ᠨᠣᠮ ᠪᠢᠴᠢᠭ ᠪᠣᠯ ᠪᠢᠳᠡᠨ ᠤ ᠬᠠᠮᠤᠭ ᠤᠨ ᠰᠠᠶᠢᠨ ᠪᠠᠭᠰᠢ ᠮᠥᠨ
ᠨᠡᠶᠢᠲᠡᠯᠡᠭᠰᠡᠨ ᠴᠠᠭ᠄
2024/5/9
      ᠡᠷᠲᠡ ᠤᠷᠢᠳᠤ ᠠᠴᠠ ᠠᠪᠤᠭᠠᠳ ᠥᠩᠭᠡᠷᠡᠭᠰᠡᠨ ᠤ ᠲᠡᠦᠬᠡᠨ ᠬᠡᠷᠡᠭ ᠤᠴᠢᠷ᠂ ᠥᠨᠥ ᠰᠢᠨ᠎ᠡ ᠴᠠᠭ ᠦᠶ᠎ᠡ ᠶᠢᠨ ᠬᠥᠭᠵᠢᠯᠲᠡ ᠬᠤᠪᠢᠷᠠᠯᠲᠠ᠂ ᠰᠣᠶᠣᠯ ᠰᠢᠨᠵᠢᠯᠡᠬᠦ ᠤᠬᠠᠭᠠᠨ ᠤ ᠮᠡᠳᠡᠯᠭᠡ ᠴᠢᠳᠠᠪᠤᠷᠢ ᠶᠢ ᠪᠢᠳᠡ ᠪᠦᠷ ᠨᠣᠮ ᠪᠢᠴᠢᠭ ᠳᠡᠭᠡᠷ᠎ᠡ ᠠᠴᠠ ᠦᠵᠡᠵᠦ ᠣᠶᠢᠯᠠᠭᠠᠨ ᠡᠵᠡᠮᠰᠢᠵᠦ ᠴᠢᠳᠠᠳᠠᠭ᠃ ᠬᠥᠮᠥᠨ ᠲᠥᠷᠥᠯᠬᠢᠲᠡᠨ ᠤ ᠨᠡᠶᠢᠭᠡᠮ ᠤᠨ ᠤᠷᠲᠤ ᠤᠳᠠᠭᠠᠨ ᠲᠡᠦᠬᠡ ᠶᠢᠨ ᠶᠠᠪᠤᠴᠠ ᠳᠤ ᠨᠣᠮ ᠪᠢᠴᠢᠭ ᠨᠢ ᠥᠪᠡᠷ ᠤᠨ ᠴᠢᠬᠤᠯᠠ ᠦᠢᠯᠡᠳᠦᠯ ᠢᠶᠠᠨ ᠦᠵᠡᠭᠦᠯᠦᠭᠰᠡᠭᠡᠷ ᠢᠷᠡᠭᠰᠡᠨ ᠪᠥᠭᠡᠳ ᠲᠡᠷᠡ ᠨᠢ ᠬᠥᠮᠥᠨ ᠲᠥᠷᠥᠯᠬᠢᠲᠡᠨ ᠤ ᠬᠠᠮᠤᠭ ᠤᠨ ᠰᠠᠶᠢᠨ ᠪᠠᠭᠰᠢ ᠶᠤᠮ᠃ ᠬᠥᠮᠥᠰ ᠮᠡᠳᠡᠬᠦ ᠦᠭᠡᠢ ᠴᠢᠳᠠᠬᠤ ᠦᠭᠡᠢ ᠵᠦᠢᠯ ᠢᠶᠠᠨ ᠨᠣᠮ ᠪᠢᠴᠢᠭ ᠠᠴᠠ ᠰᠤᠷᠤᠨ᠎ᠠ᠃ ᠦᠵᠡᠭᠡ ᠦᠭᠡᠢ ᠰᠣᠨᠣᠰᠤᠭ᠎ᠠ ᠦᠭᠡᠢ ᠰᠣᠨᠢᠨ ᠰᠠᠶᠢᠬᠠᠨ ᠪᠦᠬᠦᠨ ᠢ ᠨᠣᠮ ᠪᠢᠴᠢᠭ ᠬᠠᠮᠤᠭ ᠲᠡᠷᠢᠭᠦᠨ ᠳᠤ ᠨᠢ ᠬᠥᠮᠥᠰ ᠲᠤ ᠮᠡᠳᠡᠭᠦᠯᠵᠦ ᠥᠭᠭᠦᠨ᠎ᠡ᠃ ᠲᠡᠭᠡᠭᠡᠳ ᠬᠥᠮᠥᠰ ᠨᠣᠮ ᠪᠢᠴᠢᠭ ᠢ ᠦᠵᠡᠵᠦ ᠰᠤᠷᠤᠯᠴᠠᠨ᠂ ᠥᠪᠡᠷ ᠤᠨ ᠮᠡᠳᠡᠯᠭᠡ ᠴᠢᠳᠠᠪᠤᠷᠢ ᠪᠠᠨ ᠳᠡᠭᠡᠭᠰᠢᠯᠡᠭᠦᠯᠵᠦ ᠪᠠᠶᠢᠳᠠᠭ᠃ ︽ᠨᠣᠮ ᠪᠣᠯᠪᠠᠰᠤ ᠡᠮ ᠪᠣᠯᠠᠢ᠂ ᠬᠢᠨᠠᠮᠠᠭᠠᠢ ᠤᠩᠰᠢᠪᠠᠰᠤ ᠮᠤᠩᠬᠠᠭ ᠢ ᠵᠠᠰᠠᠮᠤᠢ︾ ᠭᠡᠰᠡᠨ ᠰᠠᠶᠢᠬᠠᠨ ᠦᠭᠡ ᠪᠠᠶᠢᠳᠠᠭ᠃ ᠮᠡᠳᠡᠯᠭᠡ ᠴᠢᠳᠠᠪᠤᠷᠢ ᠬᠤᠮᠰᠠ ᠪᠣᠯᠪᠠᠰᠤ ᠮᠤᠩᠬᠠᠭ ᠲᠤ ᠲᠣᠭᠠᠴᠠᠭᠳᠠᠨ᠎ᠠ᠃ ᠮᠤᠩᠬᠠᠭ ᠠᠴᠠ ᠠᠩᠭᠢᠵᠢᠷᠠᠶ᠎ᠠ ᠭᠡᠪᠡᠯ ᠨᠣᠮ ᠪᠢᠴᠢᠭ ᠢ ᠴᠠᠭ ᠢ ᠠᠮᠵᠢᠨ ᠢᠯᠡᠭᠦᠬᠡᠨ ᠤᠩᠰᠢᠬᠤ ᠬᠡᠷᠡᠭᠲᠡᠢ᠃           ︽ᠨᠣᠮ ᠪᠣᠯ  ᠶᠢᠷᠲᠢᠨᠴᠦ  ᠶᠢ ᠬᠠᠷᠠᠬᠤ  ᠴᠣᠩᠬᠤ  ᠮᠥᠨ︾  ᠭᠡᠳᠡᠭ᠃ ᠨᠣᠮ  ᠪᠢᠴᠢᠭ  ᠠᠴᠠ ᠰᠠᠯᠪᠠᠯ ᠬᠥᠮᠥᠰ  ᠶᠢᠷᠲᠢᠨᠴᠦ  ᠶᠢ  ᠬᠠᠷᠠᠬᠤ ᠪᠠᠶᠢᠲᠤᠭᠠᠢ᠂ ᠥᠪᠡᠷ ᠤᠨ ᠪᠡᠶ᠎ᠡ ᠪᠠᠨ ᠴᠤ ᠲᠣᠳᠣᠷᠬᠠᠢ ᠬᠠᠷᠠᠵᠤ ᠳᠡᠶᠢᠯᠬᠦ ᠦᠭᠡᠢ ᠬᠡᠮᠵᠢᠶᠡᠨ ᠳᠤ ᠬᠦᠷᠦᠨ᠎ᠡ᠃ ᠬᠥᠮᠥᠰ ︽ᠨᠣᠮ ᠪᠢᠴᠢᠭ︾ ᠭᠡᠳᠡᠭ ᠬᠠᠮᠤᠭ ᠤᠨ ᠶᠡᠭᠡ ᠮᠡᠳᠡᠯᠭᠡ ᠴᠢᠳᠠᠪᠤᠷᠢ ᠲᠠᠢ᠂ ᠬᠠᠮᠤᠭ ᠤᠨ ᠦᠨᠡᠨᠴᠢ ᠰᠢᠳᠤᠷᠭᠤ ᠪᠠᠭᠰᠢ ᠠᠴᠠ ᠪᠠᠨ ᠰᠠᠯᠪᠠᠯ ᠨᠢᠳᠦ ᠰᠣᠬᠤᠷ ᠴᠢᠬᠢ ᠳᠦᠯᠡᠢ ᠪᠣᠯᠵᠤ᠂ ᠠᠳᠤᠭᠤᠰᠤ  ᠠᠮᠢᠲᠠᠨ  ᠮᠡᠲᠦ  ᠠᠮᠢᠳᠤ  ᠪᠣᠳᠠᠰ  ᠤᠨ  ᠣᠷᠤᠨᠴᠠᠭ  ᠲᠡᠳᠦᠢ  ᠪᠣᠯᠣᠨ᠎ᠠ᠃ ᠶᠡᠭᠡ ᠵᠣᠬᠢᠶᠠᠯᠴᠢ ᠳ᠋᠊ · ᠨᠠᠴᠤᠭᠳᠣᠷᠵᠢ ︽ᠬᠠᠭᠤᠴᠢᠨ ᠬᠦᠦ︾ ᠭᠡᠬᠦ ᠠᠯᠳᠠᠷᠲᠤ ᠵᠣᠬᠢᠶᠠᠯ ᠳᠤ ᠪᠠᠨ᠄ ︽᠁ ᠥᠲᠡᠭᠦᠰ ᠬᠠᠭᠤᠴᠢᠳ ᠡᠨᠡ ᠬᠤᠶᠠᠷ ᠤᠨ ᠦᠭᠡᠨ ᠠᠴᠠ ᠪᠤᠰᠤ ᠦᠨᠡᠨ ᠶᠠᠭᠤᠮ᠎ᠠ ᠦᠭᠡᠢ᠂ ᠡᠪᠦᠯᠵᠢᠶ᠎ᠡ ᠵᠤᠰᠠᠯᠠᠩ ᠬᠠᠪᠤᠷᠵᠢᠶ᠎ᠠ ᠨᠠᠮᠤᠷᠵᠢᠶ᠎ᠠ ᠡᠨᠡ ᠳᠥᠷᠪᠡ ᠠᠴᠠ ᠥᠭᠡᠷ᠎ᠡ ᠶᠠᠪᠤᠬᠤ ᠭᠠᠵᠠᠷ ᠦᠭᠡᠢ᠂ ᠲᠡᠷᠲᠡᠭᠡ ᠠᠭᠤᠯᠠ ᠶᠢ ᠥᠩᠭᠡᠷᠡᠪᠡᠯ ᠠᠶᠢᠯ ᠦᠭᠡᠢ ᠭᠡᠵᠦ ᠪᠣᠳᠤᠵᠤ᠂ ᠲᠡᠭᠷᠢ ᠶᠢᠨ ᠬᠠᠶᠠᠭᠠᠨ ᠠᠴᠠ ᠴᠢᠨᠠᠭᠰᠢ ᠭᠠᠵᠠᠷ ᠦᠭᠡᠢ ᠭᠡᠵᠦ ᠰᠡᠳᠬᠢᠭᠰᠡᠭᠡᠷ ᠁︾ ᠭᠡᠬᠦ ᠵᠡᠷᠭᠡ ᠪᠠᠷ ᠪᠢᠴᠢᠭ ᠰᠣᠶᠣᠯ ᠦᠭᠡᠢ᠂ ᠲᠦᠭᠵᠢᠮᠡᠯ ᠪᠠᠶᠢᠳᠠᠯ ᠢ ᠨᠢᠳᠦᠨ ᠳᠤ ᠦᠵᠡᠭᠳᠡᠮ᠎ᠡ ᠰᠠᠶᠢᠬᠠᠨ ᠳᠦᠷᠰᠦᠯᠡᠭᠰᠡᠨ ᠪᠠᠶᠢᠳᠠᠭ᠃ ᠡᠶᠢᠮᠦᠷᠬᠦᠦ ᠪᠠᠶᠢᠳᠠᠯ ᠨᠢ ᠬᠡᠳᠦᠶᠢᠴᠢᠨᠡᠭᠡᠨ ᠭᠤᠨᠢᠭ ᠭᠤᠲᠤᠷᠠᠯᠲᠠᠢ ᠪᠢᠯᠡ︖     ᠶᠠᠮᠠᠷᠪᠠ ᠶᠡᠭᠡ ᠡᠷᠳᠡᠮᠲᠡᠨ ᠮᠡᠷᠭᠡᠵᠢᠯᠲᠡᠨ ᠤ ᠮᠡᠳᠡᠯᠭᠡ ᠴᠢᠳᠠᠪᠤᠷᠢ ᠶᠢ ᠠᠯᠢ ᠣᠯᠠᠨ ᠬᠥᠮᠥᠨ ᠳᠤ ᠤᠯᠠᠮᠵᠢᠯᠠᠨ ᠥᠭᠬᠦ ᠳᠤ ᠨᠣᠮ ᠪᠢᠴᠢᠭ ᠨᠢ ᠬᠠᠮᠤᠭ ᠤᠨ ᠰᠠᠶᠢᠨ ᠤᠯᠠᠮᠵᠢᠯᠠᠭᠴᠢ᠂ ᠪᠠᠭᠰᠢᠯᠠᠭᠴᠢ ᠪᠣᠯᠬᠤ ᠶᠤᠮ᠃ ᠪᠢᠳᠡ ᠨᠣᠮ ᠪᠢᠴᠢᠭ ᠢ ᠠᠷᠪᠢᠨ ᠤᠩᠰᠢᠪᠠᠯ ᠨᠣᠮ ᠪᠢᠴᠢᠭ ᠪᠢᠳᠡᠨ ᠤ ᠡᠮᠦᠨ᠎ᠡ ᠶᠢᠷᠲᠢᠨᠴᠦ ᠶᠢᠨ ᠰᠣᠨᠢᠨ ᠰᠡᠪᠡᠭᠦᠨ ᠢ ᠳᠡᠯᠭᠡᠵᠦ ᠥᠭᠭᠦᠨ᠎ᠡ᠃ ᠪᠢᠳᠡᠨ ᠢ ᠳᠠᠭᠠᠭᠤᠯᠤᠨ ᠦᠵᠡᠮᠵᠢᠲᠦ ᠰᠠᠶᠢᠬᠠᠨ ᠠᠭᠤᠯᠠ ᠤᠰᠤ ᠪᠠᠷ ᠲᠣᠭᠤᠷᠢᠭᠤᠯᠵᠤ᠂ ᠴᠢᠨᠠᠭᠰᠢᠯᠠᠪᠠᠯ ᠣᠷᠴᠢᠯᠠᠩ ᠰᠠᠨᠰᠠᠷ ᠢᠶᠠᠷ ᠨᠢᠰᠤᠨ ᠲᠣᠭᠤᠷᠢᠬᠤ ᠶᠤᠮ᠃           ︽ᠰᠤᠷᠤᠯᠴᠠᠬᠤ ᠪᠣᠯ ᠥᠪᠡᠷ ᠢ ᠪᠠᠨ ᠲᠡᠭᠦᠯᠳᠡᠷᠵᠢᠭᠦᠯᠬᠦ ᠶᠠᠪᠤᠳᠠᠯ ᠮᠥᠨ︾᠃ ᠮᠠᠬᠠᠪᠤᠳ ᠤᠨ ᠥᠰᠦᠯᠲᠡ ᠶᠢ ᠳᠠᠭᠠᠯᠳᠤᠨ ᠬᠥᠮᠥᠨ ᠨᠢ ᠥᠪᠡᠷ ᠤᠨ ᠣᠷᠣᠰᠢᠨ ᠲᠣᠭᠲᠠᠨᠢᠵᠤ ᠪᠠᠶᠢᠭ᠎ᠠ ᠣᠷᠴᠢᠨ ᠲᠣᠭᠤᠷᠢᠨ ᠠᠴᠠ ᠪᠠᠨ ᠠᠷᠪᠢᠨ ᠶᠠᠭᠤᠮ᠎ᠠ ᠶᠢ ᠤᠬᠠᠮᠰᠠᠷ ᠦᠭᠡᠢ ᠪᠠᠷ ᠬᠦᠯᠢᠶᠡᠨ ᠠᠪᠴᠤ ᠥᠪᠡᠷ  ᠢ  ᠪᠠᠨ ᠠᠭᠠᠵᠢᠮ ᠢᠶᠠᠷ ᠲᠡᠭᠦᠯᠳᠡᠷᠵᠢᠭᠦᠯᠬᠦ ᠪᠥᠭᠡᠳ ᠰᠡᠭᠦᠯᠳᠡᠵᠦ ᠢᠷᠡᠭᠡᠳ ᠤᠬᠠᠮᠰᠠᠷ ᠲᠠᠢ ᠪᠠᠷ ᠰᠤᠷᠤᠯᠴᠠᠵᠤ᠂ ᠮᠡᠳᠡᠯᠭᠡᠵᠢᠭᠡᠳ ᠳᠤᠲᠠᠭᠤ ᠳᠣᠷᠭᠤᠨ ᠢᠶᠠᠨ ᠨᠥᠬᠦᠪᠦᠷᠢᠯᠡᠳᠡᠭ ᠶᠤᠮ᠃ ᠨᠣᠮ ᠪᠢᠴᠢᠭ ᠪᠣᠯ ᠪᠢᠳᠡᠨ ᠤ ᠰᠠᠶᠢᠨ ᠪᠠᠭᠰᠢ ᠮᠥᠨ᠃ ᠡᠳᠦᠷ ᠲᠣᠳᠤᠮ ᠤᠨ ᠠᠮᠢᠳᠤᠷᠠᠯ ᠳᠤᠮᠳᠠ ᠬᠥᠮᠥᠰ ᠲᠤ ᠣᠯᠠᠨ ᠠᠷᠪᠢᠨ ᠪᠠᠭᠰᠢ ᠲᠣᠬᠢᠶᠠᠯᠳᠤᠳᠠᠭ ᠪᠣᠯᠪᠠᠴᠦ ᠬᠠᠮᠤᠭ ᠤᠨ ᠥᠷᠭᠡᠨ ᠳᠡᠯᠭᠡᠷ ᠮᠡᠳᠡᠯᠭᠡ ᠲᠠᠢ᠂ ᠭᠤᠶᠠᠴᠢ ᠦᠭᠡᠢ ᠪᠠᠷ ᠵᠢᠳᠬᠦᠳᠡᠭ ᠦᠨᠡᠨᠴᠢ ᠰᠢᠳᠤᠷᠭᠤ ᠪᠠᠭᠰᠢ ᠪᠣᠯ ᠬᠠᠰᠢ ᠯᠠ ᠨᠣᠮ ᠪᠢᠴᠢᠭ ᠮᠥᠨ᠃          ᠲᠡᠷᠡ ᠨᠢ ᠳᠠᠮ ᠪᠤᠶᠤ ᠰᠢᠭᠤᠳ ᠢᠶᠠᠷ ᠬᠥᠮᠥᠰ ᠲᠤ ᠪᠠᠭᠰᠢᠯᠠᠨ ᠬᠥᠮᠥᠰ ᠤᠨ ᠬᠠᠷᠠᠭ᠎ᠠ ᠶᠢ ᠨᠡᠭᠡᠭᠡᠵᠦ ᠥᠷᠭᠡᠵᠢᠭᠦᠯᠦᠭᠡᠳ ᠬᠥᠮᠥᠨ  ᠢ ᠥᠷᠭᠡᠨ ᠳᠡᠯᠭᠡᠷ ᠮᠡᠳᠡᠯᠭᠡ ᠲᠠᠢ ᠪᠣᠯᠭᠠᠭᠠᠳ ᠲᠡᠭᠦᠯᠳᠡᠷᠵᠢᠭᠦᠯᠵᠦ ᠪᠠᠶᠢᠳᠠᠭ᠃ ᠬᠡᠷᠪᠡ ᠪᠢᠳᠡ ᠡᠨᠡ ᠬᠦ ᠰᠠᠶᠢᠨ ᠪᠠᠭᠰᠢ ᠠᠴᠠ ᠪᠠᠨ ᠰᠠᠯᠪᠠᠯ ᠵᠡᠮᠳᠡᠭ᠂ ᠮᠤᠩᠬᠠᠭ ᠪᠣᠯᠣᠨ᠎ᠠ᠃ ᠣᠳᠣ ᠦᠶ᠎ᠡ ᠶᠢᠨ ᠰᠢᠨᠵᠢᠯᠡᠬᠦ ᠤᠬᠠᠭᠠᠨ ᠤ ᠨᠢᠭᠡ ᠪᠣᠯᠬᠤ ᠰᠣᠶᠣᠯ ᠬᠥᠮᠥᠨ ᠲᠥᠷᠥᠯᠬᠢᠲᠡᠨ ᠤ ᠣᠶᠣᠨ ᠤᠬᠠᠭᠠᠨ ᠳᠤ ︽ᠬᠥᠮᠥᠨ ᠤ ᠰᠡᠳᠬᠢᠬᠦᠢ ᠪᠠ ᠮᠡᠳᠡᠯᠭᠡ ᠶᠢᠨ ᠵᠠᠭᠪᠤᠷ ᠨᠢ ︵ᠬᠥᠮᠥᠨ﹀ ᠭᠡᠬᠦ ᠦᠭᠡ ᠶᠢᠨ ᠪᠦᠷᠢᠨ ᠪᠦᠲᠦᠨ ᠳᠤ ᠲᠤᠩ ᠴᠢᠬᠤᠯᠠ ᠦᠢᠯᠡᠳᠦᠯ ᠦᠵᠡᠭᠦᠯᠦᠨ᠎ᠡ︾ ᠭᠡᠵᠦ ᠬᠡᠯᠡᠭᠰᠡᠨ ᠪᠠᠶᠢᠳᠠᠭ᠃          ᠴᠠᠭ ᠢᠮᠠᠭᠲᠠ ᠴᠢᠨᠦ ᠬᠠᠵᠠᠭᠤ ᠳᠤ ᠮᠡᠳᠡᠯᠭᠡ ᠤᠯᠠᠮᠵᠢᠯᠠᠬᠤ ᠪᠠᠷ ᠪᠡᠯᠡᠬᠡᠨ ᠪᠠᠶᠢᠭ᠎ᠠ ᠬᠠᠮᠤᠭ ᠤᠨ ᠰᠠᠶᠢᠨ ᠪᠠᠭᠰᠢ ᠪᠣᠯ ᠨᠣᠮ ᠪᠢᠴᠢᠭ ᠮᠥᠨ᠃ ᠪᠢᠳᠡ ᠨᠣᠮ ᠪᠢᠴᠢᠭ ᠢ ᠰᠠᠶᠢᠲᠤᠷ ᠤᠩᠰᠢᠨ ᠪᠣᠳᠤᠵᠤ ᠲᠤᠩᠭᠠᠬᠤ ᠬᠡᠷᠡᠭᠲᠡᠢ᠃ ᠭᠡᠲᠡᠯ᠎ᠡ ᠡᠨᠡ ᠨᠢ ᠵᠦᠪᠬᠡᠨ ᠨᠣᠮ ᠪᠢᠴᠢᠭ ᠢ ᠯᠡ ᠦᠬᠦᠨ ᠰᠢᠲᠦᠭᠡᠳ ᠪᠤᠰᠤᠳ ᠶᠠᠭᠤᠮ᠎ᠠ ᠶᠢ ᠬᠠᠮᠢᠶᠠᠷᠬᠤ ᠦᠭᠡᠢ ᠪᠠᠶᠢᠬᠤ ᠨᠣᠮᠯᠠᠯ ᠤᠨ ᠦᠵᠡᠯ ᠢ ᠤᠬᠠᠭᠤᠯᠵᠤ ᠪᠠᠶᠢᠭ᠎ᠠ ᠪᠢᠰᠢ ᠶᠤᠮ᠃ ᠡᠶᠢᠮᠦ ᠠᠴᠠ ᠵᠠᠯᠠᠭᠤ ᠪᠠᠭᠠᠴᠤᠳ ᠢ ᠬᠦᠰᠡᠬᠦ ᠨᠢ᠂ ᠬᠠᠷᠠᠬᠠᠨ ᠪᠠᠭ᠎ᠠ ᠠᠴᠠ ᠪᠠᠨ ᠨᠣᠮ ᠪᠢᠴᠢᠭ ᠢᠯᠡᠭᠦᠦ ᠤᠩᠰᠢᠵᠤ᠂ ᠬᠢᠴᠢᠶᠡᠯ ᠰᠤᠷᠤᠯᠭ᠎ᠠ ᠳᠤ ᠪᠠᠨ ᠴᠢᠷᠮᠠᠶᠢᠵᠤ᠂ ᠡᠷᠳᠡᠮ ᠮᠡᠳᠡᠯᠭᠡ ᠪᠠᠷ ᠣᠶᠣᠨ ᠤᠬᠠᠭᠠᠨ ᠢᠶᠠᠨ ᠵᠡᠪᠰᠡᠭᠯᠡᠵᠦ᠂ ᠡᠬᠡ ᠤᠯᠤᠰ ᠠᠷᠠᠳ ᠲᠦᠮᠡᠨ ᠳᠤ ᠪᠠᠨ ᠬᠡᠷᠡᠭᠴᠡᠭᠡ ᠲᠠᠢ ᠬᠥᠮᠥᠨ ᠪᠣᠯᠵᠤ ᠶᠠᠪᠤᠭᠠᠷᠠᠢ︕
 
ᠢᠷᠡᠯᠲᠡ᠄ ᠰᠢᠯᠢ ᠶᠢᠨ ᠭᠣᠣᠯ ᠠᠢᠮᠠᠭ ‍ᠤᠨ ᠵᠠᠬᠢᠷᠭ᠎ᠠ ᠶᠢᠨ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号