᠷᠢᠳᠢ ᠰᠢᠳᠢ ᠶᠢ ᠣᠶᠢᠯᠠᠭᠠᠭᠤᠯᠵᠤ ᠪᠠᠶᠢᠭ᠎ᠠ ᠶᠤᠮ᠃ ᠡᠨᠡ ᠨᠢ ᠵᠢᠭᠤᠯᠴᠢᠯᠠᠯ ᠤᠨ | ᠲᠥᠷᠥᠯ ᠵᠦᠢᠯ ᠢ ᠪᠠᠶᠠᠯᠢᠭᠵᠢᠭᠤᠯᠤᠭᠰᠠᠨ ᠢᠶᠠᠷ ᠪᠠᠷᠠᠬᠤ ᠦᠭᠡᠢ᠂ ᠭᠠᠵᠠᠷ ᠤᠷᠤᠨ ᠤ ᠵᠢᠭᠤᠯᠴᠢᠯᠠᠯ ᠤᠨ ᠭᠦᠭᠵᠢᠯᠳᠡ | ᠳᠤ ᠬᠦᠴᠦᠨ ᠨᠡᠮᠡᠷᠢᠯᠡᠭᠰᠡᠨ ᠪᠠᠶᠢᠨ᠎ᠠ᠃ | ᠡᠪᠡᠷ ᠨᠣᠮᠤ ᠬᠢᠬᠦ ᠨᠢ ᠬᠡᠰᠡᠭ ᠮᠠᠯᠴᠢᠳ ᠤᠨ ᠣᠷᠣᠯᠭ᠎ᠠ ᠶᠢ ᠨᠡᠮᠡᠭᠳᠡᠭᠦᠯᠬᠦ ᠠᠷᠭ᠎ᠠ ᠵᠠᠮ ᠪᠣᠯᠵᠠᠢ᠃ ᠪᠠᠷᠠᠭᠤᠨ | ᠦᠵᠦᠮᠦᠴᠢᠨ ᠬᠤᠰᠢᠭᠤᠨ ᠤ ᠰᠤᠷ ᠬᠠᠷᠪᠤᠯᠲᠠ ᠶᠢᠨ ᠨᠡᠶᠢᠭᠡᠮᠯᠢᠭ ᠤᠨ ᠡᠷᠬᠢᠯᠡᠭᠴᠢ ᠶᠢᠨ ᠲᠤᠰᠢᠶᠠᠯ ᠢ ᠬᠠᠷᠢᠭᠤᠴᠠᠵᠤ | ᠪᠠᠶᠢᠭᠰᠠᠨ ᠰᠤᠷ ᠬᠠᠷᠪᠤᠭᠠᠴᠢᠨ ᠪᠤᠯᠤᠷ ᠨᠢ ᠡᠪᠡᠷ ᠨᠤᠮᠤ ᠦᠢᠯᠠᠳᠬᠦ ᠠᠵᠢᠯ ᠢᠶᠠᠨ ᠡᠬᠢᠯᠠᠨ ᠨᠠᠯᠢᠶᠠᠳ ᠬᠡᠳᠣᠨ | ᠵᠢᠯ ᠤᠨ ᠨᠢᠭᠤᠷ ᠦᠵᠡᠵᠦ ᠪᠠᠶᠢᠭ᠎ᠠ ᠶᠤᠮ᠃ ᠪᠤᠯᠤᠷ ᠤᠨ ᠬᠢᠭᠰᠡᠨ ᠡᠪᠡᠷ ᠨᠤᠮᠤ ᠨᠢ ᠴᠢᠨᠠᠷ ᠰᠠᠶᠢᠲᠠᠢ ᠮᠠᠲ᠋ᠧᠷᠢᠶᠠᠯ | ᠪᠠ ᠨᠠᠷᠢᠯᠢᠭ ᠤᠷᠠᠯᠠᠯ ᠢᠶᠠᠷ ᠢᠶᠠᠨ ᠦᠷᠬᠡᠨ ᠤᠯᠠᠨ ᠬᠡᠷᠡᠭᠯᠡᠭᠴᠢᠳ ᠤᠨ ᠬᠠᠯᠠᠭᠤᠨ ᠭᠦᠷᠢᠶᠠᠯᠠᠯ ᠢ ᠤᠯᠵᠦ᠂ ᠪᠦᠬᠦ | ᠤᠯᠤᠰ ᠤᠨ ᠡᠯ᠎ᠡ ᠭᠠᠵᠠᠷ ᠲᠤ ᠪᠤᠷᠤᠯᠠᠭᠤᠯᠤᠭᠳᠠᠨ᠂ ᠵᠢᠯ ᠪᠦᠷᠢ ᠶᠢᠨ ᠪᠣᠷᠤᠯᠠᠭᠤᠯᠭ᠎ᠠ ᠶᠢᠨ ᠬᠡᠮᠵᠢᠶ᠎ᠡ ᠨᠢ 40 ᠭᠠᠷᠤᠢ | ᠳᠤ ᠭᠦᠷᠴᠦ᠂ ᠪᠤᠯᠤᠷ ᠤᠨ ᠤᠷᠤᠯᠭ᠎ᠠ ᠶᠢᠨ ᠨᠡᠮᠡᠭᠳᠡᠯᠢ ᠠᠬᠢᠭᠤᠯᠤᠭᠰᠠᠨ ᠢᠶᠠᠷ ᠪᠠᠷᠠᠬᠤ ᠦᠬᠡᠢ᠂ ᠪᠠᠷᠠᠭᠤᠨ | ᠦᠵᠦᠮᠦᠴᠢᠨ ᠬᠤᠰᠢᠭᠤᠨ ᠤ ᠰᠤᠷ ᠬᠠᠷᠪᠤᠯᠲᠠ ᠶᠢᠨ ᠠᠵᠤ ᠦᠢᠯᠡᠰ ᠤᠨ ᠤᠯᠠᠨ ᠡᠰᠢᠴᠢᠯᠡᠭᠰᠡᠨ ᠬᠥᠭᠵᠢᠯᠲᠡ ᠳᠤ | ᠰᠢᠨ᠎ᠡ ᠰᠡᠳᠬᠢᠴᠡ ᠶᠢ ᠬᠠᠩᠭᠠᠵᠠᠢ᠃ | | | |