ᠠᠳᠤᠭᠤ ᠬᠥᠭᠡᠪᠦᠷᠯᠡᠬᠦ
ᠨᠡᠶᠢᠲᠡᠯᠡᠭᠰᠡᠨ ᠴᠠᠭ᠄
2024/7/8
      ᠠᠳᠤᠭᠤᠨ ᠤ ᠦᠰᠦ ᠨᠣᠣᠰᠣ ᠶᠢ ᠰᠠᠮᠨᠠᠵᠤ ᠲᠡᠯ ᠰᠡᠭᠦᠯ ᠢ ᠬᠢᠯᠭᠠᠰᠤᠯᠠᠬᠤ ᠶᠢ ᠠᠳᠤᠭᠤ ᠬᠥᠭᠡᠪᠦᠷᠯᠡᠬᠦ ᠭᠡᠨ᠎ᠡ᠃ ᠡᠷᠲᠡ ᠳᠡᠭᠡᠷ᠎ᠡ ᠦᠶ᠎ᠡ ᠠᠴᠠ ᠮᠣᠩᠭᠤᠯᠴᠤᠳ ᠲᠠᠪᠤᠨ ᠬᠤᠰᠢᠭᠤ ᠮᠠᠯ ᠤᠨ ᠢᠶᠠᠨ ᠦᠰᠦ ᠨᠣᠣᠰᠣ᠂ ᠭᠦᠭᠡᠪᠦᠷ ᠬᠢᠯᠭᠠᠰᠤ ᠶᠢ ᠨᠢ ᠨᠡᠭᠦᠳᠡᠯ ᠤᠨ ᠠᠵᠤ ᠠᠬᠤᠢ ᠳᠤ ᠲᠣᠬᠢᠷᠠᠭᠰᠠᠨ ᠭᠠᠷ ᠦᠢᠯᠡᠳᠪᠦᠷᠢᠯᠡᠯ ᠢᠶᠠᠷ ᠪᠣᠯᠪᠠᠰᠤᠷᠠᠭᠤᠯᠤᠨ ᠠᠵᠤ ᠠᠮᠢᠳᠤᠷᠠᠯ ᠤᠨ ᠢᠶᠠᠨ ᠬᠡᠷᠡᠭᠴᠡᠭᠡᠲᠦ ᠵᠦᠢᠯ ᠢ ᠬᠢᠵᠦ ᠡᠳ᠋ᠯᠡᠭᠰᠡᠭᠡᠷ ᠢᠷᠡᠵᠡᠢ᠃ ᠵᠢᠯ ᠪᠦᠷᠢ ᠶᠢᠨ ᠬᠠᠪᠤᠷ ᠤᠨ ᠰᠡᠭᠦᠯᠴᠢ᠂ ᠵᠤᠨ ᠤ ᠡᠬᠢ ᠪᠠᠷ ᠮᠠᠯ  ᠨᠣᠭᠤᠭᠠᠨ ᠳᠤ ᠴᠠᠳᠤᠨ ᠲᠡᠪᠡᠭᠡᠷᠡᠵᠦ᠂ ᠦᠰᠦ ᠨᠣᠣᠰᠣ ᠨᠢ ᠬᠥᠭᠡᠷᠬᠦ ᠦᠶ᠎ᠡ ᠳᠤ ᠪᠤᠰᠤᠳ ᠮᠠᠯ ᠲᠠᠢ ᠠᠳᠠᠯᠢ ᠪᠠᠷ ᠠᠳᠤᠭᠤᠨ ᠤ ᠲᠡᠯ᠂ ᠰᠡᠭᠦᠯ᠂ ᠭᠦᠭᠡᠪᠦᠷ ᠢ ᠠᠪᠴᠤ ᠡᠬᠢᠯᠡᠳᠡᠭ᠃ ᠲᠡᠳᠡᠭᠡᠷ ᠢ ᠪᠤᠯᠪᠠᠰᠤᠷᠠᠭᠤᠯᠬᠤ ᠠᠵᠢᠯ ᠨᠢ ᠵᠤᠨ᠂ ᠨᠠᠮᠤᠷ ᠤᠨ ᠤᠯᠠᠷᠢᠯ ᠳᠤ ᠶᠠᠪᠤᠭᠳᠠᠳᠠᠭ᠃ ᠮᠣᠩᠭᠤᠯ ᠣᠷᠣᠨ ᠤ ᠨᠤᠲᠤᠭ ᠪᠡᠯᠴᠢᠭᠡᠷ ᠥᠷᠭᠡᠨ ᠠᠭᠤᠳᠠᠮ᠂ ᠠᠭᠤᠷ ᠠᠮᠢᠰᠬᠤᠯ ᠲᠡᠩᠴᠡᠭᠦᠷᠢ ᠦᠭᠡᠢ ᠪᠠᠶᠢᠳᠠᠭ ᠠᠴᠠ ᠠᠳᠤᠭᠤ ᠬᠥᠭᠡᠪᠦᠷᠯᠡᠵᠦ ᠬᠢᠯᠭᠠᠰᠤᠯᠠᠬᠤ ᠴᠠᠭ ᠬᠤᠭᠤᠴᠠᠭ᠎ᠠ ᠨᠢ ᠪᠠᠭ᠎ᠠ ᠵᠥᠷᠢᠶᠡᠨ ᠲᠠᠢ ᠪᠠᠶᠢᠳᠠᠭ᠃ ᠭᠡᠪᠡᠴᠦ ᠣᠯᠠᠩᠬᠢ ᠭᠠᠵᠠᠷ ᠪᠦᠷ ᠪᠢᠯᠢᠭ ᠤᠨ ᠤᠯᠠᠷᠢᠯ ᠤᠨ ᠲᠦᠷᠪᠡᠨ ᠰᠠᠷ᠎ᠠ ᠳᠤ ᠠᠳᠤᠭᠤ ᠬᠥᠭᠡᠪᠦᠷᠯᠡᠨ᠎ᠡ᠃ ᠠᠳᠤᠭᠤᠨ ᠤ ᠭᠦᠭᠡᠪᠦᠷ ᠬᠥᠭᠡᠷᠴᠦ ᠡᠬᠢᠯᠡᠬᠦ ᠳᠤ ᠤᠷᠢᠳ ᠢᠶᠠᠷ ᠭᠡᠳᠡᠰᠦ᠂ ᠬᠦᠵᠦᠭᠦᠦ᠂ ᠴᠠᠪᠢ᠂  ᠭᠤᠶ᠎ᠠ ᠶᠢᠨ  ᠳᠣᠲᠣᠷ  ᠲᠠᠯ᠎ᠠ  ᠠᠴᠠ  ᠳᠡᠭᠳᠡᠵᠦ   ᠢᠷᠡᠳᠡᠭ᠃ ᠰᠠᠶᠢᠬᠠᠨ ᠠᠵᠢᠭᠯᠠᠵᠤ ᠦᠵᠡᠬᠦ ᠳᠤ ᠠᠳᠤᠭᠤᠨ ᠤ ᠬᠤᠮᠣᠯ ᠬᠢᠯᠠᠭᠠᠷ ᠬᠠᠷ᠎ᠠ ᠬᠥᠷᠥᠰᠥ ᠰᠠᠭᠤᠵᠤ ᠪᠠᠶᠢᠪᠠᠯ ᠠᠳᠤᠭᠤᠨ ᠤ ᠭᠦᠭᠡᠪᠦᠷ ᠬᠥᠭᠡᠷᠴᠦ ᠪᠠᠶᠢᠬᠤ ᠶᠢᠨ ᠰᠢᠨᠵᠢ ᠲᠡᠮᠳᠡᠭ ᠮᠥᠨ᠃  ︽ᠬᠠᠪᠤᠷ ᠤᠨ ᠰᠠᠯᠬᠢ ᠬᠠᠪᠢᠷᠭ᠎ᠠ ᠨᠡᠪᠲᠡᠯᠦᠨ᠎ᠡ︾ ᠭᠡᠳᠡᠭ ᠢᠶᠠᠷ ᠭᠡᠭᠡᠯ ᠲᠠᠢ ᠭᠡᠭᠦᠦ᠂ ᠤᠨᠠᠭ᠎ᠠ ᠲᠠᠭ᠎ᠠ᠂ ᠬᠥᠭᠰᠢᠨ ᠪᠠᠭᠤᠷᠠᠢ ᠠᠳᠤᠭᠤ ᠶᠢ ᠪᠣᠯ ᠭᠡᠨᠡᠳᠲᠡ ᠶᠢᠨ ᠬᠦᠢᠲᠡᠨ ᠴᠠᠰᠤ ᠪᠣᠷᠣᠭᠠᠨ ᠳᠤ ᠪᠡᠭᠡᠷᠡᠵᠦ ᠣᠰᠣᠭᠤᠬᠤ ᠠᠴᠠ ᠪᠣᠯᠭᠤᠮᠵᠢᠯᠠᠵᠤ ᠬᠠᠮᠤᠭ ᠤᠨ ᠰᠡᠭᠦᠯ ᠳᠤ ᠨᠢ ᠬᠥᠭᠡᠪᠦᠷᠯᠡᠨ᠎ᠡ᠃ ᠬᠤᠷ ᠲᠠᠷᠭᠤ ᠲᠠᠢ ᠤᠨᠳᠤᠷᠤᠭᠰᠠᠨ ᠮᠣᠷᠢᠳ᠂ ᠡᠷᠡᠮᠡᠭ ᠭᠡᠭᠦᠦ᠂ ᠰᠤᠪᠠᠢ ᠭᠡᠭᠦᠦ ᠠᠴᠠ ᠡᠬᠢᠯᠡᠵᠦ ᠬᠥᠭᠡᠪᠦᠷᠯᠡᠨ᠎ᠡ᠃ ᠲᠠᠭ᠎ᠠ ᠶᠢᠨ ᠭᠦᠭᠡᠪᠤᠷ ᠢ ᠠᠪᠬᠤ ᠳᠤ ᠪᠠᠨ ᠵᠣ ᠨᠢᠷᠤᠭᠤᠨ ᠳᠡᠭᠡᠷ᠎ᠡ ᠨᠢ ᠲᠣᠬᠤᠮ ᠦᠯᠡᠳᠡᠭᠡᠵᠦ᠂ ᠪᠣᠷᠣᠭᠠᠨ ᠴᠠᠰᠤ ᠣᠷᠣᠬᠤ ᠠᠴᠠ ᠰᠡᠷᠭᠡᠶᠢᠯᠡᠨ ᠠᠭᠤᠷ ᠠᠮᠢᠰᠬᠤᠯ ᠲᠣᠭᠲᠠᠪᠤᠷᠢᠲᠠᠢ ᠳᠤᠯᠠᠭᠠᠷᠠᠵᠤ ᠢᠷᠡᠬᠦ ᠦᠶᠡᠰ ᠰᠠᠢᠢ ᠠᠪᠴᠤ ᠥᠭᠭᠦᠨ᠎ᠡ᠃ ᠠᠳᠤᠭᠤ ᠪᠣᠯ ᠴᠢᠭᠢᠭ ᠨᠣᠶᠢᠲᠠᠨ ᠳᠤ ᠲᠡᠰᠪᠦᠷᠢ ᠪᠠᠷᠤᠭᠲᠠᠢ ᠠᠳᠤᠭᠤᠰᠤ ᠲᠤᠯᠠ ᠤᠷᠢᠨ ᠳᠤᠯᠠᠭᠠᠨ ᠡᠳᠦᠷ ᠢ ᠰᠣᠩᠭᠤᠵᠤ ᠬᠥᠭᠡᠪᠦᠷᠯᠡᠨ᠎ᠡ᠃          ᠠᠳᠤᠭᠤ ᠬᠥᠭᠡᠪᠦᠷᠯᠡᠬᠦ ᠰᠡᠮ ᠢ ᠨᠠᠷᠢᠨ ᠬᠤᠯᠤᠰᠤ ᠪᠤᠶᠤ ᠮᠠᠲᠠᠬᠤ ᠳᠤ ᠬᠤᠭᠤᠷᠠᠬᠤ ᠦᠭᠡᠢ ᠮᠣᠳᠣ ᠪᠠᠷ ᠬᠢᠨ᠎ᠡ᠃ ᠭᠦᠭᠡᠪᠦᠷ ᠠᠪᠬᠤ ᠰᠠᠮ ᠢ ᠨᠢᠭᠡ ᠪᠠᠷᠢᠮ᠎ᠠ ᠪᠠᠷᠢᠭᠤᠯ ᠲᠠᠢ᠂ ᠲᠥᠭᠡ ᠤᠷᠳᠤ ᠠᠷᠪᠠᠨ ᠬᠤᠶᠠᠷ ᠰᠢᠳᠦ ᠲᠠᠢ᠂ ᠲᠠᠯ᠎ᠠ ᠳᠤᠭᠤᠢ ᠭᠡᠯᠪᠡᠷᠢ ᠪᠠᠷ ᠮᠡᠳᠡᠵᠦ᠂ ᠦᠵᠦᠭᠦᠷ ᠢ ᠨᠢ ᠮᠣᠬᠤᠭᠤ ᠬᠢᠪᠡᠯ ᠠᠳᠤᠭᠤᠨ ᠤ ᠠᠷᠠᠰᠤ ᠶᠢ ᠨᠢ ᠬᠡᠭᠵᠡᠯᠬᠦ ᠦᠭᠡᠢ ᠪᠥᠭᠡᠳ ᠬᠡᠷᠡᠭᠯᠡᠬᠦ ᠳᠤ ᠬᠥᠩᠭᠡᠨ᠂ ᠭᠦᠭᠡᠪᠦᠷ ᠠᠪᠬᠤ ᠨᠢ ᠰᠠᠶᠢᠨ ᠪᠠᠶᠢᠳᠠᠭ᠃ ᠠᠳᠤᠭᠤᠨ ᠤ ᠭᠦᠭᠡᠪᠦᠷ ᠢ ᠠᠪᠴᠤ ᠪᠠᠷᠠᠪᠠᠯ ᠪᠤᠯᠪᠠᠰᠤᠷᠠᠭᠤᠯᠬᠤ ᠠᠵᠢᠯ ᠢᠶᠠᠨ ᠡᠬᠢᠯᠡᠨ ᠬᠢᠳᠡᠭ᠃ ᠡᠷᠲᠡ ᠳᠡᠭᠡᠷ᠎ᠡ ᠦᠶ᠎ᠡ ᠳᠤ ᠮᠣᠩᠭᠤᠯᠴᠤᠳ ᠠᠳᠤᠭᠤᠨ ᠤ ᠭᠦᠭᠡᠪᠦᠷ ᠢᠶᠠᠷ ᠭᠤᠣᠯᠳᠠᠭᠤ ᠳᠡᠪᠢᠰᠬᠡᠷ ᠬᠢᠵᠦ ᠪᠠᠶᠢᠭᠰᠠᠨ ᠪᠥᠭᠡᠳ ᠨᠢᠯᠬ᠎ᠠ ᠪᠠᠭ᠎ᠠ ᠬᠡᠦᠬᠡᠳ ᠤᠨ ᠴᠡᠭᠡᠵᠢᠪᠴᠢ ︵ᠪᠠᠷᠢᠪᠴᠢ︶ ᠬᠢᠵᠦ ᠪᠠᠶᠢᠵᠠᠢ᠃ ᠠᠳᠤᠭᠤᠨ ᠤ ᠨᠣᠣᠰᠣ ᠭᠦᠭᠡᠪᠦᠷ ᠨᠢ ᠪᠤᠰᠤᠳ ᠮᠠᠯ ᠤᠨ ᠨᠣᠣᠰᠣ ᠨᠣᠣᠯᠣᠭᠤᠷ ᠲᠠᠢ ᠠᠳᠠᠯᠢ ᠦᠭᠡᠢ᠂ ᠬᠠᠯᠠᠭᠤᠨ ᠴᠢᠨᠠᠷ ᠲᠠᠢ ᠪᠠᠶᠢᠳᠠᠭ ᠠᠴᠠ ᠨᠠᠷᠠ ᠰᠠᠯᠬᠢᠨ ᠳᠤ ᠲᠦᠷᠭᠡᠨ ᠬᠠᠳᠠᠳᠠᠭ ᠰᠠᠶᠢᠨ ᠲᠠᠯ᠎ᠠ ᠲᠠᠢ᠃ ᠲᠠᠶᠢᠮᠦ ᠠᠴᠠ ᠠᠳᠤᠭᠤᠨ ᠤ ᠭᠦᠭᠡᠪᠦᠷ ᠨᠢ ᠵᠢᠩ ᠴᠢᠭᠢᠭ ᠠᠴᠠ ᠰᠡᠷᠭᠡᠶᠢᠯᠡᠬᠦ ᠣᠨᠴᠠ ᠰᠠᠶᠢᠨ ᠳᠡᠪᠢᠰᠬᠡᠷ ᠪᠣᠯᠵᠤ ᠪᠠᠶᠢᠵᠠᠢ᠃ ᠡᠭᠦᠨ ᠠᠴᠠ ᠭᠠᠳᠠᠨ᠎ᠠ ᠠᠳᠤᠭᠤᠨ ᠤ ᠭᠦᠭᠡᠪᠦᠷ ᠢᠶᠠᠷ ᠪᠣᠷᠣᠭᠠᠨ ᠴᠠᠰᠤ᠂ ᠰᠠᠯᠬᠢᠨ ᠵᠢᠪᠠᠷ ᠢ ᠬᠠᠯᠬᠠᠯᠠᠬᠤ ᠨᠥᠮᠥᠷᠭᠡ ᠬᠢᠵᠦ ᠡᠮᠦᠰᠳᠡᠭ ᠪᠠᠶᠢᠪᠠ᠃ ᠠᠳᠤᠭᠤᠨ ᠤ ᠭᠦᠭᠡᠪᠦᠷ ᠨᠢ ᠬᠢᠯᠠᠭᠠᠷ᠂ ᠬᠠᠲᠠᠭᠤ ᠰᠢᠷᠬᠡᠭ ᠲᠠᠢ᠂ ᠪᠥᠭᠡᠮᠨᠡᠷᠡᠨ ᠰᠢᠷᠢᠯᠳᠦᠬᠦ ᠦᠭᠡᠢ ᠪᠠᠶᠢᠳᠠᠭ ᠲᠤᠯᠠ ᠭᠦᠭᠡᠪᠦᠷ ᠢᠶᠠᠷ ᠳᠡᠪᠢᠰᠬᠡᠷ᠂ ᠨᠥᠮᠥᠷᠭᠡ ᠬᠢᠬᠦ ᠨᠢ ᠮᠥᠨ ᠬᠦ ᠢᠰᠡᠭᠡᠢ ᠡᠳ᠋ᠯᠡᠯ ᠬᠢᠬᠦ ᠲᠠᠢ ᠠᠳᠠᠯᠢ ᠶᠤᠮ᠃ ᠠᠳᠤᠭᠤᠨ ᠤ ᠲᠠᠯ ᠰᠡᠭᠦᠯ ᠢ ᠭᠤᠷᠪᠠᠨ ᠰᠠᠷ᠎ᠠ ᠠᠴᠠ ᠡᠬᠢᠯᠡᠨ ᠳᠡᠯᠯᠡᠵᠦ ᠬᠢᠷᠭᠠᠳᠠᠭ ᠶᠤᠮ᠃ ᠠᠳᠤᠭᠤᠨ ᠤ ᠮᠤᠨᠳᠠᠭ᠎ᠠ ᠶᠢ ᠨᠢ ᠳᠡᠯᠯᠡᠬᠦ ᠶᠢ ᠴᠡᠭᠡᠷᠯᠡᠨ᠎ᠡ᠂ ᠰᠦᠷ ᠵᠢᠪᠬᠤᠭ᠎ᠠ ᠪᠠᠭᠤᠷᠠᠨ᠎ᠠ ᠭᠡᠳᠡᠭ᠃ ᠪᠠᠰᠠ ᠰᠠᠶᠢᠨ ᠡᠳᠦᠷ ᠦᠵᠡᠵᠦ ᠳᠡᠯᠯᠡᠬᠦ ᠦᠭᠡᠢ ᠪᠣᠯ ᠮᠣᠷᠢ᠂ ᠡᠵᠡᠨ ᠤ ᠠᠯᠢ ᠠᠯᠢᠨ ᠳᠤ ᠨᠢ ᠴᠦ ᠮᠠᠭᠤ ᠭᠡᠳᠡᠭ᠃ ᠮᠣᠷᠢᠨ ᠤ ᠭᠦᠭᠦᠯ᠂ ᠰᠣᠶᠢᠯᠭ᠎ᠠ ︵ᠭᠡᠵᠢᠭᠡ︶᠂ ᠮᠤᠨᠳᠠᠭ᠎ᠠ ᠶᠢ ᠨᠢ ᠦᠯᠡᠳᠡᠭᠡᠵᠦ ᠤᠷᠳᠤ ᠰᠡᠭᠦᠯ ᠢ ᠨᠢ ᠳᠣᠣᠷ᠎ᠠ ᠠᠴᠠ ᠨᠢ ᠰᠥᠭᠦᠮ ᠬᠢᠷᠢ ᠲᠠᠭᠠᠷᠢᠬᠤ ᠪᠤᠶᠤ ᠣᠯᠠᠩᠬᠢ ᠳᠤ ᠪᠠᠨ ᠰᠡᠭᠦᠯ ᠤᠨ ᠳᠤᠮᠳᠠ ᠠᠴᠠ ᠨᠢ ᠬᠤᠶᠠᠷ ᠭᠤᠷᠪᠠᠨ ᠲᠤᠭ ᠰᠠᠮᠪᠠᠶᠢᠯᠭᠠᠵᠤ ᠬᠠᠶᠢᠴᠢᠯᠠᠵᠤ ᠠᠪᠳᠠᠭ᠃ ᠭᠡᠪᠡᠴᠦ ᠠᠳᠤᠭᠤᠨ ᠤ ᠰᠡᠭᠦᠯ ᠭᠡᠳᠡᠭ ᠬᠤᠩᠭᠤ ᠪᠣᠷᠪᠢ ᠪᠠᠷ ᠦᠯᠢᠶᠡᠬᠦ ᠬᠦᠢᠲᠡᠨ ᠰᠠᠯᠬᠢ ᠰᠢᠭᠤᠷᠭᠠᠨ ᠠᠴᠠ ᠨᠠᠶᠢᠳᠠᠪᠤᠷᠢᠲᠠᠢ ᠬᠠᠮᠠᠭᠠᠯᠠᠳᠠᠭ ᠰᠠᠶᠢᠨ ᠬᠠᠯᠬᠠᠪᠴᠢ ᠪᠤᠯᠳᠠᠭ ᠲᠤᠯᠠ ᠭᠡᠭᠡᠯ ᠲᠠᠢ ᠭᠡᠭᠦᠦ ᠶᠢᠨ ᠰᠡᠭᠦᠯ ᠢ ᠬᠢᠷᠭᠠᠬᠤ ᠦᠭᠡᠢ ᠪᠣᠯ ᠭᠡᠭᠡᠯ ᠬᠠᠮᠠᠭᠠᠯᠠᠬᠤ ᠳᠤ ᠰᠠᠶᠢᠨ ᠶᠤᠮ᠃
 
ᠢᠷᠡᠯᠲᠡ᠄ ᠰᠢᠯᠢ ᠶᠢᠨ ᠭᠣᠣᠯ ᠠᠢᠮᠠᠭ ᠤᠨ ᠵᠠᠬᠢᠷᠭ᠎ᠠ ᠶᠢᠨ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号