ᠪᠠᠯᠪᠠᠴᠢ ᠶᠢᠨ ᠷᠠᠰᠢᠶᠠᠨ
ᠨᠡᠶᠢᠲᠡᠯᠡᠭᠰᠡᠨ ᠴᠠᠭ᠄
2024/4/24
    ᠡᠷᠲᠡ ᠣᠷᠢᠲᠦ ᠶᠢᠨ ᠴᠠᠭ ᠲᠤ᠂ ᠠᠶᠤᠤᠯᠢᠬᠠᠢ ᠶᠢᠨ ᠭᠤᠪᠢ ᠳᠤ ᠬᠤᠶᠠᠷ ᠠᠩᠴᠢᠨ ᠨᠣᠮᠤ ᠰᠠᠭᠠᠳᠠᠭ ᠢᠶᠠᠨ ᠠᠭᠰᠠᠵᠤ ᠠᠪᠠᠯᠠᠨ ᠶᠠᠪᠤᠭᠰᠠᠭᠠᠷ ᠣᠷᠬᠢᠯ ᠦᠨᠳᠦᠷ ᠠᠮᠢᠰᠬᠤᠯ ᠰᠣᠷᠭᠤᠭ᠂ ᠪᠤᠭᠤ ᠣᠷᠤᠩᠨᠠᠵᠤ ᠪᠤᠯᠠᠭ ᠭᠤᠷᠴᠢᠭᠢᠨᠠᠭᠰᠠᠨ ᠪᠡᠷᠬᠡ ᠶᠢᠨ ᠰᠠᠶᠢᠬᠠᠨ ᠣᠷᠤᠨ ᠳᠤ ᠬᠦᠷᠬᠦ ᠳᠤ ᠪᠠᠨ ︽ᠲᠠᠭ᠂ ᠲᠠᠭ ᠁︾ ᠭᠡᠬᠦ ᠲᠠᠭᠤᠨ ᠢ ᠰᠣᠨᠤᠰᠴᠣ ᠨᠢᠭᠡ ᠨᠢ᠄ ︽ᠬᠦᠶ᠋ᠢ︕ ᠪᠠᠯᠪᠠᠵᠣ ᠪᠠᠶᠢᠨ᠎ᠠ︾ ᠭᠡᠬᠦ ᠳᠤ ᠨᠦᠬᠦᠭᠡ ᠨᠢ᠄ ︽ᠦᠭᠡᠢ᠂ ᠶᠠᠭ ᠡᠮ ᠨᠦᠳᠦᠵᠦ ᠪᠠᠶᠢᠬᠤ ᠰᠢᠭ᠋︾ ᠭᠡᠵᠤ ᠪᠠᠶᠠᠷᠯᠠᠨ ᠦᠭᠦᠯᠡᠬᠦ ᠳᠤ ᠨᠦᠭᠦᠭᠡ ᠨᠢ᠄ ︽ᠪᠣᠭᠤᠷᠣᠯ ᠡᠵᠢ ᠪᠠᠨ ᠡᠳᠡᠭᠡᠷᠡᠭᠦᠯᠦᠨ ᠪᠣᠰᠬᠠᠬᠤ ᠬᠤᠪᠤᠷ ᠠᠳᠢᠰ ᠴᠦ ᠪᠣᠯᠪᠠᠣ︖︾ ᠭᠡᠵᠣ ᠰᠡᠭᠦᠷᠡᠰᠣ ᠠᠯᠳᠠᠪᠠ ᠭᠡᠨ᠎ᠡ᠃ ᠤᠨ ᠵᠢᠯ ᠣᠳᠠᠭᠰᠠᠨ ᠦᠭᠡᠢ  ᠪᠠᠷ ᠡᠨᠡ ᠠᠭᠤᠯᠠᠨ ᠤ ᠪᠠᠷᠠᠭᠤᠨ ᠬᠤᠶᠢᠨᠠᠬᠢ ᠬᠤᠸᠠ ᠶᠢᠨ ᠬᠤᠶᠢᠲᠣ ᠰᠣᠵᠢᠭ ᠲᠤ ᠨᠢᠭᠡ ᠪᠤᠯᠠᠭ ᠤᠷᠭᠢᠯᠪᠠ᠃ ᠡᠭᠦᠨ  ᠠᠴᠠ ᠬᠤᠶᠢᠰᠢ ᠪᠠᠯᠪᠠᠭ᠋ᠤ ᠲᠠᠭᠤ ᠨᠢ ᠪᠤᠯᠠᠭ ᠤᠨ ᠪᠣᠷᠭᠢᠯᠭᠠᠨ ᠢᠶᠠᠷ ᠰᠣᠯᠢᠭᠳᠠᠵᠤ ᠭᠡᠨ᠎ᠡ᠃ ᠲᠡᠭᠡᠭᠡᠳ ᠨᠢᠭᠡᠨ ᠰᠢᠷ᠎ᠠ ᠪᠣᠷᠤ ᠶᠢᠨ ᠭᠡᠮ ᠲᠠᠢ ᠶᠠᠳᠠᠭᠤ ᠬᠦᠭᠰᠢᠨ ᠪᠤᠯᠠᠭ ᠠᠴᠠ ᠭᠠᠷ ᠢᠶᠠᠷ ᠢᠶᠠᠨ ᠪᠢᠳᠠᠭᠦᠯᠦᠨ ᠣᠣᠭᠤᠵᠤ᠂ ᠤᠯᠠᠶᠢᠭᠰᠠᠨ ᠨᠢᠳᠤᠨ ᠲᠡᠭᠡᠷ᠎ᠡ ᠪᠠᠨ ᠱᠠᠪᠰᠢᠭᠰᠠᠨ ᠳᠤ ᠡᠪᠡᠳᠦᠭᠰᠡᠨ ᠨᠢᠳᠦ ᠨᠢ ᠡᠳᠡᠭᠡᠷᠵᠤ ᠭᠡᠨ᠎ᠡ᠃ ᠲᠡᠭᠦᠨ ᠠᠴᠠ ᠬᠤᠶᠢᠰᠢ ᠡᠨᠡ ᠪᠤᠯᠠᠭ ᠢ ︽ᠪᠠᠯᠪᠠᠴᠢ ᠶᠢᠨ ᠷᠠᠰᠢᠶᠠᠨ︾ ᠭᠡᠵᠤ ᠨᠡᠷᠡᠯᠡᠯ᠎ᠡ ᠭᠡᠳᠡᠭ᠃  
 
ᠢᠷᠡᠯᠲᠡ᠄ ᠬᠤᠯᠪᠤᠭ᠎ᠠ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号