ᠠᠶᠢᠰᠤᠢ ᠴᠠᠭ ᠤᠨ ᠠᠶᠠᠯᠭᠤᠨ
ᠨᠡᠶᠢᠲᠡᠯᠡᠭᠰᠡᠨ ᠴᠠᠭ᠄
2024/5/30
ᠰᠢᠨ᠎ᠡ ᠣᠨ ᠤ ᠠᠮᠤᠷ ᠠᠮᠤᠭᠤᠯᠠᠩ ᠳᠤ ᠶᠠᠭᠠᠬᠢᠨ ᠲᠡᠭᠦᠰ ᠦᠵᠡᠰᠭᠦᠯᠡᠩ ᠢ ᠪᠦᠲᠦᠭᠡᠬᠦ ᠰᠢᠵᠢᠷ ᠲᠤᠶᠠᠭ᠎ᠠ ᠮᠡᠲᠦ ᠡᠬᠡ ᠣᠷᠣᠨ ᠤ ᠪᠠᠨ ᠭᠠᠶᠢᠬᠠᠮᠰᠢᠭ ᠢ ᠶᠠᠭᠠᠬᠢᠨ ᠮᠡᠳᠡᠷᠡᠬᠦ ᠬᠠᠳᠠ ᠴᠢᠯᠠᠭᠤ ᠮᠡᠲᠦ ᠤᠷᠭᠤᠨ ᠶᠠᠭᠠᠬᠢᠨ ᠥᠩᠭᠡ ᠭᠡᠷᠡᠯ ᠰᠠᠴᠤᠷᠠᠬᠤ ᠬᠠᠷᠠᠴᠠᠨ ᠠᠴᠠ ᠨᠢ ᠴᠡᠴᠡᠭᠯᠡᠬᠦ ᠪᠦᠬᠦᠨ ᠳᠡᠭᠡᠨ ᠶᠠᠭᠠᠬᠢᠨ ᠡᠷᠬᠢᠮᠰᠦᠭ ᠣᠷᠣᠰᠢᠬᠤ ᠬᠡᠨ ᠤ ᠲᠥᠯᠥᠭᠡ ᠶᠠᠩᠵᠤᠯᠠᠭᠰᠠᠠᠨ ᠥᠴᠥᠭᠡᠳᠦᠷ ᠢ ᠶᠠᠭᠠᠬᠢᠨ ᠪᠤᠴᠠᠭᠠᠬᠤ ᠰᠠᠶᠢᠬᠠᠨᠪᠥᠭᠡᠲᠡᠯ᠎ᠡ ᠡᠩᠬᠦᠷᠡᠢ ᠵᠠᠯᠠᠭᠤ ᠨᠠᠰᠤ ᠪᠠᠨ ᠴᠡᠴᠡᠭ ᠢᠶᠠᠷ ᠶᠠᠭᠠᠬᠢᠨ ᠲᠥᠰᠥᠭᠡᠯᠡᠬᠦ ᠰᠠᠶᠢᠬᠠᠨᠶᠠᠪᠤᠭᠰᠠᠨ ᠡᠨᠡ ᠪᠡᠶ᠎ᠡ ᠤᠶᠤᠨ ᠰᠠᠨᠠᠭᠠᠨ ᠳᠠᠭᠠᠨ ᠶᠠᠭᠠᠬᠢᠨ ᠪᠠᠶᠠᠰᠬᠤ ᠠᠮᠢᠳᠤᠷᠠᠯ ᠭᠡᠳᠡᠭ ᠳᠥᠯᠭᠡᠬᠡᠨ ᠤᠷᠤᠰᠬᠠᠯ ᠲᠠᠢ ᠮᠥᠷᠡᠨ ᠢ ᠶᠠᠭᠠᠬᠢᠨ ᠰᠡᠯᠢᠬᠦ ᠭᠦᠨ ᠰᠥᠨᠢ ᠰᠠᠷᠠᠨ ᠤ ᠬᠡᠴᠡ ᠲᠠᠢ ᠬᠤᠨᠳᠠᠭᠠᠨ ᠠᠴᠠ ᠮᠥᠷᠥᠭᠡᠳᠦᠯ ᠢᠶᠠᠨ ᠶᠠᠭᠠᠬᠢᠨ ᠶᠡᠭᠦᠯᠡᠬᠦ ᠬᠦᠨᠳᠦᠭᠦᠷᠢ ᠶᠡᠭᠡ ᠲᠠᠢ ᠰᠡᠳᠬᠢᠯ ᠳᠡᠭᠡᠨ ᠶᠠᠭᠠᠬᠢᠨ ᠠᠷᠢᠬᠢ ᠮᠡᠲᠦ ᠰᠣᠭᠲᠣᠬᠤ ᠠᠮᠤᠷ ᠠᠮᠤᠭᠤᠯᠠᠩ ᠢᠶᠠᠷ ᠤᠷᠭᠤᠵᠣ ᠪᠤᠢ ᠡᠬᠡ ᠣᠷᠣᠨ ᠤ ᠪᠠᠨ ᠰᠢᠨ᠎ᠡ ᠦᠷ ᠢᠶᠠᠷ ᠨᠤᠲᠤᠭ ᠢᠶᠠᠨ ᠰᠠᠨᠠᠬᠤ᠂ ᠨᠤᠲᠤᠭ ᠢᠶᠠᠨ ᠵᠣᠷᠢᠬᠤ ᠳᠤ ᠶᠠᠭᠠᠬᠢᠨ ᠰᠡᠳᠬᠢᠯ ᠬᠥᠪᠬᠢᠬᠦ ᠮᠥᠩᠭᠦᠨ ᠰᠢᠭᠢᠳᠬᠡᠭᠡᠷᠢ ᠲᠠᠢ ᠭᠦᠨ ᠣᠭᠲᠠᠷᠭᠤᠢ ᠶᠢᠨ ᠴᠡᠭᠡᠨ ᠭᠡᠷᠡᠯ ᠳᠤ ᠮᠢᠨᠤ ᠯᠡ ᠬᠠᠶᠢᠷᠠᠲᠠᠢ ᠮᠣᠩᠭᠤᠯ ᠣᠷᠣᠨ ᠤ ᠪᠠᠨ ᠥᠩᠭᠡ ᠶᠢ ᠶᠠᠭᠠᠬᠢᠨ ᠪᠤᠳᠤᠭᠯᠠᠬᠤ ᠮᠣᠷᠢᠨ ᠤ ᠲᠤᠷᠭᠢᠬᠤ ᠴᠢᠮᠡᠭᠡ ᠬᠠᠶᠠ ᠨᠠᠭᠠᠰᠢᠯᠠᠨ ᠬᠠᠶᠠ ᠴᠠᠭᠠᠰᠢᠯᠠᠬᠤ ᠮᠥᠩᠬᠡ ᠶᠢᠨ ᠶᠤᠮ ᠰᠢᠭ ᠦᠯᠢᠭᠡᠷ ᠤᠳ ᠢ ᠶᠠᠭᠠᠬᠢᠨ ᠡᠮᠰᠡᠭᠯᠡᠨ ᠲᠤᠭᠤᠷᠪᠢᠬᠤ ᠭᠡᠵᠢᠭᠡ ᠶᠢ ᠠᠯᠳᠠᠷᠠᠭᠠᠬᠤ ᠰᠠᠯᠬᠢᠨ ᠳᠤᠮᠳᠠᠭᠤᠷ ᠲᠤᠭᠤᠴᠢᠨ ᠶᠠᠪᠤᠬᠤᠢ ᠳᠤ ᠠᠯᠠᠭ ᠲᠤᠩᠭ᠎ᠠ ︽ᠠᠳ᠂ ᠠᠳ︾ ᠬᠡᠮᠡᠨ ᠪᠠᠭ᠎ᠠ ᠨᠠᠰᠤ ᠶᠢ ᠠᠨᠢᠷᠲᠠᠭᠤᠯᠬᠤ ᠵᠦᠯᠭᠡᠨ ᠳᠡᠭᠡᠷ᠎ᠡ ᠨᠢᠳᠦ ᠪᠠᠨ ᠠᠨᠢᠨ ᠰᠡᠳᠬᠢᠯ ᠢᠶᠠᠨ ᠴᠢᠩᠨᠠᠨ ᠬᠡᠪᠲᠡᠬᠦᠢ ᠳᠤ ᠡᠵᠢ ᠶᠢᠨ ᠮᠢᠨᠢ ᠵᠥᠭᠡᠯᠡᠨ ᠠᠮᠢᠰᠬᠤᠭ᠎ᠠ ᠬᠠᠴᠠᠷ ᠢ ᠦᠨᠦᠰᠦᠨ ᠡᠩᠬᠦᠷᠡᠶᠢᠯᠡᠬᠦ ᠱᠠᠨᠵᠠᠨ ᠤ ᠠᠶᠠᠯᠭᠤ ᠮᠡᠲᠦ ᠨᠤᠲᠤᠭ ᠤᠨ ᠰᠠᠯᠬᠢᠨ ᠳᠤ ᠭᠠᠷᠬᠤᠢᠰᠢᠪᠠᠭᠤᠳ ᠨᠡᠭᠦᠭᠰᠡᠭᠡᠷ ᠢᠷᠡᠵᠦ ᠪᠠᠶᠢᠬᠤ ᠶᠢ ᠬᠠᠷᠠᠵᠤ ᠳᠣᠭᠳᠣᠯᠬᠤᠢ ᠰᠢᠨ᠎ᠡ ᠣᠨ ᠳᠡᠯᠭᠡᠷᠡᠭᠰᠡᠭᠡᠷ ᠪᠠᠶᠢᠭ᠎ᠠ ᠶᠢ  ᠪᠠᠭ᠋ᠠᠷᠬᠠᠵᠤ ᠵᠢᠰᠦ ᠪᠠᠨ ᠴᠢᠮᠡᠬᠦᠢ ᠠᠶᠢᠰᠤᠢ ᠴᠠᠭ ᠤᠨ ᠭᠠᠵᠠᠷ ᠤᠰᠤᠨ ᠤᠶᠠᠩᠭ᠎ᠠ ᠬᠥᠭᠵᠢᠮ ᠳᠤ ᠠᠷᠢᠭᠤᠰᠬᠤᠢ
 
ᠢᠷᠡᠯᠲᠡ᠄ ᠲᠤᠮᠳᠠᠳᠤ ᠤᠯᠤᠰ ᠤᠨ ᠮᠣᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号