| ᠮᠠᠨ ᠤ ᠮᠣᠩᠭᠤᠯ ᠠᠷᠠᠳ ᠤᠨ ᠵᠦᠢᠷ ᠰᠡᠴᠡᠨ ᠦᠭᠡᠨ ᠳᠤ ︽ᠠᠮᠢᠳᠤ ᠶᠠᠪᠤᠪᠠᠯ ᠠᠯᠲᠠᠨ ᠠᠶᠠᠭᠠᠨ ᠠᠴᠠ ᠤᠰᠤ | ᠤᠤᠭᠤᠨ᠎ᠠ︾ ᠬᠡᠳᠡᠭ ᠦᠭᠡ ᠪᠠᠶᠢᠳᠠᠭ᠂ ᠡᠨᠡ ᠦᠭᠡ ᠦᠨᠡᠨ ᠦᠭᠡ ᠠᠵᠤᠭᠤ᠃ ᠰᠢᠨ᠎ᠡ ᠴᠠᠭ ᠦᠶ᠎ᠡ ᠳᠤ ᠠᠯᠲᠠᠨ | ᠠᠶᠠᠭ᠎ᠠ ᠠᠴᠠ ︽ᠤᠰᠤ︾ ᠪᠢᠰᠢ᠂ ᠠᠮᠲᠠᠲᠤ ᠰᠠᠶᠢᠬᠠᠨ ︽ᠷᠠᠰᠢᠶᠠᠨ︾ ᠤᠤᠭᠤᠵᠤ ᠪᠠᠶᠢᠨ᠎ᠠ᠃ | ᠰᠢᠨ᠎ᠡ ᠴᠠᠭ ᠦᠶ᠎ᠡ ᠶᠢᠨ ᠬᠥᠳᠡᠭᠡ ᠨᠤᠲᠤᠭ ᠤᠨ ᠬᠥᠮᠥᠰ ᠦᠨᠡᠬᠡᠷ ᠵᠢᠷᠭᠠᠯᠲᠠᠢ᠃ ᠠᠮᠢᠳᠤᠷᠠᠯ ᠠᠬᠤᠢ ᠴᠢᠨᠡᠭᠡᠯᠢᠭ᠂ | ᠠᠳᠠᠯ ᠦᠢᠯᠡᠰ ᠣᠳᠣᠬᠢᠴᠢᠯᠠᠭᠰᠠᠨ᠂ ᠭᠡᠷᠡᠯᠲᠦᠭᠦᠯᠭᠡ᠂ ᠵᠠᠮ᠂ ᠲᠣᠣᠷ ᠰᠦᠯᠵᠢᠶ᠎ᠡ ᠨᠡᠪᠲᠡᠷᠡᠵᠤ᠂ ᠬᠤᠲᠠ ᠬᠥᠳᠡᠭᠡ ᠶᠢᠨ | ᠵᠥᠷᠢᠶ᠎ᠡ ᠶᠢ ᠮᠠᠰᠢ ᠶᠡᠭᠡ ᠬᠡᠮᠵᠢᠶ᠎ᠡ ᠪᠠᠷ ᠪᠠᠭᠠᠰᠬᠠᠭᠰᠠᠨ ᠪᠠᠶᠢᠨ᠎ᠠ᠃ ᠢᠳᠡᠵᠦ ᠤᠤᠭᠤᠬᠤ᠂ ᠦᠵᠡᠵᠦ ᠰᠤᠨᠤᠰᠬᠤ᠂ | ᠡᠮᠦᠰᠴᠦ ᠵᠡᠭᠦᠬᠦ ᠳᠤᠲᠠᠬᠤ ᠦᠭᠡᠢ᠂ ᠳᠠᠭᠠᠷᠠᠬᠤ ᠦᠭᠡᠢ᠂ ᠬᠠᠯᠠᠬᠤ ᠦᠭᠡᠢ᠂ ᠨᠣᠷᠬᠤ ᠦᠭᠡᠢ᠂ ᠴᠣᠬᠤᠮ | ᠰᠠᠨᠠᠭᠰᠠᠨ ᠢᠶᠠᠷ ᠢᠶᠠᠨ ᠵᠢᠷᠭᠠᠵᠤ ᠪᠠᠶᠢᠨ᠎ᠠ᠃ ᠡᠶᠢᠨ ᠬᠦ ︽ᠤᠷᠳᠦ ᠨᠠᠰᠤᠯᠠᠵᠤ ᠤᠳᠠᠭᠠᠨ ᠵᠢᠷᠭᠠᠬᠤ︾ ᠵᠢᠷᠭᠠᠯ ᠲᠠᠢ | ᠰᠠᠶᠢᠬᠠᠨ ᠬᠦᠰᠡᠯ ᠵᠡᠭᠦᠳᠦ ᠪᠠᠨ ᠪᠡᠶᠡᠯᠡᠭᠦᠯᠬᠦ ᠶᠢᠨ ᠲᠥᠯᠥᠭᠡ ᠢᠲᠡᠭᠡᠯ ᠳᠦᠭᠦᠷᠡᠩ ᠲᠡᠮᠡᠦᠯᠦᠨ᠎ᠡ᠃ | ᠡᠮᠡᠭᠡᠨ ᠪᠢᠳᠡ ᠬᠤᠶᠠᠭᠤᠯᠠ ᠪᠠᠨ ᠠᠷᠪᠠᠭᠠᠳ ᠵᠢᠯ ᠤᠨ ᠡᠮᠦᠨ᠎ᠡ᠂ ᠬᠦᠦ ᠪᠠᠨ ᠬᠥᠳᠡᠭᠡ ᠳᠤ ᠪᠠᠨ ᠲᠥᠪᠬᠢᠨᠡᠭᠦᠯᠵᠦ | ᠮᠠᠯ ᠰᠥᠷᠥᠭ᠂ ᠨᠤᠲᠤᠭ ᠪᠡᠯᠴᠢᠭᠡᠷ᠂ ᠬᠥᠷᠥᠩᠭᠡ ᠬᠤᠭᠰᠢᠯ ᠢᠶᠠᠨ ᠪᠦᠬᠦᠨ ᠢ ᠲᠤᠰᠢᠶᠠᠵᠤ᠂ ︽ᠠᠮᠠᠷᠠᠯᠲᠠ︾ ᠳᠤ ᠭᠠᠷᠴᠤ | ᠪᠢᠯᠡ᠃ ᠦᠷ᠎ᠡ ᠬᠤᠶᠢᠴᠢᠰ ᠲᠤ ᠪᠠᠨ ᠲᠤᠰᠢᠶᠠᠬᠤ ᠵᠣᠬᠢᠰᠲᠠᠢ ᠶᠠᠭᠤᠮ᠎ᠠ ᠪᠠᠨ ᠡᠷᠲᠡᠬᠡᠨ ᠲᠤᠰᠢᠶᠠᠬᠤ ᠴᠢᠬᠤᠯᠠᠲᠠᠢ᠃ | ᠨᠠᠰᠤᠲᠠᠶᠢᠴᠤᠳ ᠨᠢ ᠪᠡᠶ᠎ᠡ ᠰᠡᠳᠬᠢᠯ ᠠᠮᠤᠷᠴᠦ᠂ ᠦᠷ᠎ᠡ ᠬᠤᠶᠢᠴᠢᠰ ᠨᠢ ᠪᠡᠶ᠎ᠡ ᠪᠠᠨ ᠳᠠᠭᠠᠭᠠᠵᠤ ᠠᠳᠠᠯ | ᠠᠮᠢᠳᠤᠷᠠᠯ ᠢᠶᠠᠨ ᠵᠣᠬᠢᠴᠠᠭᠤᠯᠵᠤ ᠰᠤᠷᠤᠨ᠎ᠠ᠃ ᠠᠯᠢ ᠠᠯᠢᠨ ᠳᠤ ᠪᠠᠨ ᠪᠦᠷ ᠠᠰᠢᠭᠲᠠᠢ᠃ | ᠤᠳᠤ ᠪᠢᠳᠡᠨ ᠤ ᠠᠮᠢᠳᠤᠷᠠᠯ ᠤᠨ ᠬᠡᠪ ᠵᠠᠭᠪᠤᠷ ᠵᠣᠬᠢᠴᠠᠩᠭᠤᠢ ᠬᠡᠪᠰᠢᠭᠰᠡᠨ ᠪᠠᠶᠢᠳᠠᠯ ᠲᠠᠢ ᠶᠠᠪᠤᠭᠳᠠᠨ᠎ᠠ᠃ | ᠰᠤᠷᠭᠠᠭᠤᠯᠢ ᠴᠤᠭᠯᠠᠪᠠᠯ ᠪᠠᠯᠭᠠᠰᠤᠨ ᠤ ᠬᠥᠮᠥᠨ ᠪᠣᠯᠵᠤ᠂ ᠰᠤᠷᠭᠠᠭᠤᠯᠢ ᠴᠢᠯᠦᠭᠡ ᠲᠠᠯᠪᠢᠪᠠᠯ ᠬᠥᠳᠡᠭᠡ ᠶᠢᠨ ᠬᠥᠮᠥᠨ | ᠪᠣᠯᠴᠢᠬᠠᠨ᠎ᠠ᠃ ᠶᠠᠭ ᠯᠠ ᠨᠡᠭᠦᠳᠡᠯ ᠤᠨ ᠰᠢᠪᠠᠭᠤᠳ ᠰᠢᠭ᠋᠂ ᠨᠡᠭᠦᠳᠡᠯ ᠤᠨ ᠰᠢᠪᠠᠭᠤᠳ ᠵᠢᠯ ᠳᠤ ᠪᠠᠨ ᠨᠢᠭᠡ ᠢᠷᠡᠵᠤ | ᠶᠠᠪᠤᠬᠤ ᠳᠤ ᠪᠢᠳᠡ ᠬᠠᠷᠢᠨ ᠬᠤᠶᠠᠷ ᠢᠷᠡᠵᠤ ᠶᠠᠪᠤᠨ᠎ᠠ᠃ ᠭᠡᠬᠦ ᠳᠤ ᠨᠡᠭᠦᠳᠡᠯ ᠤᠨ ᠰᠢᠪᠠᠭᠤᠳ ᠰᠢᠭ᠋ ᠵᠦᠳᠡᠷᠡᠬᠦ | ᠶᠠᠭᠤᠮ᠎ᠠ ᠦᠭᠡᠢ᠂ ᠲᠡᠷᠭᠡᠨ ᠳᠤ ᠪᠠᠨ ᠰᠠᠭᠤᠵᠤ ᠬᠡᠳᠦᠨ ᠴᠠᠭ ᠳᠠᠪᠬᠢᠪᠠᠯ ᠬᠦᠷᠴᠢᠬᠡᠨ᠎ᠡ᠃ ᠬᠥᠳᠡᠭᠡ ᠨᠤᠲᠤᠭ ᠪᠣᠯ | ᠪᠢᠳᠡᠨ ᠤ ᠠᠮᠢᠳᠤᠷᠠᠯ᠂ ᠦᠢᠯᠡᠳᠪᠦᠷᠢᠯᠡᠯ ᠤᠨ ᠰᠠᠭᠤᠷᠢᠨ᠂ ᠭᠠᠯ ᠭᠤᠯᠣᠮᠲᠠ ᠠᠳᠡ ᠪᠤᠢ᠃ ᠬᠥᠭᠵᠢᠯᠲᠡ ᠶᠢᠨ ᠢᠷᠡᠭᠡᠳᠦᠢ | ᠠᠳᠡ ᠪᠤᠢ᠃ ᠬᠡᠦᠬᠡᠳ ᠪᠠᠭᠠᠴᠤᠤᠯ ᠴᠡᠴᠡᠷᠯᠢᠭ᠂ ᠰᠤᠷᠭᠠᠭᠤᠯᠢ ᠳᠤ ᠣᠷᠣᠵᠤ᠂ ᠨᠣᠮ ᠪᠢᠴᠢᠭ ᠰᠤᠷᠤᠨ᠎ᠠ᠃ | ᠨᠠᠰᠤᠲᠠᠶᠢᠴᠤᠳ ᠪᠠᠷ᠎ᠠ ᠪᠣᠯᠵᠤ ᠳᠡᠷᠭᠡᠳᠡ ᠨᠢ ᠰᠠᠭᠤᠭᠠᠳ ᠬᠤᠭᠤᠯᠠ ᠴᠠᠢ ᠪᠡᠯᠡᠳᠬᠡᠵᠦ᠂ ᠬᠦᠢᠲᠡᠨ ᠳᠤᠯᠠᠭᠠᠨ ᠢ ᠨᠢ | ᠲᠣᠬᠢᠷᠠᠭᠤᠯᠵᠤ ᠥᠭᠭᠦᠨ᠎ᠡ᠃ ᠴᠢᠯᠦᠭᠡ ᠵᠠᠪ ᠢᠶᠠᠷ ᠢᠶᠠᠨ ᠥᠯᠢᠬᠡᠷ ᠶᠠᠷᠢᠨ᠎ᠠ᠂ ᠨᠣᠮ ᠤᠩᠰᠢᠨ᠎ᠠ᠂ ᠲᠧᠯᠸᠢᠰ ᠦᠵᠡᠨ᠎ᠡ᠂ | ᠢᠨᠢᠶᠡᠵᠦ ᠨᠠᠭᠠᠳᠤᠨ᠎ᠠ᠃ ︽ᠢᠨᠢᠶᠡᠵᠦ ᠶᠠᠪᠤᠪᠠᠯ ᠡᠳᠦᠷ ᠤᠨ ᠵᠢᠷᠭᠠᠯ᠂ ᠨᠠᠭᠠᠳᠴᠤ ᠶᠠᠪᠤᠪᠠᠯ ᠨᠠᠰᠤᠨ ᠤ ᠵᠢᠷᠭᠠᠯ︾ | ᠭᠡᠳᠡᠭᠴᠢᠯᠡᠨ ᠡᠪᠦᠭᠡ ᠡᠮᠡᠭᠡ᠂ ᠣᠮᠪᠣᠯᠣ ᠳᠣᠮᠪᠣᠯᠤ ᠶᠢᠨ ᠠᠮᠢᠳᠤᠷᠠᠯ᠂ ᠢᠨᠢᠶᠡᠳᠦ᠂ ᠨᠠᠭᠠᠳᠤᠮ ᠠᠭᠤᠰᠤᠯᠴᠠᠵᠤ᠂ ᠬᠥᠮᠥᠨ | ᠲᠥᠷᠥᠯᠬᠢᠲᠡᠨ ᠤ ᠬᠠᠮᠤᠭ ᠤᠨ ᠰᠠᠶᠢᠬᠠᠨ ᠢ ᠪᠦᠲᠦᠭᠡᠨ᠎ᠡ᠃ | ᠪᠢᠳᠡ ᠪᠦᠭᠦᠳᠡᠭᠡᠷ ᠢᠶᠠᠨ ᠠᠳᠠᠯᠢᠬᠠᠨ᠂ ᠨᠠᠮ᠂ ᠨᠡᠶᠢᠭᠡᠮ ᠵᠢᠷᠤᠮ᠂ ᠴᠠᠭ ᠦᠶ᠎ᠡ ᠳᠤ ᠪᠠᠨ ᠬᠠᠶᠢᠷᠠᠲᠠᠢ᠃ ᠪᠢᠳᠡᠨ ᠤ | ᠥᠨᠥᠳᠥᠷ ᠤᠨ ᠠᠯᠢᠪᠠ ᠪᠦᠬᠦᠨ ᠢ ᠨᠠᠮ᠂ ᠨᠡᠶᠢᠭᠡᠮ ᠵᠢᠷᠤᠮ᠂ ᠴᠠᠭ ᠦᠶ᠎ᠡ ᠣᠯᠭᠤᠭᠰᠠᠨ ᠶᠤᠮ᠃ ᠪᠢᠳᠡ ᠬᠥᠳᠡᠭᠡ | ᠨᠤᠲᠤᠭ ᠲᠤ ᠪᠠᠨ ᠬᠠᠶᠢᠷᠠᠲᠠᠢ᠂ ᠬᠥᠳᠡᠭᠡ ᠨᠤᠲᠤᠭ ᠤᠨ ᠢᠶᠠᠨ ᠠᠤᠭ᠎ᠠ ᠶᠡᠭᠡ ᠬᠥᠭᠵᠢᠯᠲᠡ ᠬᠤᠪᠢᠷᠠᠯᠲᠠ ᠶᠢ | ᠬᠠᠶᠢᠷᠠᠯᠠᠵᠤ ᠬᠠᠮᠠᠭᠠᠯᠠᠨ᠎ᠠ᠃ ᠥᠪᠡᠷ ᠤᠨ ᠪᠤᠢ ᠪᠦᠬᠦᠢ ᠤᠶᠤᠨ ᠤᠬᠠᠭᠠᠨ᠂ ᠬᠦᠴᠦᠨ ᠴᠢᠳᠠᠯ ᠢᠶᠠᠨ ᠰᠢᠪᠬᠠᠵᠤ᠂ | ᠬᠥᠳᠡᠭᠡ ᠨᠤᠲᠤᠭ ᠢᠶᠠᠨ ᠪᠦᠲᠦᠭᠡᠨ ᠪᠠᠶᠢᠭᠤᠯᠵᠤ᠂ ᠣᠳᠣᠬᠢᠴᠢᠯᠠᠯᠲᠠ᠂ ᠬᠥᠴᠥᠷᠬᠡᠭᠵᠢᠯᠡᠯᠲᠡ ᠶᠢᠨ ᠬᠦᠰᠡᠯ ᠵᠡᠭᠦᠳᠦ ᠪᠠᠨ | ᠲᠡᠷᠭᠡᠯᠰᠢᠭᠦᠯᠬᠦ ᠶᠢᠨ ᠲᠥᠯᠥᠭᠡ ᠦᠶ᠎ᠡ ᠤᠯᠠᠷᠢᠨ ᠮᠡᠷᠡᠶᠢᠨ ᠲᠡᠮᠡᠴᠡᠨ᠎ᠡ᠃ | ᠬᠥᠳᠡᠭᠡ ᠨᠤᠲᠤᠭ ᠮᠢᠨᠢ ᠬᠥᠭᠵᠢᠯᠲᠡ ᠶᠢᠨ ᠵᠠᠮ ᠳᠤ ᠪᠠᠨ ᠣᠷᠣᠵᠠᠢ᠃ ᠨᠠᠮ ᠤᠨ ᠲᠦᠷᠦ ᠶᠢᠨ ᠪᠣᠳᠣᠯᠭ᠎ᠠ ᠶᠢᠨ | ᠠᠴᠢ ᠪᠠᠷ ᠨᠢᠭᠡ ᠯᠡ ᠮᠡᠳᠡᠬᠦ ᠳᠤ ᠥᠨᠳᠥᠷ ᠳᠠᠷᠤᠯᠲᠠᠲᠤ ᠴᠠᠬᠢᠯᠭᠠᠨ ᠳᠤᠯᠠᠯᠵᠠᠵᠤ᠂ ᠬᠤᠲᠠ ᠬᠥᠳᠡᠭᠡ ᠶᠢ ᠬᠤᠯᠪᠣᠭᠰᠠᠨ | ᠵᠠᠰᠠᠮᠠᠯ ᠵᠠᠮ ᠨᠡᠪᠲᠡᠷᠡᠵᠤ᠂ ᠤᠯᠠᠨ ᠵᠦᠢᠯ ᠤᠨ ᠲᠣᠣᠷ ᠰᠦᠯᠵᠢᠶ᠎ᠡ᠂ ᠴᠢᠮᠡᠭᠡ ᠬᠤᠯᠪᠤᠭ᠎ᠠ ᠲᠦᠭᠡᠮᠡᠯᠵᠢᠵᠦ᠂ ᠮᠠᠯᠴᠢᠨ | ᠲᠦᠮᠡᠨ ᠪᠦᠭᠦᠳᠡᠭᠡᠷ ᠢᠶᠠᠨ ᠬᠤᠲᠠ ᠶᠢᠨ ᠬᠥᠮᠥᠰ ᠰᠢᠭ ᠠᠮᠢᠳᠤᠷᠠᠬᠤ ᠪᠣᠯᠪᠠ᠃ ᠳᠡᠭᠡᠷ᠎ᠡ ᠵᠠᠭᠤᠨ ᠤ ᠨᠠᠶᠠᠭᠠᠳ ᠣᠨ ᠤ | ᠡᠬᠢᠨ ᠳᠤ ᠬᠥᠳᠡᠭᠡ ᠲᠤᠰᠬᠤᠨ ᠳᠤ ᠰᠠᠯᠬᠢᠨ ᠬᠦᠴᠦᠨ ᠤ ᠴᠠᠬᠢᠯᠭᠠᠨ ᠭᠠᠷᠭᠠᠬᠤ ᠮᠠᠰᠢᠨ ᠲᠦᠭᠡᠮᠡᠯᠵᠢᠵᠦ᠂ ᠤᠷᠲᠤ | ᠤᠳᠠᠭᠠᠨ ᠵᠢᠯ ᠵᠠᠷᠤᠵᠤ ᠬᠡᠷᠡᠭᠯᠡᠭᠰᠡᠨ ︽ᠮᠧᠶᠢᠶ᠋ᠢᠦ ᠳ᠋ᠧᠩ︾ ᠤᠨ ᠴᠠᠭ ᠦᠶ᠎ᠡ ᠶᠢ ᠣᠷᠣᠯᠠᠭᠰᠠᠨ ᠪᠣᠯ ᠰᠢᠨ᠎ᠡ ᠮᠢᠩᠭᠠᠨ ᠤ | ᠰᠢᠨ᠎ᠡ ᠵᠠᠭᠤᠨ ᠳᠤ ᠨᠢᠭᠡᠨᠲᠡ 40 ᠰᠢᠬᠠᠮ ᠵᠢᠯ ᠵᠠᠷᠤᠵᠤ ᠬᠡᠷᠡᠭᠯᠡᠭᠰᠡᠨ ︽ᠰᠠᠯᠬᠢᠨ ᠬᠦᠴᠦᠨ ᠤ ᠴᠠᠬᠢᠯᠭᠠᠨ︾ ᠤ ᠴᠠᠭ | ᠦᠶ᠎ᠡ ᠶᠢ ᠥᠨᠳᠥᠷ ᠳᠠᠷᠤᠯᠲᠠᠲᠤ ᠴᠠᠬᠢᠯᠭᠠᠨ ᠬᠦᠴᠦᠨ ᠣᠷᠣᠯᠠᠭᠰᠠᠨ ᠪᠠᠶᠢᠨ᠎ᠠ᠃ ᠡᠨᠡ ᠬᠦ ᠮᠠᠰᠢ ᠳᠥᠭᠦᠮᠬᠡᠨ | ᠮᠥᠷᠲᠡᠭᠡᠨ ᠬᠥᠮᠥᠨ ᠪᠦᠬᠦᠨ ᠤ ᠨᠢᠳᠦᠨ ᠳᠤ ᠦᠵᠡᠭᠳᠡᠵᠦ ᠭᠠᠷ ᠲᠤ ᠪᠠᠷᠢᠭᠳᠠᠮ᠎ᠠ ᠦᠨᠡᠨ ᠪᠣᠳᠠᠲᠤ ᠬᠡᠷᠡᠭ | ᠤᠴᠢᠷ ᠠᠴᠠ ᠬᠡᠷᠡᠯ ᠭᠡᠷᠡᠯᠲᠦᠭᠦᠯᠭᠡ ᠶᠢᠨ ᠬᠦᠴᠦᠨ ᠴᠢᠳᠠᠯ ᠨᠢ ᠴᠠᠭ ᠦᠶ᠎ᠡ᠂ ᠨᠡᠶᠢᠭᠡᠮ ᠤᠨ ᠬᠥᠭᠵᠢᠯᠲᠡ | ᠬᠤᠪᠢᠷᠠᠯᠲᠠ ᠳᠤ ᠥᠵᠡᠬᠦᠯᠬᠦ ᠠᠤᠭ᠎ᠠ ᠶᠡᠭᠡ ᠲᠦᠯᠬᠢᠴᠡ ᠦᠢᠯᠡᠳᠦᠯ ᠢ ᠮᠠᠰᠢ ᠲᠣᠳᠣᠷᠬᠠᠢ ᠢᠯᠡᠳᠬᠡᠨ᠎ᠡ᠃ ᠲᠡᠷᠡ | ᠮᠥᠷᠲᠡᠭᠡᠨ ᠬᠤᠪᠢᠷᠠᠯᠲᠠ ᠬᠥᠭᠵᠢᠯᠲᠡ ᠶᠢᠨ ᠰᠦᠷ ᠬᠦᠴᠦᠨ ᠨᠢ ᠡᠭᠡᠭᠡ ᠯᠡ ᠳᠠᠯᠠᠢ ᠶᠢᠨ ᠳᠠᠪᠠᠯᠭᠠᠨ ᠮᠡᠲᠦ ᠠᠷᠤ ᠶᠢᠨ | ᠬᠢᠨᠢ ᠳᠠᠪᠠᠯᠭᠠᠨ ᠡᠮᠦᠨ᠎ᠡ ᠳᠠᠪᠠᠯᠭᠠᠨ ᠢᠶᠠᠨ ᠳᠠᠷᠤᠵᠤ ᠤᠯᠠᠮ ᠠᠴᠠ ᠤᠯᠠᠮ ᠬᠦᠴᠦᠲᠡᠢ ᠪᠥᠭᠡᠳ ᠳᠣᠯᠭᠢᠨ ᠪᠠᠶᠢᠳᠠᠭ ᠢ | ᠬᠠᠷᠠᠭᠤᠯᠵᠤ᠂ ︽ᠬᠠᠭᠤᠴᠢᠨ ᠨᠢ ᠤᠯᠠ ᠪᠣᠯᠵᠤ᠂ ᠰᠢᠨ᠎ᠡ ᠨᠢ ᠵᠤᠯᠠ ᠪᠤᠯᠳᠠᠭ︾ ᠤᠨ ᠤᠴᠢᠷ ᠶᠣᠰᠣ ᠶᠢ ᠲᠠᠬᠢᠨ ᠳᠠᠪᠲᠠᠨ | ᠥᠭᠦᠯᠡᠨ᠎ᠡ᠃ | ᠤᠳᠤ ᠬᠥᠳᠡᠭᠡ ᠨᠤᠲᠤᠭ ᠲᠤ ᠤᠤᠭᠤᠬᠤ ᠤᠰᠤ ᠪᠠᠨ ᠳᠠᠮᠨᠠᠵᠤ ᠤᠤᠭᠤᠳᠠᠭ ᠤᠯᠠᠮᠵᠢᠯᠠᠯᠲᠤ ᠦᠵᠡᠭᠳᠡᠯ ᠪᠠᠷ᠎ᠠ | ᠲᠠᠰᠤᠷᠠᠵᠤ᠂ ᠳᠣᠣᠷ᠎ᠠ ᠳᠠᠪᠬᠤᠷᠭ᠎ᠠ ᠶᠢᠨ ᠹᠯᠤᠷ ᠤᠨ ᠠᠭᠤᠯᠤᠭᠳᠠᠴᠠ ᠪᠠᠭ᠎ᠠ ᠴᠡᠪᠡᠷ ᠲᠤᠩᠭᠠᠯᠠᠭ ᠤᠰᠤ ᠤᠤᠭᠤᠬᠤ | ᠪᠣᠯᠵᠠᠢ᠃ ᠮᠠᠨ ᠤ ᠬᠢᠨ ᠬᠡᠳᠦᠨ ᠵᠢᠯ ᠤᠨ ᠡᠮᠦᠨ᠎ᠡ ᠬᠤᠷᠢᠭᠠᠳ ᠭᠠᠵᠠᠷ ᠤᠨ ᠬᠤᠯᠠ ᠠᠴᠠ ᠲᠠᠲᠠᠵᠤ ᠣᠷᠣᠭᠤᠯᠤᠭᠰᠠᠨ | ᠲᠦᠭᠡᠭᠡᠯ ᠤᠰᠤ ᠤᠤᠭᠤᠵᠤ ᠪᠠᠶᠢᠨ᠎ᠠ︔ ᠮᠠᠯᠴᠢᠳ ᠬᠤᠪᠣᠭᠤ ᠪᠠᠷ ᠮᠠᠯ ᠤᠰᠤᠯᠠᠬᠤ ᠪᠠᠨ ᠪᠠᠶᠢᠭᠰᠠᠨ᠂ ᠨᠢᠭᠡ ᠯᠡ | ᠳᠠᠷᠤᠪᠴᠢ ᠳᠠᠷᠤᠪᠠᠯ ᠤᠰᠤ ᠮᠡᠯᠲᠡᠭᠡᠨᠡᠨ ᠣᠨᠳᠣᠷᠴᠤ ᠣᠩᠭᠤᠴᠠ ᠪᠢᠯᠬᠠᠷᠠᠨ᠎ᠠ︔ ᠮᠠᠯᠴᠢᠨ ᠪᠦᠰᠡᠭᠦᠶᠢᠴᠦᠳ | ᠦᠨᠢᠶ᠎ᠡ ᠪᠠᠨ ᠮᠠᠰᠢᠨ ᠢᠶᠠᠷ ᠰᠠᠭᠠᠵᠤ᠂ ᠠᠷᠭᠠᠯ ᠪᠠᠭᠠᠰᠤ ᠪᠠᠨ ᠮᠠᠰᠢᠨ ᠲᠡᠷᠭᠡ ᠪᠠᠷ ᠲᠡᠬᠡᠬᠡᠳᠡᠭ ᠪᠣᠯᠵᠠᠢ︔ ᠬᠤᠨᠢ | ᠬᠠᠶᠢᠴᠢᠯᠠᠬᠤ᠂ ᠢᠮᠠᠭ᠎ᠠ ᠰᠠᠮᠨᠠᠬᠤ ᠪᠠᠨ ᠴᠦ ᠪᠦᠷ ᠮᠠᠰᠢᠨᠴᠢᠯᠠᠵᠤ᠂ ᠬᠥᠮᠥᠨ ᠮᠠᠯ ᠵᠣᠪᠠᠵᠤ ᠵᠦᠳᠡᠷᠡᠬᠦ ᠦᠭᠡᠢ ᠪᠣᠯᠵᠠᠢ᠃ | ᠡᠨᠡ ᠪᠦᠬᠦᠨ ᠪᠣᠯ ᠪᠦᠷ ᠦᠢᠯᠡᠳᠪᠦᠷᠢᠯᠡᠯ ᠤᠨ ᠬᠦᠴᠦᠨ ᠤ ᠤᠷᠢᠳ ᠡᠮᠦᠨ᠎ᠡ ᠪᠠᠶᠢᠭ᠎ᠠ ᠦᠭᠡᠢ ᠠᠤᠭ᠎ᠠ ᠶᠡᠭᠡ | ᠴᠢᠯᠦᠭᠡᠯᠡᠯᠲᠡ ᠪᠠ ᠬᠥᠭᠵᠢᠯᠲᠡ ᠭᠡᠵᠦ ᠬᠡᠯᠡᠬᠦ ᠶᠣᠰᠣᠲᠠᠢ᠃ | ᠬᠥᠳᠡᠭᠡ ᠨᠤᠲᠤᠭ ᠤᠨ ᠰᠣᠶᠣᠯ ᠤᠨ ᠠᠮᠢᠳᠤᠷᠠᠯ ᠤᠨ ᠬᠢᠷᠢ ᠲᠦᠪᠰᠢᠨ ᠦᠳᠲᠡᠷ ᠲᠦᠷᠭᠡᠨ ᠬᠥᠭᠵᠢᠵᠦ ᠪᠤᠢ᠃ | ᠤᠳᠤᠨ ᠲᠧᠯᠸᠢᠰ᠂ ᠷᠠᠳᠢᠣ᠋ ᠨᠡᠪᠲᠡᠷᠡᠭᠦᠯᠭᠡ ᠶᠢᠨ ᠳᠠᠮᠵᠢᠭᠤᠯᠭ᠎ᠠ᠂ ᠢᠨᠲ᠋ᠧᠷ ᠰᠦᠯᠵᠢᠶ᠎ᠡ᠂ ᠴᠢᠮᠡᠭᠡ ᠬᠤᠯᠪᠤᠭ᠎ᠠ᠂ ᠠᠯᠤᠰ | ᠡᠵᠡᠮᠳᠡᠬᠦᠷ ᠪᠤᠢ᠃ ᠬᠠᠯᠠᠭᠤᠨ ᠪᠦᠯᠢ ᠪᠠᠷ ᠢᠶᠠᠨ ᠬᠠᠮᠲᠤ ᠳᠤ ᠪᠠᠨ ᠰᠠᠭᠤᠵᠤ᠂ ᠤᠯᠤᠰ ᠣᠷᠣᠨ᠂ ᠳᠡᠯᠡᠬᠡᠢ ᠨᠡᠶᠢᠲᠡ ᠶᠢᠨ | ᠬᠠᠮᠤᠭ ᠤᠨ ᠰᠣᠨᠢᠨ ᠰᠠᠶᠢᠬᠠᠨ ᠢ ᠴᠠᠭ ᠳᠠᠷᠤᠢ ᠳᠤ ᠨᠢ ᠦᠵᠡᠵᠦ ᠰᠣᠨᠣᠰᠤᠨ᠎ᠠ᠃ ᠨᠠᠷᠠᠨ ᠳᠤ ᠬᠠᠯᠠᠬᠤ ᠦᠭᠡᠢ᠂ | ᠰᠠᠯᠬᠢᠨ ᠳᠤ ᠴᠣᠬᠢᠭᠳᠠᠬᠤ ᠦᠭᠡᠢ᠂ ᠳᠠᠭᠠᠷᠠᠵᠤ ᠪᠡᠭᠡᠷᠡᠬᠦ ᠦᠭᠡᠢ᠂ ᠥᠯᠥᠰᠴᠦ ᠤᠮᠳᠠᠭᠠᠰᠬᠤ ᠦᠭᠡᠢ᠂ ᠭᠡᠷ ᠲᠤ ᠪᠠᠨ | ᠲᠠᠭᠠᠲᠠᠶᠢᠬᠠᠨ ᠰᠠᠭᠠᠲᠠᠵᠤ᠂ ᠳᠡᠯᠡᠬᠡᠢ ᠶᠢᠨ ᠣᠯᠢᠮᠫᠢᠺ ᠤᠨ ᠲᠠᠮᠢᠷ ᠤᠨ ᠴᠤᠭᠯᠠᠭᠠᠨ᠂ ᠨᠤᠲᠤᠭ ᠣᠷᠣᠨ ᠤ ᠪᠠᠨ ᠨᠠᠶᠢᠷ | ᠨᠠᠭᠠᠳᠤᠮ ᠢ ᠦᠵᠡᠵᠦ ᠰᠣᠨᠢᠷᠬᠠᠨ᠎ᠠ᠃ ᠭᠠᠷ ᠤᠲᠠᠰᠤ ᠬᠥᠮᠥᠨ ᠪᠦᠬᠦᠨ ᠤ ᠬᠡᠷᠡᠭᠯᠡᠬᠦ ᠬᠡᠷᠡᠭᠰᠡᠯ ᠪᠣᠯᠵᠤ᠂ ᠠᠯᠢ | ᠬᠡᠷᠡᠭᠴᠡᠭᠡᠲᠡᠢ᠂ ᠠᠯᠢ ᠪᠠᠴᠢᠮ ᠲᠤᠯᠭᠠᠮ᠎ᠠ ᠵᠦᠢᠯᠡᠰ ᠢᠶᠠᠨ ᠲᠡᠷᠡᠬᠡᠨ ᠵᠠᠭᠤᠷ᠎ᠠ ᠶᠢᠨ ᠬᠤᠭᠤᠷᠣᠨᠳᠤ ᠰᠢᠢᠳᠪᠦᠷᠢᠯᠡᠨ᠎ᠡ᠃ | ᠡᠨᠡ ᠤᠳᠠᠭᠠᠨ ᠤ ᠰᠢᠨ᠎ᠡ ᠲᠢᠲᠢᠮᠯᠢᠭ ᠠᠭᠤᠰᠬᠢᠨ ᠦᠷᠪᠢᠰᠦᠯ ᠳᠡᠯᠭᠡᠷᠡᠭᠰᠡᠨ ᠳᠤ ᠢᠨᠲ᠋ᠧᠷ ᠰᠦᠯᠵᠢᠶ᠎ᠡ ᠪᠠᠷ ᠠᠷᠠᠯᠵᠢᠶ᠎ᠠ | ᠮᠠᠶᠢᠮᠠᠢ ᠪᠠᠨ ᠬᠢᠵᠦ᠂ ᠰᠤᠷᠭᠠᠭᠤᠯᠢ ᠶᠢᠨ ᠰᠤᠷᠤᠭᠴᠢᠤᠨ ᠭᠡᠷ ᠲᠤ ᠪᠠᠨ ᠰᠦᠯᠵᠢᠶ᠎ᠡ ᠪᠠᠷ ᠬᠢᠴᠢᠶᠡᠯ ᠣᠷᠣᠵᠤ᠂ | ᠤᠯᠤᠰ ᠤᠨ ᠠᠯᠪᠠᠲᠠᠨ ᠠᠵᠢᠯᠲᠠᠳ ᠰᠦᠯᠵᠢᠶᠡᠨ ᠳᠡᠭᠡᠷ᠎ᠡ ᠠᠵᠢᠯᠯᠠᠵᠤ᠂ ᠬᠢᠵᠢᠭ ᠤᠨ ᠰᠦᠷᠳᠡᠭᠦᠯᠦᠯ᠂ ᠭᠠᠢ ᠭᠠᠮᠰᠢᠭ᠂ | ᠬᠤᠬᠢᠷᠠᠯ ᠰᠦᠢᠳᠦᠯ᠂ ᠬᠦᠴᠢᠷ ᠪᠡᠷᠬᠡᠰᠢᠶᠡᠯ ᠢ ᠢᠯᠠᠨ ᠳᠠᠪᠠᠭᠤ ᠳᠤ ᠶᠡᠬᠡᠬᠡᠨ ᠦᠢᠯᠡᠳᠦᠯ ᠢᠶᠠᠨ ᠪᠠᠳᠠᠷᠠᠭᠤᠯᠤᠭᠰᠠᠨ | ᠪᠠᠶᠢᠨ᠎ᠠ᠃ ᠬᠥᠳᠡᠭᠡ ᠶᠢᠨ ᠮᠠᠰᠢ ᠠᠷᠪᠢᠨ ᠠᠶᠢᠯ ᠡᠷᠥᠬᠡ ᠮᠠᠯ ᠰᠥᠷᠥᠭ ᠤᠨ ᠬᠠᠷᠢᠭᠤᠯᠭ᠎ᠠ᠂ ᠲᠥᠯ ᠲᠤᠰᠴᠤ | ᠪᠣᠶᠢᠵᠢᠭᠤᠯᠬᠤ᠂ ᠬᠠᠷᠠᠭᠤᠯ ᠮᠠᠨᠠᠭ᠎ᠠ ᠳᠤ ᠪᠠᠨ ᠠᠯᠤᠰ ᠡᠵᠡᠮᠰᠢᠯᠲᠦ ᠠᠷᠭ᠎ᠠ ᠮᠡᠷᠭᠡᠵᠢᠯ ᠢ ᠬᠡᠷᠡᠭᠯᠡᠬᠦ ᠪᠣᠯᠵᠠᠢ᠃ ᠮᠠᠯ ᠤᠨ | ᠵᠠᠷᠤᠴᠠᠭᠤᠯᠭ᠎ᠠ᠂ ᠮᠠᠯ ᠤᠨ ᠢᠶᠠᠨ ᠨᠣᠣᠰᠣ ᠨᠣᠣᠯᠣᠭᠤᠷ ᠤᠨ ᠠᠷᠠᠯᠵᠢᠶ᠎ᠠ ᠮᠠᠶᠢᠮᠠᠢ ᠶᠢ ᠰᠦᠯᠵᠢᠶ᠎ᠡ ᠪᠠᠷ ᠬᠢᠬᠦ ᠪᠣᠯᠵᠤ᠂ | ᠬᠡᠷᠡᠭᠯᠡᠭᠴᠢᠳ ᠬᠡᠳᠦᠢ ᠳᠤ ᠬᠡᠷᠡᠭᠴᠡᠭᠡᠲᠡᠢ ᠪᠣᠯ ᠲᠡᠳᠦᠢ ᠳᠤ ᠨᠢ ᠬᠦᠷᠭᠡᠵᠦ ᠴᠢᠳᠠᠬᠤ ᠪᠣᠯᠤᠭᠰᠠᠨ ᠪᠥᠭᠡᠳ ᠮᠠᠯ ᠤᠨ | ᠵᠠᠷᠤᠴᠠᠭᠤᠯᠭ᠎ᠠ ᠶᠢᠨ ᠠᠵᠢᠯ ᠬᠤᠶᠠᠷ ᠤᠯᠠᠷᠢᠯ ᠢᠶᠠᠷ ᠶᠠᠪᠤᠭᠳᠠᠳᠠᠭ ᠪᠠᠶᠢᠭᠰᠠᠨ ᠪᠣᠯ ᠤᠳᠤ ᠲᠦᠷᠪᠡᠨ ᠤᠯᠠᠷᠢᠯ ᠢᠶᠠᠷ | ᠶᠠᠪᠤᠭᠳᠠᠬᠤ ᠪᠣᠯᠵᠤ᠂ ᠪᠣᠬᠢᠷᠳᠤᠯ ᠦᠭᠡᠢ᠂ ᠪᠠᠶᠢᠭᠠᠯᠢᠯᠢᠭ ᠮᠠᠯ ᠤᠨ ᠮᠢᠬ᠎ᠠ᠂ ᠴᠠᠭᠠᠨ ᠢᠳᠡᠭᠡᠨ ᠢ ᠬᠡᠷᠡᠭᠯᠡᠭᠴᠢᠳ ᠤᠨ | ᠬᠤᠭᠤᠯᠠᠨ ᠤ ᠰᠢᠷᠡᠭᠡᠨ ᠳᠡᠭᠡᠷ᠎ᠡ᠂ ᠭᠡᠷ ᠲᠤ ᠨᠢ ᠰᠢᠭᠤᠳ ᠬᠦᠷᠭᠡᠬᠦ ᠪᠣᠯᠵᠤ᠂ ᠥᠪᠡᠷ ᠤᠨ ᠶᠠᠭᠤᠮᠠᠨ ᠳᠤ ᠪᠠᠨ | ᠥᠪᠡᠷᠲᠡᠭᠡᠨ ᠡᠵᠡᠨ ᠰᠠᠭᠤᠵᠤ᠂ ᠥᠪᠡᠷ ᠤᠨ ᠶᠠᠭᠤᠮ᠎ᠠ ᠪᠠᠨ ᠥᠪᠡᠷᠲᠡᠭᠡᠨ ᠡᠳ᠋ᠰᠢᠭᠦᠯᠦᠨ ᠪᠤᠯᠪᠠᠰᠤᠷᠠᠭᠤᠯᠵᠤ᠂ | ᠪᠣᠷᠣᠯᠠᠭᠤᠯᠵᠤ᠂ ᠭᠦᠢᠯᠭᠡᠭᠡ ᠶᠢ ᠨᠢ ᠰᠢᠯᠤᠭᠤᠨ ᠲᠦᠷᠭᠡᠨ ᠪᠤᠯᠭᠠᠵᠤ᠂ ᠥᠪᠡᠷ ᠤᠨ ᠦᠷᠲᠡᠭ ᠢ ᠨᠢ ᠶᠡᠬᠡᠪᠡᠷ | ᠪᠠᠭᠤᠷᠠᠭᠤᠯᠵᠤ᠂ ᠠᠰᠢᠭ ᠣᠯᠵᠠᠪᠤᠷᠢ ᠶᠢ ᠨᠢ ᠶᠡᠬᠡᠬᠡᠨ ᠳᠡᠭᠡᠭᠰᠢᠯᠡᠬᠦᠯᠵᠤ᠂ ᠤᠷᠤᠯᠭ᠎ᠠ ᠶᠢᠨ ᠨᠡᠮᠡᠭᠳᠡᠯ ᠢ ᠠᠬᠢᠭᠤᠯᠵᠠᠢ᠃ | | ᠮᠠᠯᠴᠢᠳ ᠪᠦᠭᠦᠳᠡᠭᠡᠷ ᠢᠶᠠᠨ ᠬᠤᠷᠰᠢᠭᠰᠠᠨ ᠡᠮᠨᠡᠯᠬᠡ ᠶᠢᠨ ᠳᠠᠭᠠᠳᠬᠠᠯ ᠳᠤ ᠣᠷᠣᠵᠤ᠂ ᠥᠩᠭᠡᠷᠡᠭᠰᠡᠨ ᠤ | ᠡᠪᠡᠳᠴᠢᠨ ᠥᠵᠡᠬᠦᠯᠬᠦ ᠳᠤ ᠬᠦᠴᠢᠷᠲᠡᠢ᠂ ᠡᠪᠡᠳᠴᠢᠨ ᠥᠵᠡᠬᠦᠯᠬᠦ ᠳᠤ ᠦᠨᠡᠲᠡᠢ ᠠᠰᠠᠭᠤᠳᠠᠯ ᠵᠣᠬᠢᠬᠤ ᠬᠡᠮᠵᠢᠶᠡᠨ ᠳᠤ | ᠰᠢᠢᠳᠪᠦᠷᠢᠯᠡᠭᠳᠡᠵᠡᠢ᠃ ᠤᠤᠯ ᠤᠨ ᠬᠡᠳᠦᠬᠡᠨ ᠵᠦᠢᠯ ᠤᠨ ᠡᠪᠡᠳᠴᠢᠨ᠂ ᠬᠡᠳᠦᠬᠡᠨ ᠡᠮ ᠤᠨ ᠰᠦᠢᠳᠬᠡᠯ ᠢ ᠴᠠᠶᠢᠷᠠᠭᠤᠯᠵᠤ | ᠪᠠᠶᠢᠭᠰᠠᠨ ᠢᠶᠠᠨ ᠤᠳᠤ ᠲᠣᠭᠲᠠᠭᠰᠠᠨ ᠡᠮᠨᠡᠯᠬᠡ ᠶᠢᠨ ᠬᠤᠷᠢᠶᠠᠨ ᠳᠤ ᠣᠷᠣᠵᠤ ᠡᠮᠨᠡᠭᠦᠯᠪᠡᠯ᠂ ᠶᠡᠬᠡᠩᠬᠢ ᠵᠠᠷᠤᠳᠠᠯ ᠢ ᠨᠢ | ᠴᠠᠶᠢᠷᠠᠭᠤᠯᠬᠤ ᠪᠣᠯᠵᠠᠢ᠃ ᠣᠨᠴᠠ ᠬᠦᠨᠳᠦ ᠡᠪᠡᠳᠴᠢᠲᠡᠨ ᠳᠤ ᠬᠠᠷᠠᠭᠠᠯᠵᠠᠯ ᠤᠨ ᠠᠷᠭ᠎ᠠ ᠪᠣᠳᠣᠯᠭ᠎ᠠ ᠶᠢ ᠬᠡᠷᠡᠭᠵᠢᠭᠦᠯᠵᠦ | ᠪᠤᠢ᠃ ᠬᠤᠶᠠᠷ ᠵᠢᠯ ᠤᠨ ᠡᠮᠦᠨ᠎ᠡ ᠡᠮᠡᠭᠡᠨ ᠤ ᠬᠥᠯ ᠨᠢ ᠡᠪᠡᠳᠴᠦ ᠲᠠᠶᠠᠭ ᠲᠤ ᠣᠷᠣᠪᠠ᠃ ᠠᠷᠭ᠎ᠠ ᠪᠠᠨ | ᠪᠠᠷᠠᠬᠤ ᠳᠤ ᠪᠠᠨ ᠬᠦᠬᠡᠬᠤᠲᠠ ᠣᠷᠣᠵᠤ᠂ ᠤᠯᠠᠨ ᠤᠯᠤᠰ ᠤᠨ ᠡᠮᠨᠡᠯᠬᠡ ᠶᠢᠨ ᠬᠤᠷᠢᠶᠠᠨ ᠳᠤ ᠣᠷᠣᠵᠤ | ᠦᠵᠡᠭᠦᠯᠦᠭᠰᠡᠨ ᠳᠤ ᠬᠤᠶᠠᠷ ᠡᠪᠦᠳᠦᠭ ᠤᠨ ᠦᠶ᠎ᠡ ᠬᠦᠰᠢᠬᠦᠥ ᠨᠢ ᠮᠥᠭᠡᠷᠰᠦᠯᠡᠭᠰᠡᠨ ᠪᠣᠯᠬᠤᠷ ᠵᠠᠰᠠᠯᠭ᠎ᠠ ᠬᠢᠵᠦ | ᠰᠣᠯᠢᠬᠤ ᠴᠢᠬᠤᠯᠠ ᠲᠠᠢ ᠪᠣᠯᠵᠠᠢ ᠭᠡᠵᠦ ᠣᠨᠣᠰᠢᠯᠠᠵᠠᠢ᠃ ᠲᠡᠬᠡᠬᠡᠤᠨ ᠠᠷᠭ᠎ᠠ ᠪᠤᠰᠤ ᠵᠠᠰᠠᠯᠭ᠎ᠠ ᠬᠢᠯᠭᠡᠬᠦ ᠪᠣᠯᠵᠤ᠂ | ᠡᠮᠨᠡᠯᠬᠡ ᠶᠢᠨ ᠬᠤᠷᠢᠶᠠᠨ ᠳᠤ ᠪᠠᠷᠤᠭ 2 ᠰᠠᠷ᠎ᠠ ᠰᠢᠬᠠᠮ ᠰᠠᠭᠤᠵᠤ ᠵᠠᠰᠠᠯᠭ᠎ᠠ ᠬᠢᠯᠭᠡᠪᠡ᠃ ᠵᠠᠰᠠᠯᠭ᠎ᠠ ᠨᠢ ᠮᠠᠰᠢ ᠰᠠᠶᠢᠨ | ᠠᠮᠵᠢᠯᠲᠠ ᠲᠠᠢ ᠪᠣᠯᠵᠤ᠂ ᠡᠮᠡᠭᠡᠨ ᠲᠠᠶᠠᠭ ᠢᠶᠠᠨ ᠬᠠᠶᠠᠴᠢᠬᠠᠭᠠᠳ ᠭᠦᠶᠦᠵᠦ ᠪᠠᠶᠢᠨ᠎ᠠ᠃ ᠵᠠᠰᠠᠯᠭ᠎ᠠ ᠶᠢᠨ ᠵᠠᠷᠤᠳᠠᠯ | ᠨᠡᠶᠢᠲᠠ 13 ᠲᠦᠮᠡ ᠢᠯᠡᠭᠦᠦ ᠣᠷᠣᠭᠰᠠᠨ ᠳᠤ ᠬᠤᠷᠰᠢᠭᠰᠠᠨ ᠡᠮᠨᠡᠯᠬᠡ ᠠᠴᠠ 9 ᠲᠦᠮᠡ ᠢᠯᠡᠭᠦᠦ ᠶᠢ ᠨᠢ ᠪᠤᠳᠤᠵᠥ | ᠥᠭᠴᠡᠢ᠃ ᠭᠠᠷ ᠭᠦᠢᠴᠡᠳᠬᠡᠯ ᠢ ᠡᠮᠨᠡᠯᠬᠡ ᠶᠢᠨ ᠬᠤᠷᠢᠶ᠎ᠠ ᠲᠡᠷᠡ ᠳᠠᠷᠤᠢ ᠳᠤ ᠨᠢ ᠰᠢᠭᠤᠳ ᠭᠦᠢᠴᠡᠳᠬᠡᠵᠦ ᠥᠭᠭᠦᠨ᠎ᠡ᠃ | ᠨᠠᠭᠠᠰᠢ ᠴᠠᠭᠠᠰᠢ ᠪᠠᠨ ᠭᠦᠶᠦᠬᠦ᠂ ᠬᠥᠮᠥᠨ ᠠᠮᠢᠲᠠᠨ ᠡᠷᠢᠬᠦ ᠶᠠᠪᠤᠳᠠᠯ ᠦᠭᠡᠢ᠂ ᠡᠨᠡ ᠨᠢ ᠮᠠᠰᠢ ᠮᠠᠭᠲᠠᠭᠤᠰᠢᠲᠠᠢ ᠶᠤᠮ᠃ | ᠡᠶᠢᠮᠦ ᠶᠡᠭᠡ ᠵᠠᠰᠠᠯᠭ᠎ᠠ ᠬᠢᠯᠭᠡᠴᠢᠬᠡᠭᠡᠳ ᠥᠪᠡᠷᠰᠡᠳ ᠢᠶᠠᠨ 4 ᠲᠦᠮᠡᠬᠡᠨ ᠲᠥᠭᠦᠷᠢᠭ ᠭᠠᠷᠭᠠᠭᠰᠠᠨ ᠨᠢ ᠲᠤᠶᠢᠯ ᠤᠨ | ᠶᠡᠭᠡ ᠬᠠᠷᠠᠭᠠᠯᠵᠠᠯ ᠳᠡᠮᠵᠢᠯᠭᠡ ᠮᠥᠨ ᠭᠡᠵᠦ ᠪᠢᠳᠡ ᠦᠵᠡᠨ᠎ᠡ᠃ ᠬᠡᠷᠪᠡ ᠬᠤᠷᠰᠢᠭᠰᠠᠨ ᠡᠮᠨᠡᠯᠬᠡ ᠶᠢᠨ ᠳᠠᠭᠠᠳᠬᠠᠯ | ᠪᠠᠶᠢᠭᠰᠠᠨ ᠦᠭᠡᠢ ᠪᠣᠯ ᠪᠢᠳᠡ ᠯᠠᠪᠲᠠᠢ ᠮᠠᠰᠢ ᠶᠡᠭᠡ ᠬᠦᠴᠢᠷᠳᠡᠬᠦ ᠨᠢ ᠮᠡᠳᠡᠭᠡᠵᠢ᠃ ᠪᠢᠳᠡ ᠨᠠᠮ ᠵᠠᠰᠠᠭ ᠤᠨ | ᠲᠦᠷᠦ ᠶᠢᠨ ᠪᠣᠳᠣᠯᠭ᠎ᠠ᠂ ᠬᠠᠶᠢᠷ᠎ᠠ ᠬᠠᠯᠠᠮᠵᠢ ᠳᠤ ᠴᠢᠩ ᠦᠨᠡᠨ ᠰᠡᠳᠬᠢᠯ ᠠᠴᠠ ᠪᠠᠨ ᠲᠠᠯᠠᠷᠬᠠᠵᠤ ᠪᠠᠶᠢᠨ᠎ᠠ᠃ | ᠮᠠᠯᠴᠢᠳ ᠤᠨ ᠬᠤᠷᠰᠢᠭᠰᠠᠨ ᠡᠮᠨᠡᠯᠬᠡ ᠦᠨᠡᠬᠡᠷ ᠰᠠᠶᠢᠨ᠂ ᠮᠠᠯᠴᠢᠨ ᠲᠦᠮᠡᠨ ᠳᠤ ᠲᠤᠶᠢᠯ ᠤᠨ ᠶᠡᠭᠡ ᠦᠨᠡᠨ ᠪᠣᠳᠠᠲᠠᠢ | ᠶᠠᠪᠤᠳᠠᠯ ᠤᠴᠢᠷ ᠢ ᠰᠢᠢᠳᠪᠦᠷᠢᠯᠡᠨ ᠥᠭᠴᠦ ᠪᠠᠶᠢᠨ᠎ᠠ᠃ | ᠥᠩᠭᠡᠷᠡᠭᠰᠡᠨ ᠳᠤ ᠵᠦᠪᠬᠡᠨ ᠤᠯᠤᠰ ᠤᠨ ᠺᠠᠳ᠋ᠷ ᠠᠵᠢᠯᠲᠠᠳ ᠯᠠ ᠴᠠᠯᠢᠩ ᠮᠥᠩᠭᠦ ᠲᠠᠢ ᠪᠠᠶᠢᠳᠠᠭ ᠪᠠᠶᠢᠭᠰᠠᠨ | ᠪᠣᠯ ᠤᠳᠤ ᠮᠠᠯᠴᠢᠳ ᠴᠦ ᠴᠠᠯᠢᠩ ᠮᠥᠩᠭᠦ ᠲᠠᠢ ᠪᠣᠯᠵᠠᠢ᠃ ᠡᠨᠡ ᠬᠦ ᠤᠳᠬ᠎ᠠ ᠠᠭᠤᠯᠭ᠎ᠠ ᠠᠴᠠ ᠪᠠᠨ ᠺᠠᠳ᠋ᠷ ᠪᠤᠶᠤ | ᠮᠠᠯᠴᠢᠳ᠂ ᠤᠶᠤᠨ ᠤ ᠬᠥᠳᠡᠯᠮᠦᠷᠢᠴᠢᠳ ᠪᠤᠶᠤ ᠪᠡᠶ᠎ᠡ ᠶᠢᠨ ᠬᠥᠳᠡᠯᠮᠦᠷᠢᠴᠢᠳ ᠤᠨ ᠵᠥᠷᠢᠶ᠎ᠡ ᠵᠣᠬᠢᠬᠤ ᠬᠡᠮᠵᠢᠶᠡᠨ ᠳᠤ | ᠪᠠᠭᠠᠰᠴᠤ ᠪᠤᠢ ᠭᠡᠵᠦ ᠠᠮᠠ ᠪᠠᠷᠳᠠᠮ ᠬᠡᠯᠡᠵᠦ ᠪᠣᠯᠣᠨ᠎ᠠ᠃ ᠮᠠᠨ ᠤ ᠬᠢᠨ ᠭᠡᠷ ᠲᠤ ᠪᠠᠨ ᠡᠮᠡᠭᠡᠨ ᠪᠢᠳᠡ | ᠬᠤᠶᠠᠭᠤᠯᠠ ᠪᠠᠨ ᠴᠠᠯᠢᠩ ᠣᠯᠳᠠᠭ᠃ ᠴᠠᠯᠢᠩ ᠤᠨ ᠲᠤᠭ᠎ᠠ ᠬᠡᠮᠵᠢᠶ᠎ᠡ ᠨᠢ ᠲᠡᠶᠢᠮᠤ ᠥᠨᠳᠥᠷ ᠪᠢᠰᠢ᠂ ᠬᠤᠶᠠᠭᠤᠯᠠ ᠶᠢᠨ | ᠬᠢ ᠨᠡᠶᠢᠯᠡᠭᠡᠳ ᠰᠠᠷ᠎ᠠ ᠶᠢᠨ 700 ᠭᠠᠷᠤᠢ ᠲᠥᠭᠦᠷᠢᠭ ᠠᠪᠳᠠᠭ᠃ ᠪᠢᠳᠡ ᠬᠡᠳᠦᠭᠦᠯᠡ ᠶᠢᠨ ᠰᠠᠷ᠎ᠠ ᠶᠢᠨ ᠭᠤᠯᠢᠷ | ᠪᠤᠳᠠᠭ᠎ᠠ᠂ ᠴᠠᠢ ᠳᠠᠪᠤᠰᠤ᠂ ᠨᠣᠭᠤᠭ᠎ᠠ ᠴᠠᠭ᠎ᠠ ᠳᠤ ᠪᠠᠨ ᠬᠦᠷᠴᠢᠬᠡᠨ᠎ᠡ᠃ ᠢᠳᠡᠬᠦ ᠤᠤᠭᠤᠬᠤ ᠳᠤ ᠪᠠᠨ ᠵᠤᠪᠠᠭᠤ ᠦᠭᠡᠢ | ᠪᠠᠶᠢᠬᠤ ᠪᠣᠯ ᠦᠨᠡᠨ ᠳᠤ ᠪᠠᠨ ᠨᠢᠭᠡᠨ ᠶᠡᠭᠡ ᠰᠡᠳᠬᠢᠯ ᠤᠨ ᠲᠠᠶᠢᠪᠤᠰᠢᠷᠠᠯ ᠪᠠᠶᠢᠭ᠎ᠠ ᠶᠤᠮ᠃ ᠤᠳᠤ ᠬᠥᠳᠡᠭᠡ | ᠨᠤᠲᠤᠭ ᠢᠶᠠᠷ ᠨᠥᠬᠦᠪᠦᠷᠢ ᠮᠥᠩᠭᠦ ᠶᠢᠨ ᠲᠦᠷᠦᠯ ᠵᠦᠢᠯ ᠴᠦ ᠤᠯᠠᠨ ᠪᠣᠯᠵᠤ᠂ ᠠᠰᠢᠭ ᠬᠦᠷᠲᠡᠵᠦ ᠪᠠᠶᠢᠭ᠎ᠠ ᠬᠥᠮᠥᠰ | ᠤᠯᠠᠨ ᠪᠣᠯᠵᠠᠢ᠃ | ᠤᠳᠤ ᠮᠠᠯᠴᠢᠳ ᠤᠨ ᠬᠡᠦᠬᠡᠳ ᠶᠠᠮᠠᠷᠴᠤ ᠰᠦᠢᠳᠬᠡᠯ ᠦᠭᠡᠢ ᠪᠠᠷ ᠴᠡᠴᠡᠷᠯᠢᠭ ᠠᠴᠠ ᠡᠬᠢᠯᠡᠭᠡᠳ ᠥᠨᠳᠥᠷ | ᠳᠤᠮᠳᠠᠳᠥ ᠶᠢᠨ ᠰᠤᠷᠭᠠᠭᠤᠯᠢ ᠲᠡᠭᠦᠰᠬᠡᠵᠦ ᠪᠤᠢ᠃ ᠬᠢᠴᠢᠶᠡᠯ ᠤᠨ ᠲᠠᠩᠬᠢᠮ᠂ ᠣᠷᠣᠨ ᠰᠠᠭᠤᠴᠠ᠂ ᠬᠤᠭᠤᠯᠠ ᠪᠤᠳᠠᠭ᠎ᠠ | ᠵᠡᠷᠭᠡ ᠠᠮᠢᠳᠤᠷᠠᠯ ᠤᠨ ᠨᠥᠬᠦᠴᠡᠯ ᠲᠣᠬᠢᠷᠠᠭᠤᠯᠭ᠎ᠠ ᠮᠠᠰᠢ ᠰᠠᠶᠢᠨ᠂ ᠪᠦᠷ ᠭᠡᠷ ᠤᠨ ᠨᠥᠬᠦᠴᠡᠯ ᠠᠴᠠ ᠴᠦ ᠰᠠᠶᠢᠨ | ᠪᠣᠯᠵᠠᠢ᠃ ᠪᠠᠰᠠ ᠰᠤᠷᠤᠭᠴᠢ ᠪᠦᠷᠢ ᠳᠤ ᠪᠠᠶᠢᠷᠢ ᠶᠢᠨ ᠨᠥᠬᠦᠪᠦᠷᠢ᠂ ᠰᠢᠮ᠎ᠡ ᠲᠡᠵᠢᠭᠡᠯ ᠤᠨ ᠨᠥᠬᠦᠪᠦᠷᠢ ᠣᠯᠭᠤᠵᠤ ᠪᠤᠢ᠃ | ᠤᠳᠤ ᠶᠢᠨ ᠬᠡᠦᠬᠡᠳ ᠤᠳ ᠪᠦᠭᠦᠳᠡᠭᠡᠷ ᠢᠶᠠᠨ ᠶᠡᠭᠡ ᠰᠤᠷᠭᠠᠭᠤᠯᠢ᠂ ᠳᠡᠭᠡᠳᠦ ᠰᠤᠷᠭᠠᠭᠤᠯᠢ ᠳᠤ ᠰᠤᠷᠤᠯᠴᠠᠬᠤ ᠪᠣᠯᠵᠠᠢ᠃ | ᠤᠯᠤᠰ᠂ ᠣᠷᠣᠨ᠂ ᠭᠠᠵᠠᠷ ᠣᠷᠣᠨ᠂ ᠭᠠᠴᠠᠭ᠎ᠠ ᠲᠤᠰᠬᠤᠨ ᠠᠴᠠ ᠪᠠᠨ ᠶᠡᠭᠡ ᠬᠡᠮᠵᠢᠶᠡᠨ ᠤ ᠳᠡᠮᠵᠢᠯᠭᠡ ᠲᠤᠰᠠᠯᠠᠮᠵᠢ ᠪᠠᠨ | ᠦᠵᠡᠭᠦᠯᠵᠦ ᠪᠠᠶᠢᠨ᠎ᠠ᠃ ᠤᠯᠤᠰ ᠣᠷᠣᠨ ᠤ ᠰᠤᠷᠤᠯᠭ᠎ᠠ ᠶᠢᠨ ᠵᠢᠭᠡᠯᠡᠯᠭᠡ ᠶᠢᠨ ᠮᠥᠩᠭᠦ ᠪᠠᠶᠢᠬᠤ ᠪᠥᠭᠡᠳ ᠣᠷᠣᠨ | ᠨᠤᠲᠤᠭ ᠭᠠᠴᠠᠭ᠎ᠠ ᠲᠤᠰᠬᠤᠨ᠂ ᠨᠡᠷ᠎ᠡ ᠴᠤᠤᠲᠤ ᠬᠥᠮᠥᠰ ᠠᠴᠠ ᠰᠤᠷᠭᠠᠭᠤᠯᠢ ᠳᠤ ᠲᠠᠪᠰᠢᠭᠰᠠᠨ ᠲᠤᠰᠠᠯᠠᠮᠵᠢ | ᠲᠡᠳᠬᠦᠮᠵᠢ ᠭᠡᠵᠦ ᠵᠢᠯ ᠪᠦᠷᠢ ᠬᠡᠴᠢᠨᠡᠨ ᠵᠠᠭᠤ ᠮᠢᠩᠭᠠᠨ ᠲᠥᠭᠦᠷᠢᠭ ᠭᠠᠷᠳᠠᠭᠤᠯᠵᠤ ᠪᠠᠶᠢᠨ᠎ᠠ᠃ ᠶᠠᠮᠠᠷ ᠰᠠᠶᠢᠬᠠᠨ ᠴᠠᠭ | ᠦᠶ᠎ᠡ᠂ ᠶᠠᠮᠠᠷ ᠰᠠᠶᠢᠬᠠᠨ ᠰᠤᠷᠭᠠᠨ ᠬᠥᠮᠦᠵᠢᠯ ᠠᠵᠢ᠂ ᠤᠳᠤ ᠶᠢᠨ ᠬᠡᠦᠬᠡᠳ ᠤᠳ ᠦᠨᠡᠬᠡᠷ ᠵᠣᠯ ᠵᠢᠷᠭᠠᠯᠲᠠᠢ᠂ ᠣᠯᠳᠠᠰᠢ | ᠦᠭᠡᠢ ᠵᠣᠯ ᠵᠠᠪᠰᠢᠶᠠᠨ ᠢ ᠰᠠᠶᠢᠬᠠᠨ ᠡᠵᠡᠮᠳᠡᠬᠦ ᠨᠢ ᠶᠠᠭᠤᠨ ᠠᠴᠠ ᠴᠦ ᠡᠷᠬᠢᠮ ᠪᠤᠶᠤ᠃ | ᠤᠳᠤ ᠬᠥᠳᠡᠭᠡ ᠨᠤᠲᠤᠭ ᠲᠤ ᠵᠠᠮ ᠨᠡᠪᠲᠡᠷᠡᠯᠭᠡ ᠮᠠᠰᠢ ᠰᠠᠶᠢᠨ ᠪᠣᠯᠵᠠᠢ᠃ ᠴᠣᠬᠤᠮ ᠠᠶᠢᠯ ᠠᠶᠢᠯ ᠤᠨ | ᠡᠭᠦᠳᠡᠨ ᠠᠴᠠ ᠪᠡᠭᠡᠵᠢᠩ ᠬᠦᠷᠬᠦ ᠵᠠᠰᠠᠮᠠᠯ ᠵᠠᠮ᠂ ᠴᠠᠷᠳᠠᠮᠠᠯ ᠵᠠᠮ ᠳᠤᠷᠠᠶᠢᠨ᠎ᠠ᠃ ᠣᠯᠠᠩᠬᠢ ᠠᠶᠢᠯ ᠡᠷᠥᠬᠡ ᠪᠦᠷ ᠪᠠᠭ᠎ᠠ | ᠮᠠᠰᠢᠨ ᠲᠡᠷᠭᠡ ᠲᠠᠢ ᠪᠣᠯᠵᠤ᠂ ᠥᠷᠯᠥᠭᠡ ᠠᠵᠢᠯ ᠢᠶᠠᠨ ᠲᠥᠪᠬᠢᠨᠡᠭᠦᠯᠴᠢᠬᠡᠭᠡᠳ ᠭᠠᠷᠴᠤ ᠶᠠᠪᠤᠭᠠᠳ ᠣᠷᠣᠶᠢᠬᠠᠨ | ᠳᠠᠪᠬᠢᠵᠤ ᠢᠷᠡᠨ᠎ᠡ᠂ ᠬᠤᠯᠠ ᠶᠠᠪᠤᠵᠤ ᠶᠠᠭᠤ ᠨᠢᠭᠡ ᠶᠢ ᠪᠦᠲᠦᠭᠡᠭᠰᠡᠨ ᠨᠢ ᠮᠡᠳᠡᠭᠡᠵᠢ᠂ ᠰᠠᠶᠢᠬᠠᠨ ᠪᠣᠯᠵᠠᠢ᠃ ᠮᠢᠨᠤ | ᠤᠨᠠᠭᠠᠨ ᠪᠠᠭ᠎ᠠ ᠶᠢᠨ ᠨᠠᠶᠢᠵᠠ ᠬᠦᠬᠡᠬᠤᠲᠠ ᠠᠴᠠ ᠤᠲᠠᠰᠤ ᠢᠷᠡᠭᠡᠳ᠄ ︽ᠲᠠ ᠮᠠᠯᠴᠢᠨ ᠵᠠᠶᠠᠭ᠎ᠠ ᠪᠠᠨ ᠲᠦᠰᠢᠭᠰᠡᠨ | ᠴᠢᠨᠢ ᠲᠠᠭᠠᠷᠠᠵᠡᠢ᠃ ᠶᠠᠮᠠᠷ ᠰᠠᠶᠢᠬᠠᠨ ᠵᠢᠷᠭᠠᠯᠲᠠᠢ ᠪᠤᠢ᠂ ᠲᠠᠯ᠎ᠠ ᠨᠤᠲᠤᠭ ᠲᠠᠢ᠂ ᠮᠠᠯ ᠬᠥᠷᠥᠩᠭᠡ ᠲᠠᠢ᠂ ᠬᠥᠳᠡᠭᠡ | ᠨᠤᠲᠤᠭ ᠤᠨ ᠠᠮᠢᠳᠤᠷᠠᠯ ᠰᠠᠶᠢᠬᠠᠨ᠂ ᠬᠥᠭᠵᠢᠯᠲᠡ ᠶᠢᠨ ᠢᠷᠡᠭᠡᠳᠦᠢ ᠨᠡᠩ ᠶᠡᠭᠡ᠃ ᠬᠥᠳᠡᠭᠡ ᠨᠤᠲᠤᠭ ᠤᠨ ᠠᠭᠤᠯᠠ ᠨᠢ | ᠬᠥᠬᠡ᠂ ᠲᠠᠯ᠎ᠠ ᠨᠢ ᠴᠡᠯᠡᠭᠡᠷ᠂ ᠤᠰᠤ ᠨᠢ ᠲᠤᠩᠭᠠᠯᠠᠭ᠂ ᠠᠭᠤᠷ ᠠᠮᠢᠰᠬᠤᠯ ᠨᠢ ᠴᠡᠪᠡᠷ᠂ ᠬᠠᠷᠠᠬᠤ ᠳᠤ ᠨᠢᠳᠦ | ᠲᠤᠩᠭᠠᠯᠠᠭᠰᠢᠵᠤ᠂ ᠠᠮᠢᠰᠬᠤᠬᠤ ᠳᠤ ᠠᠭᠤᠰᠬᠢ ᠠᠮᠤᠷᠵᠢᠵᠤ᠂ ᠠᠮᠤᠰᠬᠢᠬᠦ ᠳᠤ ᠤᠷᠮ᠎ᠠ ᠰᠡᠷᠭᠦᠨ᠎ᠡ︾ ᠭᠡᠵᠦ ᠪᠢᠯᠡ᠃ | ᠲᠣᠮᠣ ᠬᠤᠲᠠ ᠶᠢᠨ ᠬᠢᠨ ᠬᠥᠳᠡᠭᠡ ᠨᠤᠲᠤᠭ ᠢ ᠪᠠᠭ᠋ᠠᠷᠬᠠᠨ ᠰᠠᠨᠠᠳᠠᠭ ᠴᠠᠭ ᠦᠶ᠎ᠡ ᠬᠦᠷᠴᠦ ᠢᠷᠡᠵᠡᠢ᠃ | ᠬᠥᠳᠡᠭᠡ ᠨᠤᠲᠤᠭ ᠤᠨ ᠬᠥᠭᠵᠢᠯᠲᠡ ᠬᠤᠪᠢᠷᠠᠯᠲᠠ ᠦᠨᠡᠬᠡᠷ ᠶᠡᠭᠡ ᠠᠵᠤᠭᠤ︕ |