︽ᠦᠵᠦᠮᠦᠴᠢᠨ ᠨᠤᠲᠤᠭ ᠤᠨ ᠤᠶᠠᠩᠭ᠎ᠠ ᠶᠢᠨ ᠴᠤᠤᠷᠢᠶ᠎ᠠ︾ ᠮᠠᠯᠴᠢᠨ ᠤ᠂ ᠰᠧᠳᠡᠩ ᠤᠨ ᠳᠠᠭᠤᠤ ᠤᠷᠠᠨ ᠪᠦᠲᠦᠭᠡᠯ ᠤᠨ ᠦᠳᠡᠰᠢᠯᠡᠭᠡ ᠠᠮᠵᠢᠯᠲᠠ ᠲᠠᠢ ᠶᠠᠪᠤᠭᠳᠠᠪᠠ
ᠨᠡᠶᠢᠲᠡᠯᠡᠭᠰᠡᠨ ᠴᠠᠭ᠄
2024/5/29
    5 ᠰᠠᠷ᠎ᠠ ᠶᠢᠨ 26  ᠤ ᠣᠷᠣᠢ᠂ ᠪᠠᠷᠠᠭᠤᠨ ᠦᠵᠦᠮᠦᠴᠢᠨ ᠬᠤᠰᠢᠭᠤᠨ ᠤ ᠤᠳᠬ᠎ᠠ ᠤᠷᠠᠯᠢᠭ ᠤᠨ ᠬᠢᠨ ᠤ ᠬᠤᠯᠪᠣᠭ᠎ᠠ᠂ ᠤᠯᠠᠭᠠᠨᠮᠥ᠋ᠴᠢᠷ᠂ ᠬᠠᠮ ᠵᠠᠭᠤᠴᠢᠯᠠᠭᠤᠷ ᠤᠨ ᠲᠥᠪ ᠠᠴᠠ ᠬᠠᠮᠵᠢᠯᠴᠠᠨ ᠡᠷᠬᠢᠯᠡᠭᠰᠡᠨ ︽ᠦᠵᠦᠮᠦᠴᠢᠨ ᠨᠤᠲᠤᠭ ᠤᠨ ᠤᠶᠠᠩᠭ᠎ᠠ ᠶᠢᠨ ᠴᠤᠤᠷᠢᠶ᠎ᠠ︾ ᠮᠠᠯᠴᠢᠨ ᠤ᠂ ᠰᠧᠳᠡᠩ ᠤᠨ ᠳᠠᠭᠤᠤ ᠤᠷᠠᠨ ᠪᠦᠲᠦᠭᠡᠯ ᠤᠨ ᠦᠳᠡᠰᠢᠯᠡᠭᠡ ᠪᠠᠷᠠᠭᠤᠨ ᠦᠵᠦᠮᠦᠴᠢᠨ ᠬᠤᠰᠢᠭᠤᠨ ᠤ  ᠨᠡᠪᠲᠡᠷᠡᠭᠦᠯᠭᠡ ᠶᠢᠨ ᠲᠢᠩᠬᠢᠮ ᠳᠤ ᠠᠮᠵᠢᠯᠲᠠ ᠲᠠᠢ ᠶᠠᠪᠤᠭᠳᠠᠵᠠᠢ᠃ ᠬᠤᠰᠢᠭᠤ ᠳᠡᠳ᠋ ᠲᠠᠷᠤᠭ᠎ᠠ ᠡᠦ ᡁᠢ ᠴᠢᠶᠠᠩ᠂ ᠤᠯᠤᠰ ᠲᠦᠷᠦ ᠶᠢᠨ ᠵᠦᠪᠯᠡᠯᠭᠡᠨ ᠤ ᠳᠡᠳ᠋ ᠲᠡᠷᠢᠭᠦᠯᠡᠭᠴᠢ ᠣᠳᠬᠠᠨᠪᠠᠭᠠᠲᠤᠷ ᠨᠠᠷ ᠦᠳᠡᠰᠢᠯᠡᠭᠡ ᠶᠢᠨ ᠬᠤᠶᠢᠮᠦᠷ ᠲᠤ ᠰᠠᠭᠠᠲᠠᠵᠠᠢ᠃
       ᠦᠳᠡᠰᠢᠯᠡᠭᠡ ᠨᠢ ᠤ᠂ ᠰᠧᠳᠡᠩ ᠤᠨ  ᠰᠢᠯᠦᠭ᠂ ᠮ᠊᠂ ᠰᠠᠷᠠᠨᠬᠦᠦ ᠶᠢᠨ ᠠᠶᠠᠯᠭᠤ᠂ ᠳᠠᠭᠤᠴᠢᠨ ᠪᠦᠬᠡᠴᠢᠯᠠᠭᠤ  ᠶᠢᠨ ᠳᠠᠭᠤᠯᠠᠭᠰᠠᠨ ︽ᠦᠵᠦᠮ ᠤᠨ ᠴᠠᠭᠠᠨ ᠠᠭᠤᠯᠠ︾ ᠠᠶ᠎ᠠ ᠳᠠᠭᠤᠨ ᠤ ᠳᠤᠮᠳᠠ ᠡᠬᠢᠯᠡᠵᠤ᠂  ︽ᠪᠤᠷᠬᠠᠨ ᠡᠵᠢ ᠮᠢᠨᠢ︾᠂ ︽ᠦᠨᠡᠨ ᠬᠠᠶᠢᠷ᠎ᠠ ᠶᠢᠨ ᠳᠡᠭᠢᠨᠢ︾᠂ ︽ᠵᠤᠨ ᠤ ᠰᠠᠶᠢᠬᠠᠨ ᠵᠤᠰᠠᠭᠠᠯ︾᠂ ︽ᠪᠤᠶᠠᠨᠲᠤ ᠣᠪᠤᠭ᠎ᠠ︾ ᠵᠡᠷᠭᠡ ᠠᠮᠢᠳᠦᠷᠠᠯ ᠬᠠᠶᠢᠷ᠎ᠠ᠂ ᠨᠤᠲᠤᠭ ᠤᠰᠤ ᠪᠠᠨ ᠳᠠᠭᠤᠯᠠᠭᠰᠠᠨ ᠤᠶᠠᠩᠭ᠎ᠠ ᠢᠷᠠᠭᠤ ᠠᠶ᠎ᠠ ᠳᠠᠭᠤᠨ ᠤ ᠳᠤᠮᠳᠠ ᠦᠷᠭᠦᠯᠵᠢᠯᠠᠵᠤ᠂ ᠲᠡᠭᠦᠨ ᠤ ᠠᠪᠢᠶᠠᠰ ᠪᠢᠯᠢᠭ᠂ ᠣᠷᠤᠯᠳᠤᠯᠭ᠎ᠠ ᠬᠦᠳᠡᠯᠮᠦᠷᠢ ᠪᠠᠷ ᠢᠶᠠᠨ ᠵᠣᠬᠢᠶᠠᠨ ᠪᠦᠲᠦᠭᠡᠭᠰᠡᠨ ᠪᠦᠲᠦᠭᠡᠯ ᠢ ᠨᠢ ᠡᠯ᠎ᠡ ᠠᠶᠢᠮᠠᠭ ᠬᠤᠲᠠ ᠶᠢᠨ ᠬᠠᠮᠲᠤᠷᠠᠨ ᠠᠵᠢᠯᠯᠠᠵᠤ ᠠᠮᠢᠯᠠᠭᠤᠯᠤᠨ ᠳᠠᠭᠤᠯᠠᠭᠰᠠᠨ ᠨᠡᠷᠡᠲᠤ ᠳᠠᠭᠤᠴᠢᠳ ᠬᠦᠷᠦᠯᠴᠡᠨ ᠢᠷᠡᠵᠦ᠂ ᠦᠵᠡᠭᠴᠢ ᠤᠯᠠᠨ ᠳᠤ ᠪᠠᠨ ᠬᠦᠷᠲᠡᠭᠡᠯ ᠪᠤᠯᠭᠠᠵᠤ᠂ ᠰᠤᠨᠤᠷ ᠢ ᠨᠢ ᠪᠠᠶᠠᠰᠬᠠᠵᠠᠢ᠃
    ᠮᠠᠯᠴᠢᠨ ᠤ᠂ ᠰᠧᠳᠡᠩ ᠪᠤᠯ ᠪᠠᠷᠠᠭᠤᠨ ᠦᠵᠦᠮᠦᠴᠢᠨ ᠬᠤᠰᠢᠭᠤᠨ ᠤ ᠤᠯᠠᠭᠠᠨᠬᠠᠭᠠᠯᠭ᠎ᠠ ᠰᠤᠮᠤᠨ ᠤ ᠠᠷᠤᠬᠤᠰᠢᠭᠤ ᠭᠠᠴᠠᠭ᠎ᠠ ᠪᠠᠷ ᠨᠤᠲᠤᠭ ᠲᠠᠢ᠃ ᠨᠡᠷᠡᠲᠤ ᠳᠤ ᠭᠠᠭᠴᠠᠬᠠᠨ ᠦᠯᠦᠭᠡᠢ ᠨᠤᠲᠤᠭ ᠢᠶᠠᠨ ᠨᠠᠶᠢᠷᠠᠭ ᠤᠨ ᠬᠤᠷ᠎ᠠ ᠪᠠᠷ ᠤᠮᠳᠠᠯᠠᠵᠦ᠂ ᠬᠥᠷᠦᠰᠦᠨ ᠳᠤ ᠨᠢ ᠲᠣᠭᠯᠠᠵᠤ᠂ ᠡᠯᠢᠭᠡᠨ ᠳᠤ ᠨᠢ ᠡᠷᠬᠡᠯᠡᠵᠤ ᠥᠰᠦᠭᠰᠡᠨ ᠲᠡᠷᠡᠪᠡᠷ ᠠᠷᠠᠳ ᠤᠨ ᠳᠠᠭᠤᠤ ᠤᠷᠠᠯᠢᠭ ᠤᠨ ᠢᠶᠠᠨ ᠰᠢᠮ᠎ᠡ ᠶᠢ ᠬᠦᠷᠲᠡᠨ᠂ ᠨᠤᠲᠤᠭ ᠤᠰᠤ᠂ ᠠᠪᠤ ᠡᠵᠢ᠂ ᠠᠮᠠᠷᠠᠭ ᠬᠠᠶᠢᠷ᠎ᠠ ᠢ ᠤᠶᠠᠩᠭᠠᠯᠠᠨ ᠰᠢᠯᠦᠭᠯᠡᠵᠦ᠂ ᠣᠯᠠᠨᠲᠠ ᠤᠷᠠᠨ ᠪᠦᠲᠦᠭᠡᠯ ᠵᠤᠬᠢᠶᠠᠨ ᠪᠦᠲᠦᠭᠡᠭᠰᠡᠨ ᠥᠲᠡᠯᠦᠭᠡ ᠨᠠᠰᠤᠨ ᠳᠠᠭᠠᠨ ᠭᠠᠨᠵᠤᠭ᠎ᠠ ᠳᠦᠭᠦᠷᠡᠩ ᠶᠠᠪᠤᠭ᠎ᠠ ᠮᠠᠯᠴᠢᠨ ᠤᠷᠠᠨ ᠪᠦᠲᠦᠭᠡᠯᠴᠢ᠂ ᠢᠷᠠᠭᠤ ᠨᠠᠶᠢᠷᠠᠭᠴᠢ᠂ ᠴᠢᠮᠡᠭᠡᠯᠡᠭᠴᠢ ᠪᠢᠯᠡ᠃
        ᠦᠳᠡᠰᠢᠯᠡᠭᠡ ᠶᠢ ᠬᠤᠰᠢᠭᠤ ᠰᠤᠮᠦ ᠭᠠᠴᠠᠭ᠎ᠠ ᠱᠠᠲᠤᠨ ᠤ ᠤᠲᠤᠷᠢᠳᠤᠯᠭ᠎ᠠ ᠪᠤᠯᠤᠨ ᠤ᠂ ᠰᠧᠳᠡᠩ ᠭᠤᠸᠠᠢ  ᠶᠢᠨ ᠦᠶ᠎ᠡ ᠬᠤᠷᠠᠭ ᠤᠨ ᠬᠢᠨ ᠠᠬ᠎ᠠ ᠳᠠᠭᠦᠦ᠂ ᠲᠥᠷᠦᠯ ᠰᠠᠳᠤᠨ᠂ ᠦᠷ᠎ᠡ ᠬᠡᠤᠬᠡᠳ᠂ ᠨᠤᠲᠤᠭ ᠤᠨ ᠤᠯᠠᠨ ᠨᠢ 300 ᠭᠠᠷᠤᠢ ᠦᠵᠡᠭᠴᠢᠳ ᠬᠦᠷᠦᠯᠴᠡᠨ ᠢᠷᠡᠵᠦ  ᠰᠤᠨᠢᠷᠬᠠᠭᠰᠠᠨ ᠪᠠᠶᠢᠨ᠎ᠠ᠃
 
ᠢᠷᠡᠯᠲᠡ᠄ ᠪᠠᠷᠠᠭᠤᠨ ᠦᠵᠦᠮᠦᠴᠢᠨ ᠬᠤᠰᠢᠭᠤᠨ ᠤ ᠵᠠᠰᠠᠭ ᠤᠨ ᠤᠷᠳᠤᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号