ᠭᠠᠷ ᠤᠲᠠᠰᠤ ᠪᠠᠨ ᠲᠦᠷ ᠲᠠᠯᠪᠢᠭᠠᠴᠢ
ᠨᠡᠶᠢᠲᠡᠯᠡᠭᠰᠡᠨ ᠴᠠᠭ᠄
2024/5/9
     ᠮᠡᠳᠡᠭᠡᠵᠢ ᠲᠤᠰ ᠵᠠᠭᠤᠨ ᠤ ᠡᠬᠢᠨ ᠢᠶᠠᠷ ᠭᠠᠷ ᠤᠲᠠᠰᠤ ᠪᠢᠳᠡᠨ ᠤ ᠠᠮᠢᠳᠤᠷᠠᠯ ᠳᠤ ᠣᠷᠣᠵᠤ ᠢᠷᠡᠨ ᠬᠥᠮᠥᠰ ᠲᠤ ᠶᠡᠬᠡᠳᠡ ᠲᠦᠭᠦᠮ ᠦᠵᠡᠭᠦᠯᠦᠭᠰᠡᠨ ᠪᠠᠶᠢᠨ᠎ᠠ᠃ ᠥᠩᠭᠡᠷᠡᠭᠰᠡᠨ ᠳᠤ ᠬᠥᠮᠥᠰ ᠵᠠᠬᠢᠳᠠᠯ ᠴᠢᠮᠡᠭᠡ ᠪᠠᠷ ᠬᠠᠷᠢᠯᠴᠠᠨ ᠨᠡᠪᠲᠡᠷᠡᠳᠡᠭ ᠪᠠᠶᠢᠭᠰᠠᠨ ᠢᠶᠠᠨ ᠰᠡᠭᠦᠯᠡᠷ ᠨᠢ ᠭᠡᠷ ᠲᠤ ᠲᠠᠯᠪᠢᠳᠠᠭ ᠳ᠋ᠢᠶᠠᠩᠬᠤᠸᠠ ᠬᠥᠮᠥᠰ ᠤᠨ ᠠᠮᠢᠳᠤᠷᠠᠯ ᠳᠤ ᠶᠡᠬᠡᠳᠡ ᠲᠦᠭᠦᠮ ᠦᠵᠡᠭᠦᠯᠵᠦ ᠪᠠᠶᠢᠭᠰᠠᠨ ᠪᠣᠯ ᠭᠠᠷ ᠤᠲᠠᠰᠤ ᠭᠠᠷᠴᠤ ᠢᠷᠡᠭᠰᠡᠨ ᠠᠴᠠ ᠬᠤᠶᠢᠰᠢ ᠬᠥᠮᠥᠰ ᠬᠤᠭᠤᠷᠣᠨᠳᠤ ᠪᠠᠨ ᠬᠠᠷᠢᠯᠴᠠᠵᠤ ᠶᠠᠪᠤᠯᠴᠠᠬᠤ ᠳᠤ ᠨᠡᠩ ᠠᠮᠠᠷᠬᠠᠨ ᠪᠣᠯᠤᠭᠰᠠᠨ ᠮᠥᠷᠲᠡᠭᠡᠨ ᠰᠡᠭᠦᠯᠴᠢ ᠶᠢᠨ ᠦᠶ᠎ᠡ ᠳᠤ ᠤᠯᠠᠨ ᠠᠷᠪᠢᠨ ᠰᠤᠷᠠᠭ ᠵᠠᠩᠭᠢ ᠶᠢ ᠴᠦ ᠪᠦᠷ ᠭᠠᠷ ᠤᠲᠠᠰᠤᠨ ᠠᠴᠠ ᠬᠠᠷᠠᠬᠤ ᠪᠣᠯᠣᠯ᠎ᠠ᠃ ᠬᠠᠮᠢᠭ᠎ᠠ ᠭᠠᠵᠠᠷ ᠲᠤ ᠴᠦ ᠭᠠᠷ ᠤᠲᠠᠰᠤ ᠪᠠᠷ ᠬᠤᠭᠤᠷᠣᠨᠳᠤ ᠪᠠᠨ ᠬᠠᠷᠢᠯᠴᠠᠬᠤ᠂ ᠭᠠᠷ ᠤᠲᠠᠰᠤ ᠪᠠᠷ ᠰᠦᠯᠵᠢᠶᠡᠨ ᠳᠤ ᠭᠠᠷᠴᠤ ᠰᠣᠨᠢᠨ ᠮᠡᠳᠡᠭᠡ ᠦᠵᠡᠬᠦ᠂ ᠮᠠᠲ᠋ᠧᠷᠢᠶᠠᠯ ᠡᠷᠢᠬᠦ᠂ ᠬᠤᠳᠠᠯᠳᠤᠭ᠎ᠠ ᠮᠠᠶᠢᠮᠠᠢ ᠬᠢᠬᠦ᠂ ᠲᠣᠭᠠᠴᠠᠭ᠎ᠠ ᠬᠢᠬᠦ᠂ ᠲᠣᠭᠯᠠᠭᠠᠮ ᠲᠣᠭᠯᠠᠬᠤ ᠭᠡᠬᠦ ᠮᠡᠲᠦ ᠪᠠᠷ ᠤᠯᠠᠨ ᠠᠵᠢᠯ ᠬᠢᠵᠦ ᠪᠤᠯᠳᠠᠭ᠃ ᠭᠠᠷ ᠤᠲᠠᠰᠤ ᠪᠤᠢ ᠪᠣᠯᠤᠭᠰᠠᠨ ᠨᠢ ᠨᠡᠶᠢᠭᠡᠮ ᠤᠨ ᠬᠥᠭᠵᠢᠯᠲᠡ ᠶᠢ ᠲᠦᠷᠭᠡᠳᠬᠡᠵᠦ᠂ ᠬᠥᠮᠥᠨ ᠠᠷᠠᠳ ᠤᠨ ᠮᠡᠳᠡᠯᠭᠡ ᠮᠡᠳᠡᠴᠡ ᠶᠢ ᠥᠷᠭᠡᠳᠬᠡᠵᠦ᠂ ᠬᠥᠮᠥᠰ ᠤᠨ ᠠᠮᠢᠳᠤᠷᠠᠯ ᠳᠤᠮᠳᠠᠬᠢ ᠲᠤᠲᠠᠭᠳᠠᠵᠤ ᠪᠣᠯᠣᠰᠢ ᠦᠭᠡᠢ ᠬᠡᠷᠡᠭᠰᠡᠯ ᠪᠣᠯᠵᠤ ᠪᠤᠢ᠃           ᠭᠠᠷ ᠤᠲᠠᠰᠤᠨ ᠤ ᠡᠳᠡᠭᠡᠷ ᠤᠯᠠᠨ ᠦᠢᠯᠡᠳᠦᠯ ᠴᠢᠳᠠᠪᠬᠢ ᠨᠢ ᠬᠥᠮᠥᠰ ᠲᠤ ᠲᠦᠭᠦᠮ ᠦᠵᠡᠭᠦᠯᠵᠦ ᠪᠠᠶᠢᠪᠠᠴᠤ ᠬᠥᠮᠥᠰ ᠤᠨ ᠡᠳᠦᠷ ᠲᠤᠳᠤᠮ ᠤᠨ ᠠᠮᠢᠳᠤᠷᠠᠯ ᠳᠤᠮᠳᠠᠬᠢ ᠣᠯᠠᠩᠬᠢ ᠴᠠᠭ ᠢ ᠭᠠᠷ ᠤᠲᠠᠰᠤ ᠡᠵᠡᠯᠡᠭᠰᠡᠨ ᠠᠴᠠ ᠪᠣᠯᠵᠤ ᠬᠥᠮᠥᠨ ᠬᠥᠮᠥᠨ ᠤ ᠬᠤᠭᠤᠷᠤᠨᠳᠤᠬᠢ ᠬᠠᠷᠢᠯᠴᠠᠭ᠎ᠠ ᠶᠠᠪᠤᠯᠴᠠᠭ᠎ᠠ ᠠᠷᠠᠢ ᠴᠥᠭᠡᠨ ᠪᠣᠯᠤᠭᠰᠠᠨ ᠰᠢᠭ᠋ ᠰᠠᠨᠠᠭᠳᠠᠯ᠎ᠠ᠃ ᠠᠵᠢᠯ ᠠᠴᠠ ᠪᠠᠨ ᠪᠠᠭᠤᠵᠤ ᠭᠡᠷ ᠲᠤ ᠪᠠᠨ ᠬᠠᠷᠢᠭᠰᠠᠨ ᠬᠤᠶᠢᠨ᠎ᠠ ᠣᠯᠠᠩᠬᠢ ᠬᠥᠮᠥᠰ ᠭᠠᠷ ᠤᠲᠠᠰᠤᠨ ᠠᠴᠠ ᠪᠠᠨ ᠰᠠᠯᠵᠤ ᠲᠡᠶᠢᠯᠭᠦ ᠦᠭᠡᠢ ᠪᠠᠶᠢᠳᠠᠭ᠃ ᠭᠡᠷ ᠵᠠᠭᠤᠷ᠎ᠠ ᠪᠠᠨ ᠰᠢᠷᠡᠭᠡ ᠬᠠᠪᠴᠢᠵᠤ ᠰᠠᠭᠤᠭᠰᠠᠨ ᠬᠤᠶᠠᠭᠤᠯᠠ ᠳᠡᠮᠡᠢ ᠬᠡᠳᠦᠨ ᠦᠭᠡ ᠰᠣᠯᠢᠯᠴᠠᠬᠤ ᠦᠭᠡᠢ ᠥᠪᠡᠷ ᠥᠪᠡᠷ ᠤᠨ ᠭᠠᠷ ᠤᠲᠠᠰᠤᠨ ᠶᠢᠷᠲᠢᠨᠴᠦ ᠪᠠᠷ ᠢᠶᠠᠨ ᠲᠣᠭᠤᠷᠢᠳᠠᠭ ᠪᠣᠯᠤᠭᠰᠠᠨ︔ ᠠᠪᠤ ᠡᠵᠢ ᠪᠠᠨ ᠪᠣᠯᠭᠤᠭᠠᠬᠤ ᠪᠠᠷ ᠬᠦᠷᠴᠢᠬᠡᠭᠡᠳ ᠠᠪᠤ ᠡᠵᠢ ᠲᠠᠢ ᠪᠠᠨ ᠵᠣᠭᠤᠭᠳᠠᠵᠤ ᠰᠠᠭᠤᠬᠤ ᠴᠠᠭ ᠨᠢ ᠭᠠᠷ ᠤᠲᠠᠰᠤ ᠦᠵᠡᠬᠦ ᠴᠠᠭ ᠠᠴᠠ ᠬᠤᠯᠠ ᠪᠠᠭ᠎ᠠ ᠪᠠᠶᠢᠭ᠎ᠠ ᠨᠢ ᠵᠥᠩᠳᠡᠭᠡᠨ ᠬᠠᠷᠠᠭᠳᠠᠬᠤ ᠪᠣᠯᠤᠭᠰᠠᠨ︔ ᠦᠷ᠎ᠡ ᠬᠡᠦᠬᠡᠳ ᠢᠶᠠᠨ ᠰᠠᠭᠠᠲᠠᠭᠤᠯᠬᠤ ᠴᠠᠭ ᠨᠢ ᠴᠥᠭᠡᠷᠡᠵᠦ ᠭᠠᠷ ᠤᠲᠠᠰᠤ ᠪᠠᠷᠢᠵᠤ ᠰᠠᠭᠤᠬᠤ ᠴᠠᠭ ᠨᠢ ᠣᠯᠠᠳᠠᠭᠰᠠᠨ︔ ᠨᠠᠶᠢᠵᠠ ᠨᠥᠬᠦᠳ ᠤᠨ ᠬᠤᠭᠤᠷᠣᠨᠳᠤ ᠪᠠᠨ ᠭᠠᠷ ᠤᠲᠠᠰᠤ ᠪᠠᠷ ᠮᠡᠨᠳᠦᠴᠢᠯᠡᠨ ᠵᠣᠯᠭᠠᠵᠤ᠂ ᠠᠭᠤᠯᠵᠠᠵᠤ ᠤᠴᠠᠷᠠᠬᠤ ᠨᠢ ᠴᠥᠭᠡᠨ ᠪᠣᠯᠤᠭᠰᠠᠨ︔ ᠰᠠᠷ᠎ᠠ ᠰᠢᠨ᠎ᠡ ᠶᠢᠨ ᠮᠡᠨᠳᠦᠴᠢᠯᠡᠭᠡ ᠨᠢ ᠭᠠᠷ ᠤᠲᠠᠰᠤᠨ ᠤ ᠮᠡᠨᠳᠦᠴᠢᠯᠡᠭᠡ ᠪᠣᠯᠵᠤ᠂ ᠨᠡᠩ ᠴᠢᠨᠠᠭᠰᠢᠳᠠ ᠨᠡᠶᠢᠳᠡ ᠳᠤ ᠨᠢ ᠨᠢᠭᠡ ᠯᠠ ᠶᠠᠪᠤᠭᠤᠯᠬᠤ ᠭᠡᠯᠪᠡᠷᠢ ᠪᠠᠷ ᠤᠯᠠᠨ ᠳᠤ ᠮᠡᠨᠳᠦᠴᠢᠯᠡᠭᠡ ᠬᠦᠷᠭᠡᠬᠦ ᠪᠣᠯᠤᠭᠰᠠᠨ ᠁     ᠦᠨᠡᠨ ᠢ ᠬᠡᠯᠡᠪᠡᠯ ᠭᠠᠷ ᠤᠲᠠᠰᠤ ᠬᠥᠮᠥᠰ ᠤᠨ ᠠᠮᠢᠳᠤᠷᠠᠯ ᠳᠤ ᠤᠯᠠᠨ ᠲᠠᠯ᠎ᠠ ᠳᠤ ᠲᠦᠭᠦᠮ ᠦᠵᠡᠭᠦᠯᠵᠦ᠂ ᠠᠵᠢᠯ ᠤᠨ ᠠᠬᠢᠴᠠ ᠶᠢ ᠲᠦᠷᠭᠡᠳᠬᠡᠳᠡᠭ ᠰᠠᠶᠢᠨ ᠪᠠᠭᠠᠵᠢ ᠬᠡᠷᠡᠭᠰᠡᠯ ᠪᠠᠶᠢᠪᠠᠯ ᠵᠣᠬᠢᠨ᠎ᠠ᠃ ᠭᠡᠪᠡᠴᠦ ᠬᠡᠲᠦᠷᠬᠡᠢ ᠭᠠᠷ ᠤᠲᠠᠰᠤᠨ ᠳᠤ ᠨᠠᠶᠢᠳᠠᠵᠤ᠂ ᠤᠨᠲᠠᠬᠤ ᠠᠴᠠ ᠪᠤᠰᠤᠳ ᠴᠠᠭ ᠢᠶᠠᠨ ᠭᠠᠷ ᠤᠲᠠᠰᠤᠨ ᠳᠤ ᠪᠠᠷᠠᠪᠠᠯ ᠡᠰᠡᠷᠭᠦ ᠪᠠᠷ ᠬᠥᠮᠥᠰ ᠲᠤ ᠨᠠᠵᠠᠭᠠᠢ ᠨᠥᠯᠥᠭᠡ ᠠᠪᠴᠢᠷᠠᠵᠤ ᠪᠡᠶ᠎ᠡ ᠮᠠᠬᠠᠪᠤᠳ ᠤᠶᠤᠨ ᠰᠠᠨᠠᠭᠠᠨ ᠳᠤ ᠬᠤᠣᠷ ᠬᠥᠨᠥᠭᠡᠯ ᠪᠣᠯᠵᠤ᠂ ᠬᠡᠲᠦᠷᠬᠡᠢ ᠠᠰᠢᠭᠯᠠᠪᠠᠯ ᠬᠠᠷᠠᠭ᠎ᠠ ᠮᠠᠭᠤᠳᠠᠬᠤ᠂ ᠬᠦᠵᠦᠭᠦᠦ ᠰᠡᠭᠡᠷ ᠤᠨ ᠡᠪᠡᠳᠴᠢᠨ ᠣᠯᠬᠤ ᠬᠡᠮᠵᠢᠶᠡᠨ ᠳᠤ ᠬᠦᠷᠭᠡᠨ᠎ᠡ᠃         ᠤᠳᠤ ᠶᠢᠨ ᠨᠡᠶᠢᠭᠡᠮ ᠳᠤ ᠭᠠᠷ ᠤᠲᠠᠰᠤ ᠨᠢ ᠪᠢᠳᠡᠨ ᠤ ᠠᠵᠢᠯ ᠠᠮᠢᠳᠤᠷᠠᠯ ᠠᠴᠠ ᠰᠠᠯᠵᠤ ᠪᠣᠯᠣᠰᠢ ᠦᠭᠡᠢ ᠪᠠᠭᠠᠵᠢ ᠬᠡᠷᠡᠭᠰᠡᠯ ᠪᠣᠯᠵᠤ ᠪᠠᠶᠢᠪᠠᠴᠤ ᠭᠠᠷ ᠤᠲᠠᠰᠤ ᠶᠢ ᠬᠡᠷᠡᠭᠯᠡᠬᠦ ᠴᠢᠬᠤᠯᠠ ᠦᠭᠡᠢ ᠦᠶᠡᠰ ᠲᠤ ᠪᠠᠨ ᠨᠢᠳᠦ ᠪᠠᠨ ᠠᠮᠠᠷᠠᠭᠤᠯᠵᠤ᠂ ᠣᠶᠢᠷ᠎ᠠ ᠬᠠᠪᠢ ᠶᠢᠨ ᠢᠶᠠᠨ ᠬᠥᠮᠥᠨ ᠪᠣᠯᠣᠨ ᠣᠷᠴᠢᠨ ᠲᠣᠭᠤᠷᠢᠨ ᠳᠤ ᠪᠠᠨ ᠢᠯᠡᠭᠦᠬᠡᠨ ᠠᠩᠬᠠᠷᠤᠯ ᠢᠶᠠᠨ ᠲᠠᠯᠪᠢᠵᠤ ᠪᠠᠶᠢᠭᠠᠴᠢ︕ ᠠᠳᠡ ᠭᠠᠷ ᠤᠲᠠᠰᠤᠨ ᠠᠴᠠ ᠰᠣᠨᠢᠷᠬᠠᠯ ᠲᠠᠢ ᠵᠦᠢᠯᠡᠰ ᠪᠠᠰᠠ ᠪᠠᠶᠢᠵᠤ ᠮᠠᠭᠠᠳ⁈
 
ᠢᠷᠡᠯᠲᠡ᠄ ᠰᠢᠯᠢ ᠶᠢᠨ ᠭᠤᠣᠯ ᠤᠨ ᠡᠳᠦᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号