ᠨᠤᠲᠤᠭ ᠤᠨ ᠵᠠᠰᠠᠯ᠄ ᠬᠠᠯᠠᠭᠠᠢ
ᠨᠡᠶᠢᠲᠡᠯᠡᠭᠰᠡᠨ ᠴᠠᠭ᠄
2024/4/24
     ᠲᠠᠪᠤᠨ ᠰᠠᠷ᠎ᠠ ᠶᠢᠨ ᠬᠠᠯᠠᠭᠠᠢ ᠶᠢ ᠠᠷᠠᠳ ᠤᠨ ᠤᠯᠠᠮᠵᠢᠯᠠᠯᠲᠤ ᠡᠮᠴᠢᠯᠡᠭᠡᠨ ᠳᠤ ᠥᠷᠭᠡᠨ ᠬᠡᠷᠡᠭᠯᠡᠳᠡᠭ᠃ ᠡᠨᠡ ᠦᠶ᠎ᠡ ᠳᠤ ᠬᠠᠯᠠᠭᠠᠢ 25 ᠊᠊᠊᠊᠊ 30 ᠰᠡᠨᠲᠢᠮᠧᠳ᠋ᠷ ᠤᠷᠭᠤᠭᠰᠠᠨ ᠪᠠᠶᠢᠳᠠᠭ᠂ ᠲᠠᠪᠤᠨ ᠰᠠᠷ᠎ᠠ ᠶᠢᠨ ᠬᠠᠯᠠᠭᠠᠢ ᠶᠢ ᠬᠠᠲᠠᠭᠠᠵᠤ ᠡᠰᠡᠪᠡᠯ ᠰᠢᠭᠤᠳ ᠬᠡᠷᠡᠭᠯᠡᠵᠦ ᠪᠣᠯᠣᠨ᠎ᠠ᠃ ᠶᠡᠷᠦᠨᠢ ᠬᠠᠯᠠᠭᠠᠢ ᠶᠢ ᠵᠠᠪᠠᠯ ᠲᠠᠪᠤᠨ ᠰᠠᠷ᠎ᠠ ᠭᠡᠰᠡᠨ ᠦᠭᠡᠢ 8 ᠊᠊᠊᠊᠊ 9 ᠰᠠᠷ᠎ᠠ ᠳᠤ ᠴᠤ ᠲᠡᠭᠦᠨ ᠠᠪᠴᠤ ᠬᠠᠲᠠᠭᠠᠵᠤ ᠬᠡᠷᠡᠭᠯᠡᠵᠦ ᠪᠣᠯᠣᠨ᠎ᠠ᠃ ᠬᠠᠯᠠᠭᠠᠢ ᠶᠢ ᠵᠤᠨ ᠤ ᠰᠡᠬᠦᠯ᠂ ᠨᠠᠮᠤᠷ ᠤᠨ ᠡᠬᠢ ᠪᠠᠷ ᠬᠤᠷᠢᠶᠠᠨ ᠠᠪᠴᠤ ᠳᠠᠷᠤᠰᠢᠭᠤᠯᠤᠨ ᠵᠥᠪ ᠬᠠᠳᠠᠭᠠᠯᠠᠬᠤ ᠨᠢ ᠴᠢᠬᠤᠯᠠ ᠪᠠᠶᠢᠳᠠᠭ᠃ ᠬᠠᠯᠠᠭᠠᠢ ᠨᠢ ᠸᠢᠲ᠋ᠠᠮᠢᠨ C ᠊᠊᠊ K ᠪᠠᠷ ᠪᠠᠶᠠᠯᠢᠭ᠂ ᠤᠭᠤᠷᠠᠭ᠂ ᠲᠡᠮᠦᠷ᠂ ᠺᠠᠯᠼ᠂ ᠮᠠᠭᠨᠢ᠂ ᠴᠠᠶᠢᠷ ᠵᠡᠷᠭᠡ ᠡᠯᠧᠮᠧᠨ᠋ᠲ ᠤᠳ ᠶᠡᠭᠡ ᠬᠡᠮᠵᠢᠶ᠎ᠡ ᠪᠠᠷ ᠠᠭᠤᠯᠳᠠᠭ᠃ ᠴᠢᠰᠤ ᠳᠤᠲᠠᠳᠠᠭ ᠬᠥᠮᠥᠰ 500 ᠭᠷᠡᠮ ᠵᠥᠭᠡᠢ ᠶᠢᠨ ᠪᠠᠯ ᠳᠤ 100 ᠭᠷᠡᠮ ᠬᠠᠲᠠᠭᠠᠵᠤ ᠨᠤᠨᠳᠠᠭᠯᠠᠭᠰᠠᠨ ᠬᠠᠯᠠᠭᠠᠢ ᠶᠢ ᠬᠢᠵᠦ ᠨᠠᠶᠢᠷᠠᠭᠤᠯᠤᠨ᠂ ᠬᠤᠭᠤᠯᠠᠯᠠᠭᠰᠠᠨ ᠤ ᠳᠠᠷᠠᠭ᠎ᠠ ᠡᠳᠦᠷ ᠲᠤ ᠬᠠᠯᠪᠠᠭ᠎ᠠ ᠪᠠᠷ 3 ᠤᠳᠠᠭ᠎ᠠ ᠤᠤᠭᠤᠨ᠎ᠠ᠃ ᠡᠯᠢᠭᠡ ᠰᠥᠰᠥ ᠬᠤᠳᠣᠭᠤᠳᠤ ᠰᠢᠯᠤᠭᠤᠨ ᠭᠡᠳᠡᠰᠦᠨ ᠤ ᠰᠠᠯᠢᠰᠤᠲᠤ ᠶᠢᠨ ᠦᠷᠪᠢᠰᠦᠯ᠂ ᠨᠣᠶᠢᠷ ᠬᠤᠯᠵᠢᠬᠤ᠂ ᠤᠰᠤᠨ ᠬᠠᠪᠤᠩ ᠬᠥᠭᠡᠬᠦ᠂ ᠡᠮᠡᠭᠲᠡᠶᠢᠴᠦᠳ ᠤᠨ ᠰᠠᠪᠠᠨ ᠤ ᠡᠪᠡᠳᠴᠢᠨ ᠳᠤ ᠬᠠᠯᠠᠭᠠᠢ ᠶᠢ ᠥᠷᠭᠡᠨ ᠬᠡᠷᠡᠭᠯᠡᠨ᠎ᠡ᠃ ᠡᠭᠦᠨ ᠤ ᠲᠤᠯᠠᠳᠠ 200 ᠮᠢᠯᠢᠯᠢᠲ᠋ᠧᠷ ᠬᠠᠯᠠᠭᠤᠨ ᠤᠰᠤᠨ ᠳᠤ ᠬᠠᠲᠠᠭᠠᠵᠤ ᠨᠤᠨᠳᠠᠭᠯᠠᠭᠰᠠᠨ ᠨᠢᠭᠡ ᠬᠠᠯᠪᠠᠭ᠎ᠠ ᠬᠠᠯᠠᠭᠠᠢ ᠶᠢ ᠬᠢᠵᠦ 1 ᠴᠠᠭ ᠣᠷᠴᠢᠮ ᠢᠳᠡᠭᠡᠰᠢᠭᠦᠯᠵᠦ᠂ ᠡᠳᠦᠷ ᠲᠤ ᠭᠤᠷᠪᠠ ᠬᠤᠪᠢᠶᠠᠨ ᠬᠤᠭᠤᠯᠠᠨ ᠤ ᠳᠠᠷᠠᠭ᠎ᠠ ᠤᠤᠭᠤᠨ᠎ᠠ᠃ ᠠᠷᠠᠰᠤ ᠵᠢᠪᠬᠤᠭᠠᠵᠢᠭᠤᠯᠬᠤ ᠳᠤ ᠬᠠᠲᠠᠭᠠᠵᠤ ᠨᠤᠨᠳᠠᠭᠯᠠᠭᠰᠠᠨ ᠬᠠᠯᠠᠭᠠᠢ ᠠᠴᠠ 1 ᠊᠊᠊᠊᠊ 2 ᠬᠠᠯᠪᠠᠭ᠎ᠠ ᠶᠢ ᠠᠶᠠᠭᠠᠨ ᠳᠤ ᠬᠢᠵᠦ ᠬᠠᠯᠠᠭᠤᠨ ᠤᠰᠤ ᠪᠠᠷ ᠵᠢᠭᠤᠷᠠᠵᠤ 10 ᠮᠢᠨᠦ᠋ᠲ ᠢᠳᠡᠭᠡᠰᠢᠭᠦᠯᠦᠨ᠎ᠡ᠃ ᠬᠠᠯᠠᠭᠠᠢ ᠶᠢᠨ ᠪᠦᠯᠢᠶᠡᠨ ᠵᠤᠲᠠᠩ ᠢᠶᠠᠷ ᠨᠢᠭᠤᠷ ᠪᠣᠯᠣᠨ ᠬᠦᠵᠦᠭᠦᠨ ᠳᠡᠭᠡᠨ ᠲᠦᠷᠬᠢᠵᠦ 20 ᠊᠊᠊᠊᠊ 25 ᠮᠢᠨᠦ᠋ᠲ ᠤᠨ ᠳᠠᠷᠠᠭ᠎ᠠ ᠤᠰᠤ ᠪᠠᠷ ᠤᠬᠢᠶᠠᠨ᠎ᠠ᠃ ᠡᠶᠢᠨᠬᠦ ᠨᠢᠯᠬ᠎ᠠ ᠬᠠᠯᠠᠭᠠᠢ ᠶᠢᠨ ᠮᠠᠰᠺ ᠢ ᠪᠦᠬᠦ ᠲᠥᠷᠤᠯ ᠤᠨ ᠠᠷᠠᠰᠤ ᠠᠷᠠᠴᠢᠯᠠᠭᠠᠨ ᠳᠤ ᠬᠡᠷᠡᠭᠯᠡᠬᠦ ᠳᠤ ᠥᠩᠭᠡᠯᠢᠭ ᠪᠣᠯᠭᠠᠬᠤ ᠠᠴᠠ ᠭᠠᠳᠠᠨ᠎ᠠ ᠲᠡᠵᠢᠭᠡᠯ ᠥᠭᠬᠦ ᠰᠠᠶᠢᠨ ᠲᠠᠯ᠎ᠠ ᠲᠠᠢ᠃ ᠲᠠᠷᠢᠬᠢᠨ ᠤ ᠰᠤᠳᠠᠰᠤᠨ ᠤ ᠨᠠᠷᠢᠰᠤᠯ᠂ ᠦᠰᠦ ᠤᠨᠠᠯᠲᠠ ᠶᠢ ᠵᠣᠭᠰᠤᠭᠠᠬᠤ ᠵᠣᠷᠢᠯᠭ᠎ᠠ ᠪᠠᠷ ᠬᠠᠯᠠᠭᠠᠢ ᠶᠢᠨ ᠬᠠᠨᠳᠠ ᠪᠠᠷ ᠤᠬᠢᠶᠠᠵᠤ ᠱᠠᠪᠰᠢᠵᠤ ᠬᠡᠷᠡᠭᠯᠡᠵᠦ ᠪᠣᠯᠣᠨ᠎ᠠ᠃ ᠮᠥᠨ 200 ᠭᠷᠡᠮ ᠬᠠᠲᠠᠭᠠᠭᠰᠠᠨ ᠬᠠᠯᠠᠭᠠᠢ ᠶᠢ 300 ᠮᠢᠯᠢᠯᠢᠲ᠋ᠧᠷ ᠤᠰᠤᠨ ᠳᠤ ᠬᠢᠵᠦ ᠪᠤᠴᠠᠯᠭᠠᠨ 200 ᠮᠢᠯᠢᠯᠢᠲ᠋ᠧᠷ ᠬᠦᠷᠲᠡᠯ᠎ᠡ ᠢᠳᠡᠭᠡᠰᠢᠭᠦᠯᠦᠭᠡᠳ ᠰᠢᠩᠭᠡᠨ ᠢᠶᠠᠷ ᠨᠢ ᠦᠰᠦ ᠪᠣᠯᠣᠨ ᠬᠤᠶᠢᠬᠠᠨ ᠳᠠᠭᠠᠨ ᠰᠦᠷᠴᠢᠵᠦ ᠱᠠᠪᠰᠢᠵᠤ ᠬᠡᠷᠡᠭᠯᠡᠨ᠎ᠡ᠃ ᠰᠤᠳᠠᠰᠤᠨ ᠤ ᠨᠠᠷᠢᠰᠤᠯ ᠤᠨ ᠦᠶ᠎ᠡ ᠳᠤ ᠡᠮᠴᠢᠯᠡᠭᠡᠨ ᠤ ᠳ᠋ᠦᠩ ᠨᠢ ᠡᠳᠦᠷ ᠲᠤ 3 ᠴᠠᠭ ᠢᠶᠠᠷ 15 ᠮᠢᠨᠦ᠋ᠲ ᠲᠤᠲᠤᠮ ᠬᠤᠶᠢᠬᠠᠨ ᠳᠤ ᠰᠦᠷᠴᠢᠵᠦ 7 ᠬᠤᠨᠤᠭ ᠬᠡᠷᠡᠭᠯᠡᠭᠡᠳ 14 ᠬᠤᠨᠤᠭ ᠠᠮᠠᠷᠠᠨ᠎ᠠ᠃ ᠡᠮᠴᠢᠯᠡᠭᠡ ᠶᠢ ᠦᠷ᠎ᠡ ᠳ᠋ᠦᠩ ᠭᠠᠷᠲᠠᠯ᠎ᠠ ᠦᠷᠭᠦᠯᠵᠢᠯᠡᠭᠦᠯᠦᠨ᠎ᠡ᠃ ᠦᠰᠦᠨ ᠤ ᠴᠢᠨᠠᠷ ᠢ ᠳᠡᠭᠡᠭᠰᠢᠯᠡᠭᠦᠯᠬᠦ ᠳᠤ 7 ᠬᠤᠨᠤᠭ ᠲᠤ 2 ᠊᠊᠊᠊᠊ 3 ᠤᠳᠠᠭ᠎ᠠ ᠦᠰᠦᠨ ᠳᠡᠭᠡᠨ ᠰᠦᠷᠴᠢᠵᠦ ᠬᠡᠷᠡᠭᠯᠡᠨ᠎ᠡ᠃ ᠬᠠᠯᠠᠭᠠᠢ ᠲᠠᠢ ᠴᠠᠢ᠂ ᠬᠠᠯᠠᠭᠠᠢ ᠲᠠᠢ ᠬᠤᠱᠤᠤᠷ ᠬᠠᠪᠤᠷ ᠤᠨ ᠤᠯᠠᠷᠢᠯ ᠳᠤ ᠬᠦᠨᠡᠰᠦ ᠲᠡᠳᠦᠢ ᠦᠭᠡᠢ ᠠᠮᠢᠨ ᠳᠡᠮ ᠪᠣᠯᠣᠨ᠎ᠠ᠃ ᠬᠠᠳᠠᠭᠠᠯᠠᠭᠰᠠᠨ ᠬᠠᠯᠠᠭᠠᠢ ᠶᠢ ᠬᠠᠯᠠᠭᠠᠢ ᠴᠠᠢ᠂ ᠤᠮᠳᠠᠭᠠᠨ᠂ ᠬᠠᠯᠠᠭᠠᠢ ᠲᠠᠢ ᠬᠤᠱᠤᠤᠷ ᠭᠡᠬᠦ ᠮᠡᠲᠦ ᠪᠠᠷ ᠬᠦᠨᠡᠰᠦᠨ ᠳᠡᠭᠡᠨ ᠬᠡᠷᠡᠭᠯᠡᠵᠦ ᠪᠣᠯᠬᠤ ᠶᠤᠮ᠃ ᠬᠠᠯᠠᠭᠠᠢ ᠨᠢ ᠸᠢᠲ᠋ᠠᠮᠢᠨ C᠂ ᠤᠭᠤᠷᠠᠭ᠂ ᠲᠡᠮᠦᠷ ᠵᠡᠷᠭᠡ ᠡᠯᠪᠡᠭ ᠠᠭᠤᠯᠳᠠᠭ ᠲᠤᠯᠠ ᠱᠥᠯᠥᠨ ᠳᠤ᠂ ᠮᠥᠨ ᠪᠤᠤᠵᠠ᠂ ᠱᠠᠯᠪᠢᠩ ᠬᠢᠵᠦ ᠢᠳᠡᠬᠦ ᠳᠤ ᠶᠠᠳᠠᠷᠠᠭ᠎ᠠ ᠲᠠᠶᠢᠯᠳᠠᠭ ᠪᠢᠯᠡ᠃
 
ᠢᠷᠡᠯᠲᠡ᠄ ᠠᠯᠠᠱᠠ ᠠᠢᠮᠠᠭ ᠤᠨ ᠵᠠᠬᠢᠷᠭ᠎ᠠ ᠶᠢᠨ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号