ᠦᠨᠡᠨ ᠬᠠᠶᠢᠷ᠎ᠠ ᠳᠤ ᠦᠭᠡ ᠢᠯᠡᠭᠦᠳᠡᠨ᠎ᠡ
ᠨᠡᠶᠢᠲᠡᠯᠡᠭᠰᠡᠨ ᠴᠠᠭ᠄
2024/7/3
     ᠥᠨᠥᠳᠥᠷ ᠬᠥᠮᠥᠰ ᠥᠷᠥᠨᠡᠳᠠᠬᠢᠨ ᠪᠣᠯᠣᠨ ᠥᠪᠡᠷ ᠤᠨ ᠭᠡᠬᠦ ᠪᠠᠶᠠᠷ ᠳᠤᠷᠠᠰᠬᠠᠯ ᠲᠣᠬᠢᠶᠠᠯᠳᠤᠪᠠᠯ ᠠᠯᠳᠠᠯ ᠦᠭᠡᠢ ᠪᠤᠳᠤᠯ ᠰᠡᠳᠬᠢᠯ ᠢᠶᠠᠨ ᠢᠯᠡᠳᠬᠡᠵᠦ᠂ ᠰᠦᠯᠵᠢᠶ᠎ᠡ ᠵᠢᠷᠭᠢᠶ᠎ᠡ ᠪᠠᠷ ᠰᠠᠴᠤᠵᠤ ᠳᠡᠪᠵᠢᠶᠡᠷᠡᠳᠡᠭ ᠪᠣᠯᠪᠠ᠃ ᠶᠠᠭᠠᠬᠢᠬᠤᠪ᠂ ᠰᠠᠨᠠᠭᠰᠠᠨ ᠪᠤᠳᠤᠬᠰᠡᠨ ᠢᠶᠠᠨ ᠰᠢᠭᠤᠳ ᠳᠡᠯᠭᠡᠬᠦ ᠨᠢ ᠴᠠᠭ ᠤᠨ ᠥᠩᠭᠡ᠂ ᠴᠢ ᠪᠢᠳᠡᠨ ᠳᠤ ᠣᠯᠭᠤᠭᠰᠠᠨ ᠡᠷᠬᠡ᠃ ᠲᠡᠭᠡᠬᠦ ᠳᠤ ︽ᠬᠥᠮᠥᠨ ᠦᠵᠡᠪᠡᠯ ᠬᠡᠯᠡᠵᠦ᠂ ᠮᠣᠳᠣ ᠦᠵᠡᠪᠡᠯ ᠪᠢᠴᠢᠳᠡᠭ︾ ᠪᠣᠯᠤᠭᠰᠠᠨ ᠰᠤᠷᠲᠠᠯ ᠨᠢ ᠪᠠᠰᠠ ᠴᠤᠤᠳᠠᠮᠨᠠᠵᠤ ᠳᠠᠪᠠᠭᠤᠯᠤᠭᠰᠠᠨ ᠪᠣᠯᠪᠠᠤ ᠭᠡᠬᠦ ᠲᠥᠷᠥᠭᠳᠡᠯ ᠣᠯᠭᠤᠬᠤ ᠶᠤᠮ᠃         ᠤᠴᠢᠷ ᠶᠣᠰᠣ ᠶᠢ ᠳᠡᠯᠭᠡᠵᠦ ᠮᠡᠳᠡᠮᠡᠬᠡᠶᠢᠷᠡᠬᠦ ᠪᠠᠷ ᠢᠶᠠᠨ ᠤᠷᠢᠳ ᠢᠶᠠᠷ ᠦᠯᠢᠭᠡᠷ ᠶᠠᠷᠢᠵᠤ ᠣᠯᠠᠭᠤᠯᠠ ᠪᠠᠨ ᠰᠣᠨᠢᠷᠬᠠᠶ᠎ᠠ᠃ ᠲᠥᠪ ᠲᠧᠯᠸᠢᠰ ᠤᠨ ᠡᠶᠢᠮᠦ ᠨᠢᠭᠡ ᠨᠡᠶᠢᠲᠡ ᠶᠢᠨ ᠠᠰᠠᠷᠠᠮᠵᠢ ᠶᠢᠨ ᠵᠠᠷ ᠢ ᠬᠠᠷᠠᠭᠰᠠᠨ ᠪᠦᠬᠦᠨ ᠨᠢᠭᠡ ᠪᠢᠰᠢ ᠤᠯᠠᠨ ᠤᠳᠠᠭ᠎ᠠ ᠬᠤᠭᠤᠯᠠᠢ ᠡᠷᠢᠶᠡᠨᠲᠦᠵᠦ᠂ ᠰᠣᠷᠮᠤᠤᠰᠤ ᠴᠢᠭᠢᠭᠳᠡᠭᠦᠯᠦᠭᠰᠡᠨ ᠤᠴᠢᠷ ᠲᠠᠢ᠄ ᠥᠩ ᠶᠢᠷᠲᠢᠨᠴᠦ ᠶᠢᠨ ᠵᠢᠮ᠎ᠡ ᠪᠠᠷ ᠥᠲᠡᠯᠵᠦ ᠪᠤᠭᠤᠷᠤᠯᠲᠤᠭᠰᠠᠨ ᠨᠢᠭᠡᠨ ᠡᠪᠦᠭᠡᠨ ᠡᠷᠦᠬᠡ ᠭᠡᠷ ᠪᠣᠯᠣᠨ ᠦᠷ᠎ᠡ ᠬᠡᠦᠬᠡᠳ ᠢᠶᠠᠨ ᠴᠦ ᠦᠯᠦ ᠲᠠᠨᠢᠬᠤ ᠬᠡᠮᠵᠢᠶᠡᠨ ᠳᠤ ᠬᠦᠷᠴᠦ ᠮᠤᠨᠤᠵᠤ ᠵᠥᠨᠥᠭᠰᠡᠨ ᠪᠠᠶᠢᠯ᠎ᠠ᠃ ᠭᠡᠪᠡᠴᠦ ᠥᠲᠡᠯᠵᠦ ᠮᠤᠨᠤᠭᠰᠠᠨ ᠡᠪᠦᠭᠡᠨ ᠥᠪᠡᠷ ᠢᠶᠠᠨ ᠴᠣᠬᠤᠮ ᠬᠡᠨ ᠭᠡᠳᠡᠭ ᠢᠶᠠᠨ ᠮᠠᠷᠲᠠᠭᠰᠠᠨ ᠦᠭᠡᠢ᠃ ᠬᠤᠭᠤᠯᠠᠨ ᠰᠢᠷᠡᠭᠡᠨ ᠳᠡᠭᠡᠷ᠎ᠡ ᠦᠯᠡᠳᠡᠭᠰᠡᠨ ᠬᠡᠳᠦᠨ ᠪᠠᠩᠰᠢ ᠶᠢ ᠬᠠᠷᠮᠠᠨ ᠳᠠᠭᠠᠨ ᠴᠢᠬᠢᠵᠦ ᠶᠠᠭᠠᠷᠠᠨ᠎ᠠ᠃ ᠬᠠᠵᠠᠭᠤ ᠠᠴᠠ ᠬᠠᠷᠠᠭᠰᠠᠨ ᠬᠦᠦ ᠨᠢ ᠠᠷᠭ᠎ᠠ ᠪᠠᠷᠠᠭᠳᠠᠵᠤ ᠠᠪᠤ ᠪᠠᠨ ᠢᠳᠬᠠᠵᠤ ᠬᠤᠷᠢᠭᠯᠠᠬᠤ ᠳᠤ ᠥᠨᠥ ᠡᠪᠦᠭᠡᠨ᠄ ︽ᠮᠢᠨᠤ ᠬᠦᠦ ᠪᠠᠩᠰᠢ ᠢᠳᠡᠬᠦ ᠳᠤᠷᠠᠲᠠᠢ ᠶᠤᠮ᠂ ᠡᠭᠦᠨ ᠢ ᠠᠪᠠᠴᠢᠵᠤ ᠦᠭᠭᠦᠶ᠎ᠡ ᠁︾ ᠭᠡᠵᠦ ᠶᠠᠷᠢᠭᠰᠠᠨ ᠳ᠋ᠠᠭ᠃ ᠬᠥᠭᠡᠷᠦᠬᠦᠢ ᠡᠪᠦᠭᠡᠨ ᠨᠠᠰᠤ ᠵᠢᠯ ᠢᠶᠠᠨ ᠮᠠᠷᠲᠠᠲᠠᠯ᠎ᠠ ᠮᠤᠨᠤᠵᠤ ᠥᠲᠡᠯᠦᠭᠰᠡᠨ ᠴᠦ ᠦᠷ᠎ᠡ ᠪᠠᠨ ᠭᠡᠰᠡᠨ ᠰᠡᠳᠬᠢᠯ ᠪᠣᠯᠣᠨ ᠥᠪᠡᠷ ᠤᠨ ᠢᠶᠠᠨ ᠬᠠᠷᠢᠭᠤᠴᠠᠯᠭ᠎ᠠ ᠪᠠᠨ ᠮᠠᠷᠲᠠᠭᠰᠠᠨ ᠦᠭᠡᠢ ᠠᠵᠢ᠃         ᠦᠨᠡᠨ ᠬᠠᠶᠢᠷ᠎ᠠ ᠳᠤ ᠦᠭᠡ ᠢᠯᠡᠭᠦᠳᠡᠨ᠎ᠡ᠃ ︽ᠬᠠᠶᠢᠷ᠎ᠠ︾ ᠭᠡᠵᠦ ᠠᠮᠠᠨ ᠳᠡᠭᠡᠷ᠎ᠡ ᠪᠠᠨ ᠯᠡ ᠶᠠᠷᠢᠳᠠᠭ ᠪᠢᠰᠢ᠂ ᠬᠠᠷᠢᠨ ᠠᠮᠢᠳᠤᠷᠠᠯ ᠤᠨ ᠵᠢᠵᠢᠭ ᠰᠠᠵᠢᠭ ᠵᠦᠢᠯᠡᠰ ᠲᠤ ᠨᠡᠪᠴᠢᠵᠦ᠂ ᠠᠵᠢᠯᠯᠠᠭ᠎ᠠ ᠳᠡᠭᠡᠷ᠎ᠡ ᠢᠯᠡᠷᠡᠳᠡᠭ ᠭᠡᠰᠡᠨ ᠢ ᠡᠨᠡ ᠦᠯᠢᠭᠡᠷ ᠪᠢᠳᠡᠨ ᠳᠤ ᠥᠭᠦᠯᠡᠬᠦ ᠶᠤᠮ᠃ ᠨᠡᠬᠡᠷᠡᠨ ᠳ᠋ᠠ᠂ ᠦᠭᠡ ᠪᠠᠷ ᠢᠯᠡᠳᠬᠡᠵᠦ᠂ ᠦᠰᠦᠭ ᠪᠢᠴᠢᠭ ᠲᠤ ᠪᠠᠭᠲᠠᠭᠠᠵᠤ ᠦᠯᠦ ᠳᠠᠶᠢᠯᠬᠦ ᠡᠨᠡᠷᠢᠯ ᠬᠠᠶᠢᠷ᠎ᠠ ᠶᠢᠨ ᠳᠡᠭᠡᠳᠦ ᠶᠢ ᠠᠪᠤ ᠡᠵᠢ ᠶᠢᠨ ᠬᠠᠶᠢᠷ᠎ᠠ ᠭᠡᠳᠡᠭ ᠪᠢᠯᠢᠦ︖ ᠶᠠᠭ ᠯᠡ ᠮᠡᠷᠭᠡᠳ ᠤᠨ ᠶᠠᠷᠢᠭᠰᠠᠨ ᠮᠡᠲᠦ ︽ᠣᠭᠲᠠᠷᠭᠤᠢ ᠪᠠᠷ ᠨᠢᠰᠦᠭᠡᠳ ᠭᠠᠷᠬᠤ ᠰᠢᠪᠠᠭᠤᠳ ᠲᠤ ᠮᠥᠷ ᠠᠯᠠᠭ᠎ᠠ︾ ᠭᠡᠳᠡᠭᠴᠢᠯᠡᠨ᠂ ᠪᠢᠳᠡᠨ ᠢ ᠬᠠᠮᠤᠭ ᠠᠴᠠ ᠬᠠᠶᠢᠷᠠᠯᠠᠵᠤ ᠰᠠᠨᠠᠳᠠᠭ ᠠᠲᠠᠯ᠎ᠡ ᠪᠠᠨ ︽ᠬᠠᠶᠢᠷᠠᠲᠠᠢ︾ ᠭᠡᠳᠡᠭ ᠭᠠᠭᠴᠠ ᠦᠭᠡ ᠶᠢ ᠬᠠᠷᠠᠮᠨᠠᠵᠤ ᠴᠤᠬᠤᠢᠢᠯᠭᠠᠳᠠᠭ ᠦᠭᠡᠢ ᠨᠢ ᠴᠣᠬᠤᠮ ᠡᠵᠢ ᠠᠪᠤ ᠪᠤᠯᠬᠤ ᠭᠡᠯᠲᠡᠢ᠃ ᠡᠶᠢᠨ ᠬᠦ ᠶᠢᠷᠲᠢᠨᠴᠦ ᠳᠤ ᠠᠶᠤᠬᠤ ᠠᠶᠤᠯ ᠲᠣᠭᠠᠯᠠᠭᠠᠳ ᠪᠠᠷᠠᠰᠢ ᠦᠭᠡᠢ ᠤᠯᠠᠨ ᠪᠠᠶᠢᠳᠠᠭ ᠴᠦ ᠬᠥᠮᠥᠰ ᠠᠪᠤ ᠡᠵᠢ ᠬᠤᠶᠠᠷ ᠢᠶᠠᠨ ᠯᠡ ᠠᠴᠢᠯᠠᠵᠤ ᠴᠢᠳᠠᠭᠰᠠᠨ ᠦᠭᠡᠢ ᠭᠡᠵᠦ ᠠᠶᠤᠨᠠᠮ ᠪᠢᠯᠡ᠃         ᠬᠠᠶᠢᠷ᠎ᠠ ᠠᠮᠢᠳᠤᠷᠠᠯ ᠳᠡᠭᠡᠷ᠎ᠡ ᠲᠣᠭᠲᠠᠳᠠᠭ ᠭᠡᠳᠡᠭ᠃ ᠲᠡᠭᠡᠬᠦ ᠳᠡᠭᠡᠨ ᠠᠮᠢᠳᠤᠷᠠᠯ ᠬᠠᠶᠢᠷ᠎ᠠ ᠶᠢᠨ ᠠᠯᠲᠠᠨ ᠬᠡᠯᠬᠢᠶ᠎ᠡ ᠶᠢ ᠠᠪᠤ ᠶᠢᠨ ᠬᠡᠦᠬᠡᠳ ᠠᠳᠠᠯᠢ ᠪᠤᠰᠤ ᠪᠠᠷ ᠤᠩᠰᠢᠵᠤ᠂ ᠥᠪᠡᠷ ᠥᠪᠡᠷ ᠤᠨ ᠢᠶᠠᠨ ᠦᠵᠡᠯᠲᠡ ᠬᠠᠷᠠᠭᠠᠰᠤ ᠠᠴᠠ ᠦᠨᠡᠯᠡᠨ ᠪᠡᠯᠭᠡᠯᠡᠬᠦ ᠨᠢ ᠪᠤᠢ᠃ ᠪᠢᠲᠡ ᠠᠮᠠᠷᠬᠠᠴᠤᠤᠯ ᠤᠨ ᠪᠠᠶᠠᠷ᠂ ᠠᠨᠳᠠ ᠨᠠᠶᠢᠵᠠ ᠶᠢᠨ ᠲᠦᠷᠦᠭᠰᠡᠨ ᠡᠳᠦᠷ ᠤᠨ ᠪᠠᠶᠠᠷ ᠵᠡᠷᠭᠡ ᠶᠢ ᠠᠯᠠᠭᠠᠨ ᠤ ᠪᠠᠨ ᠵᠢᠷᠤᠭᠠᠰᠤ ᠰᠢᠭ᠋ ᠲᠣᠳᠣ ᠮᠡᠳᠡᠵᠦ᠂ ᠪᠥᠭᠡᠮ ᠳᠡᠪᠵᠢᠶᠡᠨ ᠪᠣᠯᠵᠤ ᠨᠠᠶᠢᠷᠯᠠᠯᠳᠤᠳᠠᠭ ᠠᠲᠠᠯ᠎ᠡ ᠪᠠᠨ ᠠᠪᠤ ᠶᠢᠨ ᠪᠠᠶᠠᠷ᠂ ᠡᠵᠢ ᠶᠢᠨ ᠪᠠᠶᠠᠷ ᠠᠮᠢᠨᠴᠢᠬᠠᠨ ᠰᠠᠨᠠᠭᠰᠠᠨ ᠬᠤᠶᠠᠷ ᠪᠤᠭᠤᠷᠤᠯ ᠤᠨ ᠢᠶᠠᠨ ᠲᠦᠷᠦᠭᠰᠡᠨ ᠡᠳᠦᠷ ᠢ ᠲᠣᠭᠲᠠᠭᠠᠵᠤ ᠴᠡᠭᠡᠵᠢᠯᠡᠬᠦ ᠶᠢ ᠪᠤᠤ ᠬᠡᠯᠡ᠂ ᠬᠠᠶᠠ ᠵᠠᠷᠢᠮ ᠠᠴᠠ ᠨᠢ ᠠᠪᠤ ᠡᠵᠢ ᠶᠢᠨ ᠬᠢᠨᠢ ᠨᠠᠰᠤ ᠵᠢᠯ᠂ ᠨᠠᠮᠲᠠᠷ ᠲᠡᠦᠬᠡ ᠶᠢ ᠠᠰᠠᠭᠤᠵᠤ ᠰᠤᠷᠠᠬᠤ ᠳᠤ ᠠᠮᠠ ᠪᠠᠨ ᠠᠩᠭᠠᠶᠢᠨ ᠭᠥᠯᠢᠷᠡᠬᠦ ᠨᠢ ᠤᠯᠠᠨ᠃ ᠶᠡᠷᠦ ᠨᠢ ᠲᠡᠷᠡ ᠪᠦᠬᠦᠨ ᠢ ᠪᠢᠳᠡ ᠲᠣᠭᠲᠠᠭᠠᠵᠤ ᠴᠡᠭᠡᠵᠢᠯᠡᠬᠦ ᠵᠠᠪ ᠦᠭᠡᠢ ᠶᠠᠪᠤᠭᠰᠠᠨ ᠭᠡᠬᠦ ᠠᠴᠠ ᠠᠰᠠᠭᠤᠵᠤ ᠣᠶᠢᠯᠠᠭᠠᠬᠤ ᠤᠬᠠᠭᠠᠨ ᠰᠡᠭᠡᠭᠡ ᠴᠦ ᠤᠷᠭᠤᠭᠰᠠᠨ ᠦᠭᠡᠢ ᠭᠡᠬᠦ ᠳᠤ ᠢᠯᠡᠭᠦᠳᠡᠬᠦ ᠦᠭᠡᠢ᠃ ᠢᠢᠨ ᠬᠦ ᠪᠠᠶᠠᠷ ᠳᠤᠷᠠᠰᠬᠠᠯ ᠤᠨ ᠡᠳᠦᠷ ᠲᠤ ᠪᠤᠳᠤᠯ ᠰᠡᠳᠬᠢᠯ ᠤᠨ ᠰᠢᠪᠡᠨᠡᠭᠡ ᠪᠠᠨ ᠰᠢᠯᠵᠢᠶ᠎ᠡ ᠵᠢᠷᠭᠢᠶ᠎ᠡ ᠪᠠᠷ ᠰᠠᠴᠤᠵᠤ ᠲᠤᠩᠬᠠᠭᠯᠠᠬᠤ ᠪᠠᠷ ᠢᠶᠠᠨ ᠠᠪᠤ ᠡᠵᠢ ᠳᠡᠭᠡᠨ ᠪᠡᠶ᠎ᠡ ᠪᠠᠨ ᠦᠵᠡᠭᠦᠯᠦᠨ᠂ ᠪᠠᠷ᠎ᠠ ᠪᠠᠨ ᠬᠠᠷᠠᠵᠤ ᠪᠠᠶᠠᠷᠯᠠᠭᠤᠯᠬᠤ ᠨᠢ ᠨᠡᠩ ᠵᠢᠷᠭᠠᠯ ᠲᠠᠢ ᠭᠡᠵᠦ ᠪᠢ ᠬᠤᠪᠢᠨ ᠳᠠᠭᠠᠨ ᠪᠤᠳᠤᠳᠠᠭ᠃
 
ᠢᠷᠡᠯᠲᠡ᠄ ᠰᠢᠯᠢ ᠶᠢᠨ ᠭᠣᠣᠯ ᠠᠢᠮᠠᠭ ᠤᠨ ᠵᠠᠬᠢᠷᠭ᠎ᠠ ᠶᠢᠨ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号