ᠬᠠᠪᠤᠷ ᠠᠶᠢᠰᠤᠢ ᠴᠢᠮᠡᠭᠡ
ᠨᠡᠶᠢᠲᠡᠯᠡᠭᠰᠡᠨ ᠴᠠᠭ᠄
2024/5/30
ᠮᠢᠩᠭᠠᠨ ᠭᠠᠵᠠᠷ ᠤᠨ ᠠᠯᠤᠰ ᠠᠴᠠ ᠬᠠᠪᠤᠷ ᠤᠨ ᠤᠷᠢ ᠨᠠᠭᠠᠰᠢᠯᠠᠵᠤ ᠮᠥᠷᠥᠭᠡᠳᠦᠯ ᠰᠡᠷᠡᠯᠵᠡᠵᠦ ᠤᠰᠤᠨ ᠤ ᠠᠶᠠᠯᠭᠤ ᠶᠢ ᠬᠥᠭᠵᠢᠮᠳᠡᠨ᠎ᠡ ᠮᠠᠨᠠᠨᠲᠤ ᠬᠥᠬᠡ ᠠᠭᠤᠯᠠᠰ ᠳᠡᠭᠡᠳᠦᠰ ᠤᠨ ᠰᠦᠷ ᠢ ᠡᠷᠭᠦᠵᠦ ᠲᠤᠮᠤᠭ ᠠᠯᠤᠰᠷᠠᠵᠤ ᠰᠠᠯᠬᠢᠨ ᠤ ᠬᠥᠯ ᠢ ᠲᠤᠱᠠᠨ᠎ᠠ ᠮᠥᠷᠥᠭᠡᠳᠦᠯ ᠵᠠᠭᠤᠭᠰᠠᠨ ᠵᠠᠭᠤᠨ ᠤ ᠮᠢᠩᠭᠠᠨ ᠮᠢᠩᠭᠠᠨ ᠰᠢᠪᠠᠭᠤᠳ ᠢᠷᠭᠠᠯ ᠬᠠᠳᠠᠨ ᠤ ᠰᠡᠵᠢᠭᠦᠷ ᠲᠤ ᠡᠭᠦᠷ ᠢᠶᠠᠨ ᠵᠠᠰᠠᠵᠤ ᠳᠣᠩᠭᠤᠳᠤᠨ᠎ᠠ ᠮᠥᠩᠬᠡᠷᠡᠯ ᠤᠨ ᠭᠤᠸ᠎ᠠ ᠡᠭᠡᠰᠢᠭ ᠢ ᠦᠨᠳᠦᠰᠦ ᠨᠠᠮᠠᠭᠠᠤᠨ ᠳᠠᠭᠤᠯᠠᠵᠤ ᠮᠥᠴᠢᠷ ᠢᠶᠠᠨ ᠳᠡᠯᠭᠡᠭᠰᠡᠨ ᠰᠢᠭᠤᠶᠢᠳ ᠰᠠᠯᠬᠢ ᠰᠥᠷᠦᠨ ᠰᠢᠬᠦᠷᠯᠡᠨ᠎ᠡ ᠶᠠᠪᠤᠬᠤᠢ᠂ ᠲᠠᠯ᠎ᠠ ᠳᠤ ᠨᠣᠶᠠᠯᠠᠭᠰᠠᠨ ᠰᠠᠯᠬᠢ ᠰᠢᠯᠢ ᠲᠠᠭᠠᠭᠠᠳ ᠢᠷᠡᠬᠦᠢ᠂ ᠲᠠᠰᠤᠷᠠᠭᠰᠠᠨ ᠶᠣᠩᠬᠤᠷ ᠢ ᠵᠠᠯᠭᠠᠵᠤ ᠬᠥᠭᠵᠢᠮ ᠡᠭᠡᠰᠢᠭᠯᠡᠭᠳᠡᠭᠡᠳ ᠦᠷᠬᠦᠢ᠂ ᠥᠨᠥᠴᠢᠨ ᠪᠦᠷᠭᠦᠳ ᠤᠨ ᠡᠭᠦᠷ ᠢᠶᠠᠨ ᠰᠠᠬᠢᠭᠰᠠᠨ ᠬᠠᠳᠠ ᠬᠢᠨᠠᠬᠤᠢ᠂ ᠶᠡᠭᠡ ᠤᠯᠠᠨ ᠡᠪᠦᠯ ᠬᠠᠪᠤᠷ ᠤᠨ ᠪᠠᠶᠢᠷᠢ ᠪᠤᠯᠢᠶᠠᠯᠳᠤᠭᠰᠠᠨ ᠪᠠᠭᠤᠷᠢ ᠵᠢᠷᠦᠬᠡ ᠲᠠᠭᠵᠢᠭᠤᠯᠤᠭᠰᠠᠨ ᠬᠦᠢᠲᠡᠨ ᠰᠠᠮ ᠰᠠᠮᠬᠡᠨ ᠠᠶᠠᠷᠯᠠᠭᠠᠳ ᠵᠢᠩ ᠳᠠᠭᠠᠭᠠᠭᠰᠠᠨ ᠪᠤᠳᠤᠯ ᠴᠡᠴᠡᠭᠡᠰ ᠤᠨ ᠲᠠᠯᠪᠢ ᠳᠤ ᠡᠷᠬᠡᠯᠡᠨ᠎ᠡᠵᠢᠷᠭᠢᠨ ᠵᠢᠷᠭᠢᠬᠦ ᠰᠢᠪᠠᠭᠤᠳ ᠤᠨ ᠮᠢᠩᠭᠠᠨ ᠡᠭᠡᠰᠢᠭ ᠲᠤ ᠰᠣᠭᠲᠣᠭᠤᠷᠠᠵᠤ ᠵᠡᠭᠦᠳᠦᠨ ᠤ ᠲᠦᠮᠡᠨ ᠬᠦᠰᠡᠯ ᠬᠠᠪᠤᠷ ᠤᠨ ᠬᠤᠷ᠎ᠠ ᠪᠠᠷ ᠰᠠᠷᠪᠠᠶᠢᠨ᠎ᠠ ᠲᠠᠯ᠎ᠠ ᠶᠢᠨ ᠪᠠᠷ᠎ᠠ ᠬᠥᠬᠡᠷᠡᠵᠦ ᠰᠢᠨᠡᠬᠡᠨ ᠲᠡᠷᠯᠢᠭ ᠢᠶᠠᠨ ᠬᠡᠲᠦᠷᠡᠨ᠎ᠡ ᠡᠬᠡ ᠪᠠᠶᠢᠭᠠᠯᠢ ᠳᠡᠭᠡᠷ᠎ᠡ ᠨᠢ ᠪᠤᠮᠠᠨ ᠴᠡᠴᠡᠭᠡᠰ ᠢᠶᠠᠨ ᠬᠠᠳᠬᠤᠮᠠᠯᠯᠠᠨ᠎ᠠ ᠲᠠᠨᠠᠨ ᠴᠡᠩᠬᠡᠷ ᠢᠷᠭᠤᠢ ᠠᠲᠠᠷ ᠴᠢᠮᠡᠭᠯᠡᠨ ᠳᠣᠶ᠋ᠢᠯᠵᠠᠭᠠᠳ ᠲᠤᠮᠤᠭ ᠤᠨ ᠮᠢᠩᠭᠠᠨ ᠬᠠᠭᠤᠳᠠᠰᠤ ᠶᠢ ᠳᠡᠯᠪᠡᠭᠡᠨ ᠳᠡᠭᠡᠷ᠎ᠡ ᠨᠢ ᠤᠷᠠᠯᠠᠨ᠎ᠠ ᠦᠯᠢᠭᠡᠷ ᠤᠨ ᠨᠢᠭᠡᠨ ᠰᠠᠯᠠᠭ᠎ᠠ ᠰᠠᠯᠬᠢᠨ ᠤ ᠭᠡᠯᠠ ᠳᠡᠭᠡᠷ᠎ᠡ ᠲᠡᠭᠦᠰᠦᠨ᠎ᠡ ᠤᠶᠠᠩᠭ᠎ᠠ ᠶᠢᠨ ᠨᠢᠭᠡᠨ ᠱᠠᠳ ᠨᠠᠷᠠᠨ ᠤ ᠭᠡᠷᠡᠯ ᠢ ᠡᠰᠬᠡᠨ᠎ᠡ ᠲᠠᠭᠠᠷᠠᠬᠤ ᠪᠠ ᠬᠠᠯᠠᠭᠤᠳᠠᠬᠤ ᠡᠬᠡ ᠪᠠᠶᠢᠭᠠᠯᠢ ᠶᠢᠨ ᠵᠦᠢ ᠳᠡᠯᠭᠡᠷᠡᠬᠦ ᠪᠠ ᠵᠤᠯᠭᠠᠷᠠᠬᠤ ᠬᠥᠮᠥᠨ ᠨᠡᠶᠢᠭᠡᠮ ᠤᠨ ᠵᠢᠮ᠎ᠡ - ᠴᠡᠴᠡᠭᠡᠰ ᠤᠨ ᠲᠠᠯᠪᠢ ᠳᠡᠭᠡᠷ᠎ᠡ ᠬᠠᠪᠤᠷ ᠤᠨ ᠵᠡᠭᠦᠳᠦ ᠳᠡᠷᠡᠯᠡᠩᠬᠡᠨ ᠴᠢᠩ ᠪᠠᠶᠢᠭᠠᠯᠢ ᠶᠢ ᠴᠢᠮᠡᠬᠦ ᠬᠥᠬᠡᠮᠳᠦᠭ ᠤᠨᠢᠶᠠᠷ ᠦᠶᠦᠭᠬᠡᠨ ᠬᠦᠴᠦ ᠲᠠᠮᠢᠷ ᠢᠶᠠᠨ ᠰᠣᠶᠢᠬᠤ ᠬᠡᠮᠡᠨ᠎ᠡ ᠤᠷᠤᠭᠰᠢ ᠪᠠᠨ ᠬᠠᠷᠠᠭᠠᠷᠠᠢ ᠬᠥᠭᠵᠢᠵᠦ ᠳᠦᠷᠡᠯᠵᠡᠭᠰᠡᠨ ᠠᠶᠢᠰᠤᠢ ᠬᠠᠪᠤᠷ ᠤᠨ ᠴᠢᠮᠡᠭᠡ ᠶᠢ ᠁
 
ᠢᠷᠡᠯᠲᠡ᠄ ᠲᠤᠮᠳᠠᠳᠤ ᠤᠯᠤᠰ ᠤᠨ ᠮᠣᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号