ᠵᠦᠢᠷ ᠰᠡᠴᠡᠨ ᠦᠭᠡᠰ
ᠨᠡᠶᠢᠲᠡᠯᠡᠭᠰᠡᠨ ᠴᠠᠭ᠄
2024/4/18
ᠠᠷᠪᠢᠯᠠᠪᠠᠯ ᠠᠷᠪᠠᠨ ᠰᠠᠷ᠎ᠠ  ᠪᠦᠷᠢᠯᠭᠡᠪᠡᠯ ᠠᠭᠱᠠᠨ ᠵᠠᠭᠤᠷ᠎ᠠ  ᠰᠠᠷᠠᠨ ᠤ ᠭᠡᠷᠡᠯ ᠢ ᠡᠬᠦᠯᠡ ᠬᠠᠯᠬᠠᠯᠠᠳᠠᠭ  ᠰᠠᠷᠠᠭᠤᠯ ᠤᠬᠠᠭᠠᠨ ᠢ ᠠᠭᠤᠷ ᠪᠠᠯᠠᠶᠢᠷᠠᠭᠤᠯᠳᠠᠭ  ᠰᠠᠬᠢᠯᠭ᠎ᠠ ᠲᠠᠢ ᠬᠦᠮᠦᠨ ᠦᠭᠡᠳᠡᠯᠡᠨ᠎ᠡ  ᠰᠣᠷᠣᠯᠭ᠎ᠠ ᠲᠠᠢ ᠬᠦᠮᠦᠨ ᠳᠠᠪᠰᠢᠨ᠎ᠠ  ᠰᠠᠨᠳᠤᠷᠬᠤ ᠳᠤ ᠰᠠᠭᠠᠳ ᠤᠯᠠᠨ  ᠶᠠᠭᠠᠷᠠᠬᠤ ᠳᠤ ᠶᠠᠷᠰᠢᠭ ᠤᠯᠠᠨ  ᠮᠢᠩᠭᠠᠨ ᠠᠳᠤᠭᠤ ᠲᠠᠢ ᠶᠠᠪᠤᠭᠰᠠᠨ ᠠᠴᠠ  ᠮᠢᠩᠭᠠᠨ ᠠᠬ᠎ᠠ ᠳᠡᠬᠦᠦ ᠲᠠᠢ ᠶᠠᠪᠤᠭᠠᠷᠠᠢ  ᠰᠠᠭᠤᠭᠰᠠᠨ ᠬᠦᠮᠦᠨ ᠤᠯᠵᠠ ᠦᠭᠡᠢ  ᠬᠡᠪᠲᠡᠭᠰᠡᠨ ᠬᠦᠮᠦᠨ ᠳᠤ ᠭᠡᠰᠢᠭ ᠦᠭᠡᠢ  ᠪᠠᠷᠳᠠᠮ ᠦᠭᠡ ᠪᠠᠷ ᠰᠡᠴᠡᠨ ᠪᠣᠯᠳᠠᠭ ᠦᠭᠡᠢ  ᠪᠠᠯᠠᠮᠠᠳ ᠦᠢᠯᠡ ᠪᠠᠷ ᠪᠠᠭᠠᠲᠤᠷ ᠪᠣᠯᠳᠠᠭ ᠦᠭᠡᠢ  ᠠᠯᠳᠠᠭ᠎ᠠ ᠶᠢ ᠪᠠᠭ᠎ᠠ ᠠᠴᠠ ᠨᠢ ᠵᠠᠰᠠᠭᠠᠷᠠᠢ  ᠠᠮᠵᠢᠯᠲᠠ ᠶᠢ ᠴᠢᠷᠮᠠᠶᠢᠯᠭ᠎ᠠ ᠠᠴᠠ ᠡᠬᠢᠯᠡᠭᠡᠷᠡᠢ  ᠪᠣᠳᠣᠯ ᠤᠨ ᠬᠠᠷᠠᠩᠭᠤᠢ ᠳᠤ ᠨᠦᠬᠦᠷ ᠬᠤᠯᠠ  ᠰᠡᠳᠭᠢᠯ ᠤᠨ ᠬᠠᠷᠠᠩᠭᠤᠢ ᠳᠤ ᠢᠲᠡᠭᠡᠯ ᠬᠤᠯᠠ  ᠰᠣᠨᠣᠰᠤᠭᠰᠠᠨ ᠭᠠᠵᠠᠷ ᠤᠨ ᠰᠣᠪᠣᠳ ᠠᠴᠠ  ᠰᠠᠭᠤᠭᠰᠠᠨ ᠨᠤᠲᠤᠭ ᠤᠨ ᠰᠢᠷᠤᠢ ᠳᠡᠭᠡᠷ᠎ᠡ  ᠡᠷᠳᠡᠮ ᠲᠠᠢ ᠪᠣᠯᠪᠠᠴᠤ ᠳᠠᠷᠤᠤ ᠶᠠᠪᠤ  ᠡᠳ᠋ ᠪᠣᠯᠪᠠᠴᠤ ᠠᠷᠪᠢᠯᠠᠵᠤ ᠶᠠᠪᠤ  ᠶᠠᠪᠤᠬᠤ ᠶᠢᠨ ᠳᠠᠶᠢᠰᠤᠨ ᠵᠠᠯᠬᠠᠭᠤ  ᠰᠣᠷᠬᠤ ᠶᠢᠨ ᠳᠠᠶᠢᠰᠤᠨ ᠪᠠᠷᠳᠠᠮ  ᠠᠮᠵᠢᠯᠲᠠ ᠶᠢᠨ ᠱᠠᠲᠤ ᠴᠢᠷᠮᠠᠶᠢᠯᠭ᠎ᠠ  ᠢᠯᠠᠯᠲᠠ ᠶᠢᠨ ᠱᠠᠲᠤ ᠲᠡᠮᠡᠴᠡᠯ  ᠪᠣᠳᠣᠭᠰᠠᠨ ᠠᠷᠪᠠ ᠠᠴᠠ  ᠪᠦᠲᠦᠭᠡᠭᠰᠡᠨ ᠨᠢᠭᠡ ᠳᠡᠭᠡᠷ᠎ᠡ  ᠠᠯᠬᠤᠮ ᠠᠯᠬᠤᠮ ᠢᠶᠠᠷ ᠲᠦᠮᠡᠨ ᠭᠠᠵᠠᠷ ᠶᠠᠪᠤᠳᠠᠭ  ᠲᠤᠰᠤᠯ ᠲᠤᠰᠤᠯ ᠢᠶᠠᠷ ᠳᠠᠯᠠᠢ ᠲᠠᠩᠬᠢᠰ ᠪᠣᠯᠳᠠᠭ  
 
ᠢᠷᠡᠯᠲᠡ᠄ ᠬᠤᠯᠪᠤᠭ᠎ᠠ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号