ᠠᠳᠤᠭᠤᠨ ᠤ ᠲᠤᠬᠠᠢ ᠴᠡᠭᠡᠷ ᠶᠣᠰᠣ
ᠨᠡᠶᠢᠲᠡᠯᠡᠭᠰᠡᠨ ᠴᠠᠭ᠄
2024/5/15
     ᠮᠣᠩᠭᠤᠯᠴᠤᠳ ᠪᠤᠷᠤᠭᠤ ᠲᠠᠯ᠎ᠠ ᠶᠢᠨ ᠲᠠᠮᠠᠭ᠎ᠠ ᠪᠣᠯ ᠪᠠᠷᠠᠭᠳᠠᠵᠤ ᠶᠠᠳᠠᠭᠤᠷᠠᠬᠤ ᠶᠢᠨ ᠲᠡᠮᠳᠡᠭ ᠭᠡᠵᠦ ᠦᠵᠡᠳᠡᠭ ᠪᠣᠯᠬᠤᠷ ᠠᠳᠤᠭᠤᠨ ᠤ ᠪᠤᠷᠤᠭᠤ ᠲᠠᠰᠢᠶᠠᠨ ᠳᠡᠭᠡᠷ᠎ᠡ ᠲᠠᠮᠠᠭ᠎ᠠ ᠳᠠᠷᠤᠳᠠᠭ ᠦᠭᠡᠢ ᠶᠤᠮ᠃          ᠠᠳᠤᠭᠤᠨ ᠤ ᠲᠠᠮᠠᠭ᠎ᠠ ᠪᠠᠨ ᠭᠠᠳᠠᠭ᠎ᠠ ᠠᠳᠡ ᠲᠡᠨᠳᠡ ᠬᠠᠶᠠᠬᠤ ᠶᠢ ᠴᠡᠭᠡᠷᠯᠡᠵᠦ᠂ ᠵᠠᠪᠠᠯ ᠮᠣᠩᠭᠤᠯ ᠭᠡᠷ ᠤᠨ ᠢᠶᠠᠨ ᠬᠤᠶᠢᠲᠤ ᠲᠠᠯ᠎ᠠ ᠶᠢᠨ ᠤᠨᠢᠨ ᠳᠤ ᠨᠢ ᠬᠠᠳᠠᠭ ᠪᠥᠰ ᠢᠶᠠᠷ ᠣᠷᠢᠶᠠᠵᠤ ᠬᠠᠪᠴᠢᠭᠤᠯᠤᠨ ᠬᠠᠳᠠᠭᠠᠯᠠᠨ᠎ᠠ᠃ ᠠᠳᠤᠭᠤ ᠲᠠᠮᠠᠭᠠᠯᠠᠬᠤ ᠦᠶ᠎ᠡ ᠳᠤ ᠬᠡᠷᠡᠭᠦᠯ ᠵᠣᠳᠣᠭᠠᠨ ᠬᠢᠬᠦ ᠶᠢ ᠴᠡᠭᠡᠷᠯᠡᠨ᠂ ᠪᠡᠯᠭᠡ ᠮᠠᠭᠤᠲᠠᠢ ᠭᠡᠵᠦ ᠦᠵᠡᠳᠡᠭ᠃ ᠬᠠᠶᠢᠷᠠᠲᠠᠢ ᠠᠭᠲᠠ ᠮᠣᠷᠢ ᠪᠠ ᠣᠩᠭᠤᠯᠠᠵᠤ ᠲᠠᠷᠬᠠᠯᠠᠭᠰᠠᠨ ᠮᠣᠷᠢᠳ ᠢᠶᠠᠨ ᠬᠤᠳᠠᠯᠳᠤᠨ ᠶᠠᠪᠤᠭᠤᠯᠬᠤ ᠶᠢ ᠣᠨᠴᠠ ᠬᠢᠴᠢᠶᠡᠵᠦ᠂ ᠦᠬᠦᠨ ᠦᠬᠦᠲᠡᠯ᠎ᠡ ᠳᠣᠳᠣᠮᠳᠠᠨ ᠠᠷᠠᠴᠢᠯᠠᠳᠠᠭ᠃ ᠬᠡᠭᠡᠷ᠎ᠡ ᠬᠥᠳᠡᠭᠡ ᠶᠠᠪᠤᠵᠤ ᠪᠠᠶᠢᠬᠤ ᠳᠤ ᠮᠣᠷᠢᠨ ᠤ ᠬᠢᠯᠭᠠᠰᠤ ᠪᠠᠷ ᠬᠤᠯᠪᠣᠯᠳᠤᠭᠰᠠᠨ ᠬᠤᠮᠣᠯ ᠲᠠᠭᠠᠷᠠᠪᠠᠯ ᠲᠡᠭᠦᠵᠦ ᠠᠪᠤᠭᠠᠳ ᠮᠣᠩᠭᠤᠯ ᠭᠡᠷ ᠤᠨ ᠬᠠᠨ᠎ᠠ ᠶᠢᠨ ᠲᠣᠯᠣᠭᠠᠢ ᠠᠴᠠ ᠡᠯᠭᠦᠵᠦ ᠬᠠᠳᠠᠭᠠᠯᠠᠳᠠᠭ᠃ ᠡᠭᠦᠨ ᠢᠶᠠᠨ ᠠᠳᠤᠭᠤ  ᠦᠷᠡᠵᠢᠬᠦ ᠶᠢᠨ  ᠪᠡᠯᠭᠡ  ᠳᠡᠮᠪᠡᠷᠢᠯ  ᠢᠶᠠᠷ   ᠦᠵᠡᠳᠡᠭ᠃ ᠮᠣᠩᠭᠤᠯᠴᠤᠳ ᠮᠣᠷᠢᠨ ᠳᠤ ᠪᠠᠨ ᠮᠣᠷᠳᠠᠬᠤ ᠳᠤ ᠬᠡᠵᠢᠶ᠎ᠡ ᠴᠦ ᠵᠥᠪᠲᠡᠢ ᠲᠠᠯ᠎ᠠ ᠠᠴᠠ ᠨᠢ ᠮᠣᠷᠳᠠᠵᠤ᠂ ᠵᠥᠪᠲᠡᠢ ᠲᠠᠯ᠎ᠠ ᠤᠷᠤᠭᠤ ᠨᠢ ᠪᠠᠭᠤᠳᠠᠭ᠃ ᠠᠳᠤᠭᠤ ᠶᠢ ᠨᠠᠮᠤᠷ ᠤᠨ ᠨᠠᠢᠮᠠᠨ ᠰᠠᠷ᠎ᠠ ᠶᠢᠨ ᠰᠢᠨᠡᠳ ᠢᠶᠠᠷ ︽ᠨᠠᠮᠤᠷ ᠤᠨ ᠲᠠᠯᠠᠯᠭ᠎ᠠ ᠠᠪᠴᠤ ᠨᠣᠮ ᠤᠩᠰᠢᠬᠤ︾ ᠦᠶ᠎ᠡ ᠳᠤ ᠲᠡᠭᠷᠢ ᠳᠤ ᠰᠡᠲᠡᠷᠯᠡᠳᠡᠭ᠃ ᠰᠡᠲᠡᠷᠯᠡᠬᠦ ᠠᠳᠤᠭᠤᠨ ᠳᠤ ᠪᠠᠨ ᠠᠬᠢ ᠬᠦᠵᠢ ᠶᠢᠨ ᠰᠠᠩ ᠤᠭᠤᠭᠢᠭᠤᠯᠬᠤ ᠶᠢᠨ ᠬᠠᠮᠲᠤ ᠷᠠᠰᠢᠶᠠᠯᠠᠵᠤ᠂ ᠰᠡᠲᠡᠷ ᠢᠶᠠᠨ ᠵᠡᠭᠦᠯᠭᠡᠵᠦ᠂ ᠰᠦ ᠰᠠᠭᠠᠯᠢ ᠪᠠᠷ ᠮᠢᠯᠢᠶᠠᠭᠠᠳ ᠥᠩᠭᠡ ᠵᠢᠰᠦᠮ᠂ ᠨᠠᠰᠤ ᠵᠢᠯ ᠢ ᠨᠢ ᠳᠠᠭᠤᠳᠠᠨ ᠠᠴᠢ ᠭᠠᠪᠢᠶ᠎ᠠ ᠶᠢ ᠨᠢ ᠮᠠᠭᠲᠠᠵᠤ᠂ ᠲᠡᠭᠷᠢ ᠳᠤ ᠳᠠᠭᠠᠳᠬᠠᠭᠠᠳ ᠰᠦᠷᠦᠭ ᠲᠤ ᠨᠢ ᠲᠠᠯᠪᠢᠳᠠᠭ᠃ ᠤᠡᠭᠭᠤᠨ ᠲᠠᠷᠬᠠᠨ ᠠᠳᠤᠭᠤᠨ ᠤ ᠪᠠᠨ ᠲᠡᠯ ᠰᠡᠭᠦᠯ ᠠᠴᠠ ᠠᠪᠴᠤ᠂ ᠬᠠᠳᠠᠭ ᠲᠤ ᠪᠣᠭᠤᠵᠤ᠂ ᠬᠠᠨ᠎ᠠ ᠶᠢᠨ ᠲᠣᠯᠣᠭᠠᠢ ᠳᠤ ᠡᠯᠭᠦᠨ ᠲᠠᠬᠢᠵᠦ᠂ ᠬᠠᠶᠢᠷᠠᠲᠠᠢ ᠮᠠᠯ ᠤᠨ ᠢᠶᠠᠨ ᠠᠴᠢ ᠲᠤᠰᠠ ᠶᠢ ᠳᠤᠷᠠᠰᠤᠨ ᠮᠥᠷᠥᠭᠡᠳᠬᠦ ᠰᠡᠳᠬᠢᠯ ᠢᠶᠠᠨ ᠢᠯᠡᠳᠬᠡᠳᠡᠭ ᠪᠢᠯᠡ᠃
 
ᠢᠷᠡᠯᠲᠡ᠄ ᠰᠢᠯᠢ ᠶᠢᠨ ᠭᠣᠣᠯ ᠠᠢᠮᠠᠭ ᠤᠨ ᠵᠠᠬᠢᠷᠭ᠎ᠠ ᠶᠢᠨ ᠮᠣᠩᠭᠣᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号