ᠨᠤᠲᠤᠭ ᠮᠢᠨᠢ
ᠨᠡᠶᠢᠲᠡᠯᠡᠭᠰᠡᠨ ᠴᠠᠭ᠄
2024/7/12
    ᠲᠦᠷᠤᠵᠤ ᠥᠰᠦᠭᠰᠡᠨ ᠥᠯᠥᠭᠡᠢ ᠨᠤᠲᠤᠭ  ᠤᠨ  ᠢᠶᠠᠨ ᠮᠥᠩᠬᠡ ᠶᠢᠨ ᠠᠯᠳᠠᠨ ᠰᠢᠷᠣᠢ ᠳᠡᠭᠡᠷ᠎ᠡ ᠪᠦᠪᠡᠶᠢᠯᠡᠭᠳᠡᠵᠦ ᠲᠠᠪᠢᠨ ᠵᠢᠯ ᠤᠨ ᠬᠠᠪᠤᠷ ᠨᠠᠮᠤᠷ ᠢ ᠤᠭᠲᠤᠯ᠎ᠠ᠃ ᠨᠤᠲᠤᠭ ᠮᠢᠨᠢ ᠬᠠᠷᠠᠬᠤ ᠳᠤ ᠬᠠᠷᠠᠴᠠᠨ ᠳᠤ ᠳᠤᠯᠠᠭᠠᠨ᠂ ᠪᠤᠳᠤᠬᠤ ᠳᠤ ᠪᠤᠳᠤᠯ ᠳᠤ ᠰᠦᠮᠪᠤᠷ ᠪᠤᠷᠬᠠᠨ ᠰᠡᠳᠬᠢᠯᠲᠡᠨ ᠳᠡᠭᠡᠳᠦᠰ ᠤᠨ ᠮᠢᠨᠢ ᠢᠷᠠᠭᠤᠬᠠᠨ ᠠᠯᠳᠠᠷ ᠢᠶᠠᠨ ᠳᠠᠭᠤᠷᠢᠰᠤᠭᠤᠯᠵᠤ ᠶᠠᠪᠤᠭᠰᠠᠨ ᠥᠨᠢ ᠮᠥᠩᠬᠡ ᠶᠢᠨ ᠳᠤᠷᠠᠳᠬᠠᠯᠲᠤ ᠣᠷᠣᠨ ᠶᠤᠮᠰᠠᠨ᠃ ᠤᠨᠠᠭᠠᠨ ᠪᠠᠭ᠎ᠠ ᠨᠠᠰᠤᠨ ᠳᠤ ᠪᠠᠨ ᠪᠢᠴᠢᠭ ᠰᠣᠶᠣᠯ ᠤᠨ ᠮᠥᠷ ᠢ ᠳᠤᠲᠠᠭᠤ ᠲᠤᠷᠭᠤᠨ ᠬᠥᠭᠡᠭᠡᠵᠦ ᠮᠠᠯᠴᠢᠨ ᠬᠥᠮᠥᠨ ᠤ ᠬᠦᠳᠡᠯᠮᠤᠷᠢ ᠶᠢᠨ ᠠᠴᠢᠶ᠎ᠠ ᠬᠤᠶᠠᠷ ᠮᠥᠷᠥᠨ  ᠳᠤ   ᠨᠢ ᠣᠨᠣᠭᠳᠠᠬᠤ ᠳᠤ ᠶᠠᠭ ᠨᠡᠶᠢᠳᠡ  ᠶᠢᠨ ᠦᠮᠴᠢᠯᠡᠯ   ᠨᠢ ᠬᠤᠪᠢ  ᠶᠢᠨ ᠦᠮᠴᠢᠯᠡᠯ ᠪᠣᠯᠵᠤ ᠥᠪᠯᠡᠵᠦ ᠢᠷᠡᠭᠰᠡᠨ ᠨᠡᠭᠦᠳᠡᠯ ᠰᠣᠶᠣᠯ ᠲᠠᠢ ᠥᠪᠡᠷ ᠤᠨ ᠭᠡᠰᠡᠨ ᠬᠥᠷᠥᠩᠭᠡ ᠬᠤᠭᠰᠢᠯ ᠲᠠᠢ ᠥᠭᠡᠷᠡᠴᠢᠯᠡᠯᠲᠡ ᠨᠡᠭᠡᠭᠡᠯᠲᠡ ᠶᠢᠨ ᠰᠢᠨ᠎ᠡ ᠠᠮᠢᠳᠤᠷᠠᠯ ᠲᠠᠢ ᠪᠣᠯᠵᠤ ᠪᠠᠶᠢᠭᠰᠠᠨ ᠪᠢᠯᠡ᠃         ᠳᠡᠭᠡᠷ᠎ᠡ ᠵᠠᠭᠤᠨ ᠤ ᠨᠠᠶᠠᠭᠠᠳ ᠣᠨ ᠳᠤ ᠵᠢᠷᠤᠭ ᠰᠢᠭ᠋ ᠭᠤᠶᠣᠬᠠᠨ ᠪᠠᠶᠢᠭᠠᠯᠢ ᠶᠢᠨ ᠦᠵᠡᠮᠵᠢ ᠲᠠᠢ ᠬᠤᠭᠤᠯᠠᠲᠤ ᠂ ᠵᠢᠭᠠᠰᠤᠲᠠᠢ ᠨᠠᠭᠤᠷ  ᠲᠤ ᠬᠤᠨ  ᠤ ᠰᠦᠷᠤᠭ᠌ ᠬᠤᠨᠢᠨ ᠰᠦᠷᠤᠭ᠌ ᠭᠡᠮᠡᠷ ᠴᠠᠶᠢᠯᠵᠠᠭᠠᠳ ᠨᠠᠭᠤᠷ ᠢ ᠲᠣᠭᠤᠷᠢᠭᠰᠠᠨ ᠪᠢᠲᠡᠭᠦᠦ ᠰᠢᠭᠤᠢ ᠳᠤ ᠨᠢ ᠠᠳᠤᠭᠤᠨ ᠰᠦᠷᠤᠭ᠌ ᠣᠷᠣᠴᠢᠬᠠᠭᠠᠳ ᠦᠵᠡᠭᠳᠡᠬᠦ ᠦᠭᠡᠢ᠂ ᠠᠶᠢᠯ ᠤᠰᠤᠨ ᠤ ᠠᠳᠤᠭᠤᠴᠢᠨ ᠡᠷᠡᠰ ᠬᠡᠴᠢᠨᠡᠨ ᠡᠳᠦᠷ ᠤᠨ ᠡᠷᠢᠯ ᠪᠤᠯᠳᠠᠭ ᠨᠢ ᠦᠯᠢᠬᠡᠷ ᠴᠦ ᠶᠤᠮ ᠰᠢᠭ ᠰᠠᠨᠠᠭᠳᠠᠨ᠎ᠠ᠃     ᠰᠢᠨᠵᠢᠯᠡᠬᠦ ᠤᠬᠠᠭᠠᠨ ᠢ ᠡᠷᠬᠢᠮᠯᠡᠨ ᠮᠠᠯ ᠠᠵᠤ ᠠᠬᠤᠢ ᠶᠢ ᠬᠥᠭᠵᠢᠭᠦᠯᠬᠦ ᠨᠠᠮ ᠤᠨ ᠲᠦᠷᠤ ᠶᠢᠨ ᠪᠣᠳᠣᠯᠭ᠎ᠠ ᠬᠥᠳᠡᠭᠡ ᠨᠤᠲᠤᠭ ᠲᠤ ᠮᠢᠨᠢ ᠤᠷᠢᠶᠠᠯᠠᠭᠳᠠᠵᠤ ᠪᠠᠶᠢᠭᠰᠠᠨ ᠵᠢᠯ ᠤᠳ ᠤᠨ ᠨᠠᠯᠠᠭᠠᠷ ᠨᠠᠮᠤᠷ ᠤᠨ ᠨᠢᠭᠡᠨ ᠡᠳᠦᠷ ᠪᠢᠯᠡ᠃ ᠬᠤᠭᠤᠯᠠᠲᠤ ᠶᠢᠨ ᠰᠢᠯᠢ ᠶᠢᠨ ᠰᠠᠷᠠᠭᠤᠯ ᠲᠡᠡᠵᠢᠨ ᠳᠡᠭᠡᠷ᠎ᠡ ᠬᠤᠨ ᠴᠠᠭᠠᠨ ᠮᠣᠩᠭᠤᠯ ᠭᠡᠷ ᠢ ᠵᠢᠭᠳᠡᠷᠡᠭᠦᠯᠦᠨ ᠪᠣᠰᠬᠠᠵᠤ᠂ ᠴᠠᠴᠠᠷ ᠮᠠᠶᠢᠬᠠᠨ ᠲᠤᠭ ᠳᠠᠯᠪᠠᠭ᠎ᠠ ᠨᠠᠮᠢᠷᠠᠭᠤᠯᠵᠤ ᠨᠠᠶᠢᠷ ᠤᠨ ᠰᠤᠷᠠᠭ ᠠᠮᠠ ᠲᠠᠮᠵᠢᠨ ᠮᠠᠯᠴᠢᠨ ᠲᠦᠮᠡᠨ ᠤ ᠮᠢᠨᠢ ᠰᠡᠳᠬᠢᠯ ᠢ ᠪᠠᠶᠠᠰᠬᠠᠨ᠎ᠠ᠃ ᠡᠨᠡ ᠬᠦ ᠨᠠᠶᠢᠷ ᠨᠢ ᠮᠠᠨ ᠤ ᠭᠠᠴᠠᠭᠠᠨ ᠤ ᠲᠠᠯ᠎ᠠ ᠨᠤᠲᠤᠭ ᠤᠨ ᠤᠯᠠᠭᠠᠨ ᠦᠬᠡᠷ ᠢ ᠬᠢᠨᠠᠨ ᠰᠢᠯᠭᠠᠬᠤ ᠨᠠᠭᠠᠳᠤᠮ ᠤᠨ ᠬᠤᠷᠠᠯ ᠪᠠᠶᠢᠯ᠎ᠠ᠃ ᠶᠠᠭ ᠡᠨᠡ ᠨᠢ ᠮᠢᠨᠤ ᠠᠪᠤ ᠪᠠ ᠮᠠᠯᠴᠢᠨ ᠲᠦᠮᠡᠨ ᠤ ᠮᠢᠨᠢ ᠬᠡᠴᠢᠨᠡᠨ ᠵᠢᠯ  ᠤᠨ ᠰᠢᠷᠭᠠᠭᠤ ᠬᠦᠳᠡᠯᠮᠤᠷᠢ  ᠪᠠᠷ  ᠢᠶᠠᠨ ᠪᠣᠶᠢᠵᠢᠭᠤᠯᠤᠨ ᠬᠥᠭᠵᠢᠭᠦᠯᠦᠭᠰᠡᠨ ᠱᠢᠷᠦᠨ ᠤᠯᠠᠭᠠᠨ ᠲᠠᠯ᠎ᠠ ᠨᠤᠲᠤᠭ ᠤᠨ ᠤᠯᠠᠭᠠᠨ ᠦᠬᠡᠷ ᠤᠨ ᠰᠦᠷᠤᠭ᠌ ᠪᠣᠯᠣᠨ᠎ᠠ᠃ ᠡᠨᠡ ᠬᠦ ᠨᠠᠶᠢᠷ ᠢᠶᠠᠷ ᠲᠠᠮᠵᠢᠵᠤ ᠬᠤᠰᠢᠭᠤ᠂ ᠠᠶᠢᠮᠠᠭ᠂ ᠣᠷᠣᠨ ᠪᠠ ᠤᠯᠤᠰ ᠤᠨ ᠡᠯ᠎ᠡ ᠭᠠᠵᠠᠷ ᠤᠨ ᠠᠷᠪᠠᠨ ᠬᠡᠳᠦᠨ ᠮᠤᠵᠢ ᠣᠷᠣᠨ ᠤ ᠤᠳᠤᠷᠢᠳᠤᠯᠭ᠎ᠠ ᠮᠡᠷᠭᠡᠵᠢᠯᠲᠡᠳ ᠤᠨ ᠬᠢᠨᠠᠨ ᠪᠠᠶᠢᠴᠠᠭᠠᠯᠲᠠ ᠪᠠᠷ ᠤᠯᠤᠰ ᠤᠨ ᠲᠡᠰ ᠤᠨ ᠲᠠᠯ᠎ᠠ ᠨᠤᠲᠤᠭ ᠤᠨ ᠤᠯᠠᠭᠠᠨ ᠦᠬᠡᠷ ᠢᠶᠠᠷ ᠦᠨᠡᠯᠡᠭᠳᠡᠵᠦ ᠠᠪᠤ ᠮᠢᠨᠢ ᠠᠯᠳᠠᠨ ᠦᠰᠤᠭ᠌  ᠲᠠᠢ ᠲᠦᠷᠤ  ᠶᠢᠨ ᠱᠠᠩᠨᠠᠯ  ᠢᠶᠠᠷ ᠬᠥᠬᠢᠭᠦᠯᠦᠭᠳᠡᠵᠦ ᠶᠠᠪᠤᠭᠰᠠᠨ ᠲᠡᠦᠬᠡ ᠨᠠᠮᠲᠠᠷ ᠪᠠᠯᠴᠢᠷ ᠨᠠᠰᠤᠨ ᠤ ᠤᠢ ᠤᠬᠠᠭᠠᠨ  ᠳᠤ ᠥᠨᠢᠳᠡ ᠰᠡᠶᠢᠯᠦᠭᠳᠡᠵᠡᠢ᠃ ᠤᠰᠤ ᠶᠢ ᠨᠢ ᠤᠤᠭᠤᠪᠠᠯ ᠡᠬᠡ ᠶᠢ ᠨᠢ ᠪᠤᠤ ᠮᠠᠷᠲᠠ ᠬᠡᠳᠡᠭ ᠢᠶᠠᠷ ᠲᠦᠷᠤ ᠳᠤ ᠪᠠᠨ ᠠᠯᠳᠠᠷ ᠲᠠᠢ ᠲᠦᠮᠡᠨ ᠳᠤ ᠪᠠᠨ ᠵᠢᠳᠬᠦᠯ ᠲᠠᠢ ᠡᠬᠡᠯ ᠵᠢᠷ ᠤᠨ ᠮᠠᠯᠴᠢᠨ ᠠᠪᠤ ᠪᠠᠨ ᠪᠢ ᠳᠤᠷᠠᠳᠬᠤ ᠶᠣᠰᠣᠲᠠᠢ᠂ ᠪᠢᠴᠢᠭᠯᠡᠬᠦ ᠴᠦ ᠶᠣᠰᠣᠲᠠᠢ᠃ ᠬᠦᠳᠡᠯᠮᠤᠷᠢᠴᠢ ᠮᠠᠯᠴᠢᠳ ᠤᠨ ᠢᠶᠠᠨ ᠳᠣᠲᠣᠷ᠎ᠠ ᠭᠠᠪᠢᠶᠠᠲᠤ ᠬᠥᠮᠥᠨ ᠭᠡᠬᠦ ᠳᠤ ᠵᠥᠪ ᠶᠤᠮᠰᠠᠨ᠃          ᠬᠠᠭᠤᠴᠢᠨ ᠶᠠᠭᠤᠮ᠎ᠠ ᠤᠯᠠ ᠪᠣᠯᠵᠤ ᠰᠢᠨ᠎ᠡ ᠶᠠᠭᠤᠮ᠎ᠠ ᠵᠤᠯᠠ ᠪᠣᠯᠣᠨ᠎ᠠ ᠭᠡᠳᠡᠭᠴᠢᠯᠡᠨ ᠠᠷᠢᠭᠤᠨ ᠴᠢᠬᠡᠴᠢ ᠬᠦᠳᠡᠯᠮᠤᠷᠢ ᠪᠠᠷ ᠢᠶᠠᠨ ᠠᠬᠤᠢ ᠦᠢᠯᠡᠰ ᠢᠶᠠᠨ ᠪᠦᠲᠦᠭᠡᠨ ᠪᠠᠶᠢᠭᠤᠯᠤᠭᠰᠠᠨ ᠮᠠᠯᠴᠢᠨ ᠲᠦᠮᠡᠨ ᠤ ᠮᠢᠨᠢ ᠶᠡᠭᠡ ᠠᠯᠳᠠᠷ  ᠨᠢ ᠥᠯᠥᠭᠡᠢ ᠨᠤᠲᠤᠭ  ᠤᠨ  ᠢᠶᠠᠨ ᠰᠢᠷᠬᠡᠭ ᠡᠪᠡᠰᠦ ᠮᠥᠬᠦᠯᠢᠭ ᠰᠢᠷᠣᠢ  ᠳᠤ ᠨᠢ ᠬᠦᠷᠳᠡᠯ᠎ᠡ ᠠᠭᠤᠰᠤᠨ ᠠᠮᠢᠯᠠᠭᠰᠠᠭᠠᠷ ᠪᠢᠯᠡ᠃ ᠪᠠᠶᠠᠨ ᠪᠠᠶᠢᠭᠠᠯᠢ  ᠶᠢᠨ ᠰᠠᠶᠢᠬᠠᠨ ᠦᠵᠡᠮᠵᠢ ᠰᠣᠯᠣᠩᠭᠠᠷᠠᠨ ᠪᠠᠭᠠᠲᠤᠷ ᠮᠠᠯᠴᠢᠳ ᠤᠨ ᠠᠷᠢᠭᠤᠨ ᠦᠢᠯᠡᠰ ᠪᠠᠳᠠᠷᠠᠭᠰᠠᠨ ᠨᠤᠲᠤᠭ ᠢᠶᠠᠨ ᠪᠢ ᠪᠠᠭ᠋ᠠᠷᠠᠯᠲᠤ ᠬᠦᠳᠡᠯᠮᠤᠷᠢ  ᠶᠢᠨ ᠴᠡᠭᠡᠯᠬᠡᠨ ᠠᠶᠠᠯᠭᠤ  ᠪᠠᠷ ᠮᠠᠭᠲᠠᠮᠤ᠂ ᠡᠯᠡᠰᠦ ᠮᠠᠩᠬᠠᠨ ᠤ ᠡᠬᠡ ᠨᠤᠲᠤᠭ ᠮᠢᠨᠢ ᠦᠵᠡᠰᠬᠦᠯᠡᠩ ᠲᠠᠢ ᠳ᠋ᠠ᠃  
 
ᠢᠷᠡᠯᠲᠡ᠄ ᠰᠢᠯᠢ ᠶᠢᠨ ᠭᠤᠣᠯ ᠠᠶᠢᠮᠠᠭ ᠤᠨ ᠵᠠᠬᠢᠷᠭ᠎ᠠ ᠶᠢᠨ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号