ᠮᠣᠩᠭᠤᠯ ᠦᠨᠳᠦᠰᠦᠲᠡᠨ ᠤ ᠬᠦᠮᠠᠢ
ᠨᠡᠶᠢᠲᠡᠯᠡᠭᠰᠡᠨ ᠴᠠᠭ᠄
2024/7/12
     ᠬᠦᠮᠠᠢ ᠪᠣᠯ ᠮᠣᠩᠭᠤᠯᠴᠤᠳ ᠤᠨ ᠡᠭᠦᠳᠦᠨ ᠪᠦᠲᠦᠭᠡᠭᠰᠡᠨ ᠨᠢᠭᠡ ᠵᠦᠢᠯ ᠤᠨ ᠭᠠᠶᠢᠬᠠᠮᠰᠢᠭᠲᠤ  ᠳᠠᠭᠤᠤ ᠶᠢᠨ   ᠤᠷᠠᠯᠢᠭ ᠶᠤᠮ᠃ ᠨᠢᠭᠡ ᠳᠠᠭᠤᠴᠢᠨ  ᠵᠥᠪᠬᠡᠨ  ᠥᠪᠡᠷ ᠤᠨ  ᠳᠠᠭᠤ  ᠡᠭᠦᠰᠬᠡᠬᠦ  ᠡᠷᠬᠡᠲᠡᠨ ᠢᠶᠠᠷ ᠢᠶᠠᠨ  ᠠᠳᠠᠯᠢᠬᠠᠨ  ᠴᠠᠭ ᠲᠤ  ᠬᠤᠶᠠᠷ‌ᠲᠠᠭᠤᠨ ᠤ ᠬᠡᠰᠡᠭ ᠢ  ᠳᠠᠭᠤᠯᠠᠳᠠᠭ᠃       ᠬᠦᠮᠡᠢ ᠶᠢᠨ  ᠳᠠᠭᠤᠨ ᠤ  ᠬᠡᠰᠡᠭ ᠤᠨ  ᠬᠠᠷᠢᠴᠠᠭᠠᠨ ᠤ   ᠦᠨᠳᠦᠰᠦᠨ  ᠪᠦᠲᠦᠴᠡ   ᠨᠢ‌ᠦᠷᠭᠦᠯᠵᠢᠯᠡᠭᠰᠡᠨ ᠨᠠᠮ ᠠᠶᠠᠰ ᠪᠠ ᠲᠡᠭᠦᠨ ᠤ ᠳᠡᠭᠡᠷᠡᠬᠢ ᠤᠷᠤᠰᠤᠮ᠎ᠠ ᠠᠶᠢᠵᠠᠮ ᠤᠨ ᠤᠶᠠᠯᠳᠤᠯ  ᠪᠣᠯᠣᠨ᠎ᠠ᠃  ᠡᠭᠦᠨ ᠢ  ᠪᠠᠰᠠ ︽ᠨᠠᠷᠭᠢᠮᠠᠯ ᠬᠦᠮᠡᠢ︾᠂ ︽ᠲᠤᠷᠭᠢᠮᠠᠯ ᠬᠦᠮᠡᠢ︾᠂ ︽ᠨᠡᠶᠢᠯᠡᠮᠡᠯ ᠬᠦᠮᠡᠢ︾ ᠭᠡᠬᠦ ᠵᠡᠷᠭᠡ ᠪᠠᠷ ᠬᠤᠪᠢᠶᠠᠳᠠᠭ᠃ ᠳᠤᠮᠳᠠᠳᠤ ᠤᠯᠤᠰ  ᠤᠨ‌ᠡᠯ᠎ᠡ ᠦᠨᠳᠦᠰᠦᠲᠡᠨ ᠤ ᠠᠷᠠᠳ ᠤᠨ ᠳᠠᠭᠤᠤ ᠳᠤ ᠬᠤᠣᠰ ᠦᠭᠡᠢ᠃  ᠬᠦᠮᠠᠢ ᠭᠤᠣᠯᠳᠠᠭᠤ ᠥᠪᠥᠷ  ᠮᠣᠩᠭᠤᠯ ᠤᠨ  ᠥᠪᠡᠷᠲᠡᠭᠡᠨ  ᠵᠠᠰᠠᠬᠤ  ᠣᠷᠣᠨ ᠤ  ᠰᠢᠯᠢ ᠶᠢᠨ   ᠭᠤᠣᠯ᠂  ᠬᠥᠯᠥᠨ‌ᠪᠤᠶᠢᠷ ᠤᠨ ᠲᠠᠯ᠎ᠠ ᠨᠤᠲᠤᠭ ᠵᠢᠴᠢ ᠬᠥᠬᠡᠬᠤᠲᠠ ᠵᠡᠷᠭᠡ ᠭᠠᠵᠠᠷ ᠣᠷᠣᠨ ᠢᠶᠠᠷ ᠲᠠᠷᠬᠠᠵᠤ᠂ ᠰᠢᠨᠵᠢᠶᠠᠩ ᠤᠨ  ᠥᠪᠡᠷᠲᠡᠭᠡᠨ  ᠵᠠᠰᠠᠬᠤ‌ᠣᠷᠣᠨ ᠤ ᠠᠯᠲᠠᠢ ᠠᠭᠤᠯᠠ ᠣᠷᠴᠢᠮ ᠤᠨ ᠮᠣᠩᠭᠤᠯ ᠦᠨᠳᠦᠰᠦᠲᠡᠨ ᠤ   ᠰᠠᠭᠤᠭ᠎ᠠ  ᠭᠠᠵᠠᠷ  ᠵᠢᠴᠢ  ᠮᠣᠩᠭᠤᠯ᠂  ᠤᠷᠤᠰ  ᠤᠨ‌ᠲᠦᠸᠠ ᠣᠷᠣᠨ ᠳᠤ ᠴᠤ  ᠡᠶᠢᠮᠦᠷᠬᠦᠦ  ᠳᠠᠭᠤᠯᠠᠬᠤ   ᠠᠷᠭ᠎ᠠ ᠶᠢ  ᠣᠯᠵᠤ  ᠰᠣᠨᠣᠰᠳᠠᠭ᠃  ᠮᠠᠭᠠᠳᠯᠠᠯ   ᠢ  ᠦᠨᠳᠦᠰᠦᠯᠡᠪᠡᠯ᠂ ᠬᠦᠮᠡᠢ ᠶᠢᠨ ᠲᠡᠦᠬᠡ ᠶᠢᠨ ᠡᠬᠢ ᠰᠤᠷᠪᠤᠯᠵᠢ  ᠶᠢ ᠾᠦᠩᠨᠦ ᠶᠢᠨ ᠦᠶ᠎ᠡ ᠶᠠᠳᠠᠬᠤ ᠳᠤ ᠮᠣᠩᠭᠤᠯ ᠦᠨᠳᠦᠰᠦᠲᠡᠨ ᠪᠤᠶ ᠪᠣᠯᠬᠤ ᠶᠢᠨ ᠨᠠᠭᠠᠨ᠎ᠠ ᠴᠠᠭᠠᠨ᠎ᠠ ᠬᠦᠷᠲᠡᠯ᠎ᠡ  ᠮᠥᠷᠳᠡᠵᠦ  ᠪᠣᠯᠣᠨ᠎ᠠ᠃  ᠨᠢᠭᠡ  ᠵᠦᠢᠯ ᠤᠨ  ᠣᠨᠴᠠᠭᠠᠶ  ᠠᠷᠠᠳ ᠤᠨ  ᠳᠠᠭᠤᠤ ᠶᠢᠨ   ᠬᠡᠯᠪᠡᠷᠢ‌ᠪᠣᠯᠤᠭᠰᠠᠨ ᠤ ᠬᠤᠪᠢ ᠳᠤ᠂ ᠬᠦᠮᠠᠢ ᠪᠣᠯ ᠮᠣᠩᠭᠤᠯ ᠦᠨᠳᠦᠰᠦᠲᠡᠨ ᠤ ᠰᠢᠯᠭᠠᠷᠠᠭᠰᠠᠨ ᠡᠭᠦᠳᠦᠯᠲᠡ ᠪᠣᠯᠬᠤ ᠶᠤᠮ᠃        ᠲᠡᠷᠡ ᠨᠢ‌ ᠮᠣᠩᠭᠤᠯ ᠦᠨᠳᠦᠰᠦᠲᠡᠨ ᠤ ᠠᠷᠠᠳ ᠲᠦᠮᠡᠨ ᠤ ᠪᠠᠶᠢᠭᠠᠯᠢ ᠶᠢᠨ ᠣᠷᠴᠢᠯᠠᠩ  ᠪᠠ  ᠳᠡᠯᠡᠬᠡᠢ ᠶᠢᠨ  ᠲᠦᠮᠡᠨ  ᠪᠣᠳᠠᠰ ᠤᠨ  ᠭᠦᠨ‌ᠳᠠᠪᠬᠤᠷᠭ᠎ᠠ ᠶᠢᠨ ᠲᠤᠬᠠᠢ ᠭᠦᠨ ᠤᠬᠠᠭᠠᠨ ᠤ ᠪᠣᠳᠣᠯᠬᠢᠯᠠᠯ ᠪᠠ ᠣᠶᠢᠯᠠᠭᠠᠯᠲᠠ ᠶᠢ ᠤᠯᠠᠮᠵᠢᠯᠠᠵᠤ᠂  ᠮᠣᠩᠭᠤᠯ  ᠦᠨᠳᠦᠰᠦᠲᠡᠨ ᠤ‌ᠡᠶ᠎ᠡ ᠵᠣᠬᠢᠴᠠᠯ ᠲᠠᠢ ᠣᠷᠣᠰᠢᠨ ᠲᠣᠭᠲᠠᠨᠢᠵᠤ ᠬᠥᠭᠵᠢᠬᠦ ᠶᠢ ᠬᠥᠭᠡᠭᠡᠴᠡᠯᠳᠦᠬᠦ ᠣᠶᠢᠯᠠᠭᠠᠭᠳᠠᠬᠤᠨ ᠪᠠ ᠡᠷᠡᠭᠦᠯ ᠥᠭᠡᠳᠡᠷᠬᠡᠭ ᠭᠤᠸ᠎ᠠ ᠲᠠᠭᠠᠰᠢᠶᠠᠯ ᠤᠨ ᠳᠤᠷ᠎ᠠ ᠰᠣᠨᠢᠷᠬᠠᠯ ᠢ ᠢᠯᠡᠳᠬᠡᠵᠡᠢ᠃ ᠬᠦᠮᠠᠢ ᠪᠣᠯ ᠮᠣᠩᠭᠤᠯ ᠦᠨᠳᠦᠰᠦᠲᠡᠨ ᠤ ᠬᠠᠮᠤᠭ ᠡᠷᠲᠡᠨ ᠤ ᠤᠷᠠᠯᠢᠭ ᠤᠨ ᠬᠡᠯᠪᠡᠷᠢ ᠶᠢᠨ ᠨᠢᠭᠡ ᠮᠥᠨ᠂  ᠲᠡᠷᠡ ᠨᠢ ᠪᠠᠯᠠᠷ ᠡᠷᠲᠡᠨ ᠤ ᠳᠠᠭᠤᠤ ᠶᠢᠨ ᠵᠠᠷᠢᠮ  ᠡᠯᠧᠮᠧᠨ᠋ᠲ ᠢ  ᠨᠡᠩ  ᠢᠯᠡᠭᠦᠦ  ᠬᠠᠳᠠᠭᠠᠯᠠᠵᠤ᠂   ᠦᠨᠳᠦᠰᠦᠲᠡᠨ ᠤ  ᠤᠢ  ᠴᠡᠭᠡᠵᠢᠨ ᠤ ᠭᠦᠨ ᠠᠴᠠ ᠢᠷᠡᠭᠰᠡᠨ ᠥᠨᠢ ᠤᠳᠠᠭᠠᠨ ᠤ ᠴᠤᠤᠷᠢᠶ᠎ᠠ ᠶᠤᠮ᠂ ᠮᠣᠩᠭᠤᠯ ᠦᠨᠳᠦᠰᠦᠲᠡᠨ ᠤ ᠲᠡᠦᠬᠡ᠂ ᠰᠣᠶᠣᠯ ᠲᠠᠢ ᠨᠢᠭᠲᠠ ᠬᠤᠯᠪᠣᠭ᠎ᠠ ᠲᠠᠢ  ᠪᠥᠭᠡᠳ  ᠬᠥᠮᠥᠨ  ᠲᠥᠷᠥᠯᠬᠢᠲᠡᠨ ᠤ   ᠰᠤᠳᠤᠯᠤᠯ᠂  ᠦᠨᠳᠦᠰᠦᠲᠡᠨ ᠤ  ᠰᠤᠳᠤᠯᠤᠯ᠂  ᠵᠠᠩ ᠦᠢᠯᠡ ᠶᠢᠨ‌ᠰᠤᠳᠤᠯᠤᠯ ᠳᠤ ᠪᠦᠷ ᠴᠢᠬᠤᠯᠠ ᠠᠴᠢ ᠬᠤᠯᠪᠣᠭᠳᠠᠯ ᠲᠠᠢ ᠶᠤᠮ᠃     ︽ᠬᠦᠮᠡᠢ︾ ᠭᠡᠬᠦ ᠡᠨᠡ ᠬᠦ ᠭᠠᠶᠢᠬᠠᠮᠰᠢᠭᠲᠤ ᠰᠠᠶᠢᠬᠠᠨ ᠳᠠᠭᠤᠯᠠᠬᠤ ᠤᠷᠠᠯᠢᠭ ᠢ  ᠠᠪᠤᠷᠠᠨ  ᠬᠠᠮᠠᠭᠠᠯᠠᠵᠤ᠂  ᠲᠡᠭᠦᠨ ᠢ ᠮᠥᠬᠦᠯ ᠤᠨ ᠠᠶᠤᠯ ᠠᠴᠠ ᠵᠠᠶᠢᠯᠠᠭᠤᠯᠬᠤ ᠶᠠᠪᠤᠳᠠᠯ ᠪᠣᠯ ᠨᠢᠭᠡᠨ ᠴᠢᠬᠤᠯᠠ ᠮᠥᠷᠲᠡᠭᠡᠨ ᠪᠠᠴᠢᠮ ᠡᠭᠦᠷᠭᠡ ᠪᠣᠯᠬᠤ ᠶᠤᠮ  ᠃            
 
ᠢᠷᠡᠯᠲᠡ᠄ ᠰᠢᠯᠢ ᠶᠢᠨ ᠭᠣᠣᠯ ᠠᠢᠮᠠᠭ ᠤᠨ ᠵᠠᠬᠢᠷᠭ᠎ᠠ ᠶᠢᠨ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号