ᠦᠵᠦᠮᠦᠴᠢᠨ ᠨᠤᠲᠤᠭ ᠤᠨ ᠪᠥᠬᠡᠴᠢᠨ ᠤᠶᠠᠭᠠᠴᠢᠨ ᠤᠷᠭᠠᠴᠢᠨ
ᠨᠡᠶᠢᠲᠡᠯᠡᠭᠰᠡᠨ ᠴᠠᠭ᠄
2024/3/11
    ᠴᠣᠯᠮᠣᠨ 1960 ᠣᠨ ᠳᠤ ᠵᠡᠭᠦᠨ ᠦᠵᠦᠮᠦᠴᠢᠨ ᠬᠤᠰᠢᠭᠤᠨ ᠤ ᠰᠠᠮᠠᠢ ᠰᠤᠮᠤᠨ ᠤ ᠵᠢᠷᠠᠨᠪᠤᠯᠠᠭ ᠭᠠᠴᠠᠭ᠎ᠠ ᠶᠢᠨ ᠮᠠᠯᠴᠢᠨ ᠰᠢᠷᠠᠨᠤᠳ ᠣᠪᠣᠭ ᠲᠠᠢ ᠭᠠᠷᠤᠳᠢᠪᠠᠭᠠᠳᠤᠷ᠂ ᠲᠤᠩᠭᠠᠯᠠᠭ ᠤᠨ ᠭᠤᠷᠪᠠᠳᠤᠭᠠᠷ ᠬᠡᠦᠬᠡᠳ ᠨᠢ ᠪᠣᠯᠵᠤ ᠵᠠᠶᠠᠭᠠᠵᠠᠢ᠃         ᠭᠠᠷᠤᠲᠢᠪᠠᠭᠠᠲᠤᠷ ᠭᠤᠸᠠᠢ ᠰᠠᠶᠢᠨ ᠪᠠᠷᠢᠯᠳᠤᠵᠤ᠂ ᠮᠣᠷᠢ ᠰᠠᠶᠢᠬᠠᠨ ᠤᠶᠠᠵᠤ ᠪᠠᠶᠢᠭᠰᠠᠨ ᠢ ᠨᠤᠲᠤᠭ ᠤᠰᠤᠡ ᠤ ᠎ ᠬᠢᠨ ᠰᠠᠶᠢᠨ ᠮᠡᠳᠡᠳᠡᠭ᠃ ᠴᠣᠯᠮᠣᠨ ᠤ ᠠᠪᠤ ᠭᠠᠷᠤᠲᠢᠪᠠᠭᠠᠲᠤᠷ ᠭᠤᠸᠠᠢ ᠤᠤᠯ ᠤᠨ ᠪᠠᠶᠠᠨᠬᠦ᠋ᠭᠡᠪᠦᠷ ᠰᠤᠮᠤᠨ ᠤ ᠵᠢᠷᠠᠨᠪᠤᠯᠠᠭ ᠭᠠᠴᠠᠭᠠᠨ ᠤ ᠥᠩᠲᠦ ᠶᠢᠨ ᠣᠪᠣᠭᠠᠨ ᠤ ᠲᠠᠬᠢᠯᠭ᠎ᠠ ᠶᠢᠨ ᠨᠠᠶᠢᠷ ᠲᠤ ᠪᠠᠷᠢᠯᠳᠤᠨ ᠲᠡᠷᠢᠭᠦᠯᠡᠵᠦ᠂ ᠰᠢᠨ᠎ᠡ ᠰᠦᠮ᠎ᠡ ᠶᠢᠨ ᠨᠠᠷᠢᠨ ᠴᠠᠭᠠᠨ ᠣᠪᠣᠭᠠᠨ ᠤ ᠲᠠᠬᠢᠯᠭ᠎ᠠ ᠶᠢᠨ ᠨᠠᠶᠢᠷ ᠲᠤ ᠳᠡᠳ᠋ᠯᠡᠵᠦ᠂ ᠮᠥᠨ ᠳᠤᠰ ᠣᠪᠣᠭᠠᠨ ᠤ ᠲᠠᠬᠢᠯᠭ᠎ᠠ ᠶᠢᠨ ᠨᠠᠶᠢᠷ ᠲᠤ ᠬᠤᠯᠠ ᠮᠣᠷᠢ ᠨᠢ ᠲᠡᠷᠢᠭᠦᠯᠡᠵᠦ ᠪᠠᠶᠢᠭᠰᠠᠨ ᠰᠠᠶᠢᠬᠠᠨ ᠲᠤᠷᠠᠰᠤᠮᠵᠢᠲᠠᠢ᠃           ᠴᠣᠯᠮᠣᠨ ᠴᠤ ᠠᠪᠤ ᠶᠢᠨ ᠢᠶᠠᠨ ᠤᠷ᠎ᠠ ᠠᠪᠢᠶᠠᠰ ᠢ ᠥᠪᠯᠡᠭᠰᠡᠨ ᠤᠳᠤᠮ ᠵᠠᠯᠭᠠᠭᠰᠠᠨ ᠰᠠᠶᠢᠨ ᠪᠦᠬᠡ ᠮᠥᠷᠲᠡᠭᠡᠨ ᠰᠠᠶᠢᠨ ᠤᠶᠠᠭᠠᠴᠢ ᠶᠤᠮ᠃ ᠲᠡᠷᠡ 1979 ᠣᠨ ᠳᠤ ᠵᠡᠭᠦᠨ ᠦᠵᠦᠮᠦᠴᠢᠨ ᠬᠤᠰᠢᠭᠤᠨ ᠤ ᠪᠦᠬᠡ ᠶᠢᠨ ᠪᠣᠯᠪᠠᠰᠤᠷᠠᠯ ᠳᠤ ᠰᠠᠭᠤᠵᠤ ᠠᠪᠤᠷᠭᠤ ᠰᠣᠳᠨᠠᠮ᠂ ᠮᠠᠨᠳᠤᠯ᠎ᠠ ᠵᠡᠷᠭᠡ ᠪᠠᠭᠰᠢ ᠠᠴᠠ ᠮᠡᠭᠡ ᠮᠡᠷᠭᠡᠵᠢᠯ ᠰᠤᠷᠴᠠᠢ᠃         ᠴᠣᠯᠮᠣᠨ ᠤ ᠪᠦᠬᠡ ᠪᠠᠷᠢᠯᠳᠤᠭᠰᠠᠨ ᠠᠮᠵᠢᠯᠲᠠ ᠠᠴᠠ ᠳᠤᠷᠠᠳᠪᠠᠯ᠂ 1979 ᠣᠨ ᠳᠤ ᠵᠡᠭᠦᠨ ᠦᠵᠦᠮᠦᠴᠢᠨ ᠬᠤᠰᠢᠭᠤᠨ ᠤ ᠤᠤᠯ ᠤᠨ ᠳᠤᠮᠳᠠᠭᠤᠪᠢ ᠰᠤᠮᠤᠨ ᠤ ᠡᠩᠭᠡᠵᠢᠷᠭᠠᠯᠠᠩ ᠭᠠᠴᠠᠭᠠᠨ ᠤ ᠨᠠᠶᠢᠷ ᠲᠤ ᠳᠡᠭᠡᠳᠦ ᠨᠠᠢᠮᠠ ᠳᠤ ᠲᠡᠪᠢᠵᠤ᠂ ᠰᠢᠯᠢ ᠶᠢᠨ ᠭᠤᠣᠯ ᠠᠶᠢᠮᠠᠭ ᠤᠨ ᠵᠠᠯᠠᠭᠤᠴᠤᠳ ᠤᠨ ᠤᠷᠤᠯᠳᠤᠭᠠᠨ ᠳᠤ ᠳᠤᠮᠳᠠᠳᠤ ᠮᠠᠶ᠋ᠢᠭ ᠤᠨ ᠪᠦᠬᠡ ᠶᠢᠨ ᠳᠡᠳ᠋ ᠬᠦᠨᠳᠦ ᠳᠡᠰ ᠲᠤ ᠲᠡᠷᠢᠭᠦᠯᠡᠵᠦ ︽ᠵᠤᠯᠵᠠᠭᠠᠨ ᠪᠦᠷᠭᠦᠳ︾᠎ ᠢᠶᠠᠷ ᠴᠣᠯᠠᠯᠠᠭᠳᠠᠵᠠᠢ᠃ ᠮᠥᠨ ᠲᠤᠰ ᠵᠢᠯ ᠵᠡᠭᠦᠨ ᠦᠵᠦᠮᠦᠴᠢᠨ ᠬᠤᠰᠢᠭᠤᠨ ᠤ ᠤᠤᠯ ᠤᠨ ᠤᠩᠭᠤᠨ ᠰᠤᠮᠤᠨ ᠤ ᠬᠥᠭᠵᠢᠯᠲᠦ ᠭᠠᠴᠠᠭᠠᠨ ᠤ ᠨᠠᠶᠢᠷ ᠲᠤ ᠳᠡᠭᠡᠳᠦ ᠳᠥᠷᠪᠡ ᠳᠤ ᠲᠡᠪᠢᠵᠤ᠂ ᠳᠠᠭᠤᠲᠤᠨᠠᠭᠤᠷ ᠰᠤᠮᠤᠨ ᠤ 256 ᠪᠦᠬᠡ ᠲᠠᠢ ᠨᠠᠶᠢᠷ ᠲᠤ ᠠᠯᠳᠠᠨᠬᠢᠯᠢ ᠶᠢᠨ ᠴᠣᠶᠢᠰᠦ᠋ᠷᠦᠩ ᠵᠡᠷᠭᠡ ᠪᠥᠬᠡᠴᠢᠳ ᠢ ᠬᠠᠶᠠᠵᠤ 32᠎ ᠲᠤ ᠣᠷᠣᠵᠠᠢ᠃ ᠤᠤᠯ ᠤᠨ ᠪᠠᠶᠠᠨᠬᠦ᠋ᠭᠡᠪᠦᠷ ᠰᠤᠮᠤᠨ ᠤ 256 ᠪᠦᠬᠡ ᠲᠠᠢ ᠨᠠᠶᠢᠷ ᠲᠤ ᠡᠷᠢᠶᠡᠨᠭᠤᠪᠢ ᠶᠢᠨ ᠭᠤᠨᠴᠣᠭᠵᠠᠪ᠂ ᠮᠠᠨᠳᠤᠬᠤᠪᠤᠯᠠᠭ ᠤᠨ ᠪᠠᠶᠠᠷ ᠵᠡᠷᠭᠡ ᠪᠥᠬᠡᠴᠢᠳ ᠢ ᠬᠠᠶᠠᠵᠤ ᠮᠠᠨᠳᠤᠬᠤᠪᠤᠯᠠᠭ ᠤᠨ ᠰᠡᠷᠡᠩᠳᠣᠩᠷᠣᠪ ᠲᠤ ᠣᠶᠢᠴᠢᠵᠠᠢ᠃ ᠰᠠᠮᠠᠢ ᠰᠤᠮᠤᠨ ᠤ 256 ᠪᠦᠬᠡ ᠲᠠᠢ ᠨᠠᠶᠢᠷ ᠲᠤ ᠠᠯᠳᠠᠨᠬᠢᠯᠢ ᠶᠢᠨ ᠮᠢ᠊ · ᠭᠧᠩᠳᠡᠨ ᠵᠡᠷᠭᠡ ᠪᠥᠬᠡᠴᠦᠳ ᠢ ᠬᠠᠶᠠᠵᠤ 16᠎ ᠳᠤ ᠲᠡᠪᠢᠪᠡ᠃ ᠰᠢᠯᠢ ᠶᠢᠨ ᠭᠤᠣᠯ ᠠᠶᠢᠮᠠᠭ ᠤᠨ ᠰᠢᠯᠢᠳᠡᠭ 128 ᠪᠦᠬᠡ ᠶᠢᠨ ᠪᠠᠷᠢᠯᠳᠤᠭᠠᠨ ᠳᠤ 16᠎ ᠳᠤ ᠲᠡᠪᠢᠪᠠ᠃ 1980 ᠣᠨ ᠳᠤ ᠤᠤᠯ ᠤᠨ ᠪᠠᠶᠠᠨᠬᠦ᠋ᠭᠡᠪᠦᠷ ᠰᠤᠮᠤᠨ ᠤ ᠵᠠᠯᠠᠭᠤᠴᠤᠳ ᠤᠨ ᠨᠠᠶᠢᠷ ᠲᠤ ᠳᠡᠭᠡᠳᠦ ᠨᠠᠢᠮᠠ ᠳᠤ ᠰᠢᠷᠤᠪ ᠲᠤ ᠪᠠᠭᠤᠵᠤ ᠥᠭᠪᠡ᠃ ᠠᠪᠠᠭ᠎ᠠ ᠬᠤᠰᠢᠭᠤᠨ ᠤ ᠶᠡᠬᠡᠭᠤᠤᠯ ᠰᠤᠮᠤᠨ ᠤ ᠨᠠᠶᠢᠷ ᠲᠤ ᠠᠪᠠᠭ᠎ᠠ ᠬᠤᠰᠢᠭᠤᠨ ᠤ ᠣ · ᠳᠠᠮᠳᠢᠨ᠂ ᠰᠤ · ᠳᠠᠮᠳᠢᠨ ᠵᠡᠷᠭᠡ ᠲᠦᠷᠪᠡᠨ ᠳᠠᠮᠳᠢᠨ ᠢ ᠬᠠᠶᠠᠵᠤ 16᠎ ᠳᠤ ᠲᠡᠪᠢᠪᠠ᠃ 1981 ᠣᠨ ᠳᠤ ᠪᠠᠷᠠᠭᠤᠨ ᠦᠵᠦᠮᠦᠴᠢᠨ ᠬᠤᠰᠢᠭᠤᠨ ᠤ ᠪᠠᠶᠠᠨᠭᠤᠣᠯ ᠰᠤᠮᠤᠨ ᠤ 256 ᠪᠦᠬᠡ ᠲᠠᠢ ᠨᠠᠶᠢᠷ ᠲᠤ 16᠎ ᠳᠤ ᠲᠡᠪᠢᠵᠤ᠂ ᠵᠡᠭᠦᠨ ᠦᠵᠦᠮᠦᠴᠢᠨ ᠬᠤᠰᠢᠭᠤᠨ ᠤ ᠠᠷᠠᠳ ᠤᠨ ᠶᠡᠭᠡ ᠨᠠᠶᠢᠷ ᠤᠨ 512 ᠪᠦᠬᠡ ᠶᠢᠨ ᠪᠠᠷᠢᠯᠳᠤᠭᠠᠨ ᠳᠤ ᠪᠠᠷᠠᠭᠤᠨ ᠦᠵᠦᠮᠦᠴᠢᠨ ᠤ ᠥᠯᠵᠡᠶᠢᠪᠠᠶᠠᠷ ᠵᠡᠷᠭᠡ ᠪᠥᠬᠡᠴᠢᠳ ᠢ ᠬᠠᠶᠠᠵᠤ 16᠎ ᠳᠤ ᠲᠡᠪᠢᠪᠡ᠃ ᠮᠥᠨ ᠳᠤᠰ ᠵᠢᠯ ᠤᠤᠯ ᠤᠨ ᠪᠠᠶᠠᠨᠬᠦ᠋ᠭᠡᠪᠦᠷ ᠰᠤᠮᠤᠨ ᠤ ᠵᠢᠷᠠᠨᠪᠤᠯᠠᠭ ᠭᠠᠴᠠᠭᠠᠨ ᠤ 256 ᠪᠦᠬᠡ ᠲᠠᠢ ᠨᠠᠶᠢᠷ ᠲᠤ ᠠ᠊ · ᠵᠢᠷᠭᠠᠯ ᠳᠤ ᠪᠠᠭᠤᠵᠤ ᠳᠡᠭᠡᠳᠦ ᠳᠥᠷᠪᠡ ᠳᠤ ᠲᠡᠪᠢᠪᠠ᠃ 1982 ᠣᠨ ᠳᠤ ᠤᠤᠯ ᠤᠨ ᠪᠤᠯᠠᠭ ᠰᠤᠮᠤᠨ ᠤ 128 ᠪᠦᠬᠡ ᠲᠠᠢ ᠨᠠᠶᠢᠷ ᠲᠤ ᠲᠠᠮᠪᠠ᠂ ᠪᠥᠬᠡᠪᠠᠭᠠᠲᠤᠷ᠂ ᠪᠤᠶᠠᠨᠲᠤ ᠵᠡᠷᠭᠡ ᠪᠥᠬᠡᠴᠢᠳ ᠢ ᠬᠠᠶᠠᠵᠤ ᠳᠡᠳ᠋ᠯᠡᠪᠡ᠃ ᠰᠢᠯᠢ ᠶᠢᠨ ᠭᠤᠣᠯ ᠠᠶᠢᠮᠠᠭ ᠤᠨ 1024 ᠪᠦᠬᠡ ᠲᠠᠢ ᠨᠠᠶᠢᠷ ᠲᠤ ᠪᠠᠷᠠᠭᠤᠨ ᠦᠵᠦᠮᠦᠴᠢᠨ ᠬᠤᠰᠢᠭᠤᠨ ᠤ ᠬᠡᠦᠬᠡᠨᠪᠤᠷᠤ ᠵᠡᠷᠭᠡ ᠪᠥᠬᠡᠴᠢᠳ ᠢ ᠬᠠᠶᠠᠵᠤ 64᠎ ᠳᠤ ᠲᠡᠪᠢᠪᠠ᠃1984 ᠣᠨ ᠳᠤ ᠵᠡᠭᠦᠨ ᠦᠵᠦᠮᠦᠴᠢᠨ ᠬᠤᠰᠢᠭᠤᠨ ᠤ ᠡᠳ᠋ ᠪᠣᠳᠠᠰ ᠤᠨ ᠰᠣᠯᠢᠯᠴᠠᠭᠠᠨ ᠤ ᠨᠠᠶᠢᠷ ᠤᠨ 256 ᠪᠦᠬᠡ ᠶᠢᠨ ᠪᠠᠷᠢᠯᠳᠤᠭᠠᠨ ᠳᠤ 8᠎ ᠳᠤ ᠲᠡᠪᠢᠵᠤ᠂ ᠨᠢᠭᠡᠴᠢ ᠶᠢᠨ ᠤᠷᠤᠯᠳᠤᠭᠠᠨ ᠳᠤ ᠲᠡᠷᠢᠭᠦᠯᠡᠪᠡ᠃ ᠡᠭᠦᠨ ᠠᠴᠠ ᠭᠠᠳᠠᠨ᠎ᠠ ᠨᠤᠲᠤᠭ ᠤᠰᠤᠨ ᠤ ᠪᠠᠨ ᠣᠪᠣᠭᠠᠨ ᠤ ᠨᠠᠶᠢᠷ᠂ ᠨᠠᠰᠤᠲᠠᠨ ᠤ ᠨᠠᠶᠢᠷ ᠤᠳ ᠢᠶᠠᠷ ᠤᠯᠠᠨ ᠤᠳᠠᠭ᠎ᠠ ᠳᠡᠭᠡᠳᠦ ᠳᠥᠷᠪᠡ᠂ ᠳᠡᠭᠡᠷ᠎ᠡ ᠨᠠᠢᠮᠠ ᠪᠠᠷ ᠰᠠᠶᠢᠨ ᠪᠠᠷᠢᠯᠳᠤᠵᠤ ᠶᠠᠪᠤᠭᠰᠠᠨ ᠪᠢᠯᠡ᠃ ᠴᠣᠯᠮᠣᠨ ᠤ ᠬᠤᠷᠳᠤᠯᠠᠭᠤᠯᠤᠭᠰᠠᠨ ᠮᠣᠷᠢᠳ ᠤᠨ ᠠᠮᠵᠢᠯᠲᠠ ᠠᠴᠠ ᠳᠤᠷᠠᠳᠪᠠᠯ᠂ ᠤᠯᠠᠭᠠᠨ ᠮᠣᠷᠢ ᠨᠢ 1986 ᠣᠨ ᠳᠤ ᠵᠡᠭᠦᠨ ᠦᠵᠦᠮᠦᠴᠢᠨ ᠬᠤᠰᠢᠭᠤᠨ ᠤ ᠨᠠᠷᠢᠨ ᠬᠠᠨ ᠣᠪᠣᠭ᠎ᠠ ᠪᠣᠯᠣᠨ ᠬᠦᠬᠡᠪᠤᠷ ᠣᠪᠣᠭᠠᠨ ᠤ ᠲᠠᠬᠢᠯᠭ᠎ᠠ ᠶᠢᠨ ᠨᠠᠶᠢᠷ ᠤᠨ ᠮᠣᠷᠢᠨ ᠤ ᠤᠷᠤᠯᠲᠤᠭᠠᠨ ᠳᠤ ᠳᠡᠳ᠋ᠯᠡᠪᠡ︔ 1987 ᠣᠨ ᠳᠤ ᠤᠤᠯ ᠤᠨ ᠡᠷᠢᠶᠡᠨᠭᠤᠪᠢ ᠰᠤᠮᠤᠨ ᠤ ᠨᠠᠶᠢᠷ ᠲᠤ ᠵᠢᠷᠭᠤᠳᠤᠭᠠᠷ ᠲᠤ ᠬᠤᠷᠳᠤᠯᠠᠪᠠ︔ 1987 ᠣᠨ ᠳᠤ ᠵᠡᠭᠦᠨ ᠦᠵᠦᠮᠦᠴᠢᠨ ᠬᠤᠰᠢᠭᠤᠨ ᠤ ᠬᠦᠬᠡᠪᠤᠷ ᠣᠪᠣᠭ᠎ᠠ ᠪᠣᠯᠣᠨ ᠥᠩᠲᠦ ᠶᠢᠨ ᠣᠪᠣᠭᠠᠨ ᠤ ᠲᠠᠬᠢᠯᠭ᠎ᠠ ᠶᠢᠨ ᠨᠠᠶᠢᠷ ᠤᠨ ᠮᠣᠷᠢᠨ ᠤ ᠤᠷᠤᠯᠲᠤᠭᠠᠨ ᠳᠤ ᠳᠡᠳ᠋ᠯᠡᠪᠡ︔ 1988 ᠣᠨ ᠳᠤ ᠵᠡᠭᠦᠨ ᠦᠵᠦᠮᠦᠴᠢᠨ ᠬᠤᠰᠢᠭᠤᠨ ᠤ ᠮᠠᠯᠴᠢᠳ ᠤᠨ ᠠᠩᠬᠠᠳᠠᠭᠴᠢ ᠤᠳᠠᠭᠠᠨ ᠤ 512 ᠪᠦᠬᠡ ᠲᠠᠢ ᠨᠠᠶᠢᠷ ᠤᠨ ᠮᠣᠷᠢᠨ ᠤ ᠤᠷᠤᠯᠲᠤᠭᠠᠨ ᠳᠤ ᠲᠡᠷᠢᠭᠦᠯᠡᠨ᠂ ᠬᠦᠬᠡᠪᠤᠷ ᠣᠪᠣᠭᠠᠨ ᠤ ᠲᠠᠬᠢᠯᠭ᠎ᠠ ᠶᠢᠨ ᠨᠠᠶᠢᠷ ᠲᠤ ᠭᠤᠷᠪᠠᠳᠤᠭᠠᠷ ᠲᠤ ᠬᠤᠷᠳᠤᠯᠠᠪᠠ︔ 1989 ᠣᠨ ᠳᠤ ᠥᠩᠲᠦ ᠶᠢᠨ ᠣᠪᠣᠭᠠᠨ ᠤ ᠲᠠᠬᠢᠯᠭ᠎ᠠ ᠶᠢᠨ ᠨᠠᠶᠢᠷ ᠲᠤ ᠭᠤᠷᠪᠠᠳᠤᠭᠠᠷ ᠲᠤ ᠬᠤᠷᠳᠤᠯᠠᠪᠠ︔ 1990 ᠣᠨ ᠳᠤ ᠰᠢᠯᠢ ᠶᠢᠨ ᠭᠤᠣᠯ ᠠᠶᠢᠮᠠᠭ ᠤᠨ 1024 ᠪᠦᠬᠡ ᠲᠠᠢ ᠨᠠᠶᠢᠷ ᠤᠨ ᠮᠣᠷᠢᠨ ᠤ ᠤᠷᠤᠯᠲᠤᠭᠠᠨ ᠳᠤ ᠬᠤᠷᠢᠨ ᠳᠣᠯᠣᠳᠤᠭᠠᠷ ᠲᠤ ᠬᠤᠷᠳᠤᠯᠠᠨ᠂ ᠥᠩᠲᠦ ᠶᠢᠨ ᠣᠪᠣᠭᠠᠨ ᠤ ᠲᠠᠬᠢᠯᠭ᠎ᠠ ᠶᠢᠨ ᠨᠠᠶᠢᠷ ᠲᠤ ᠳᠥᠷᠪᠡᠳᠦᠭᠡᠷ ᠲᠤ ᠬᠤᠷᠳᠤᠯᠠᠪᠠ︔ 1991 ᠣᠨ ᠳᠤ ᠵᠡᠭᠦᠨ ᠦᠵᠦᠮᠦᠴᠢᠨ ᠬᠤᠰᠢᠭᠤᠨ ᠤ ᠬᠦᠬᠡᠪᠤᠷ ᠣᠪᠣᠭᠠᠨ ᠤ ᠲᠠᠬᠢᠯᠭ᠎ᠠ ᠶᠢᠨ ᠨᠠᠶᠢᠷ ᠲᠤ ᠳᠣᠯᠣᠳᠤᠭᠠᠷ ᠲᠤ᠂ ᠥᠩᠲᠦ ᠶᠢᠨ ᠣᠪᠣᠭᠠᠨ ᠤ ᠲᠠᠬᠢᠯᠭ᠎ᠠ ᠶᠢᠨ ᠨᠠᠶᠢᠷ ᠲᠤ ᠳᠥᠷᠪᠡᠳᠦᠭᠡᠷ ᠲᠤ ᠬᠤᠷᠳᠤᠯᠠᠪᠠ︔ 1992 ᠣᠨ ᠳᠤ ᠵᠡᠭᠦᠨ ᠦᠵᠦᠮᠦᠴᠢᠨ ᠬᠤᠰᠢᠭᠤᠨ ᠤ ᠬᠦᠬᠡᠪᠤᠷ ᠣᠪᠣᠭᠠᠨ ᠤ ᠲᠠᠬᠢᠯᠭ᠎ᠠ ᠶᠢᠨ ᠨᠠᠶᠢᠷ ᠲᠤ ᠲᠠᠪᠤᠳᠤᠭᠠᠷ ᠲᠤ᠂ ᠥᠩᠲᠦ ᠶᠢᠨ ᠣᠪᠣᠭᠠᠨ ᠤ ᠲᠠᠬᠢᠯᠭ᠎ᠠ ᠶᠢᠨ ᠨᠠᠶᠢᠷ ᠲᠤ ᠳᠥᠷᠪᠡᠳᠦᠭᠡᠷ ᠲᠤ ᠬᠤᠷᠳᠤᠯᠠᠪᠠ︔ 1994 ᠣᠨ ᠳᠤ ᠨᠠᠰᠤᠲᠠᠨ ᠤ ᠨᠠᠰᠤᠨ ᠪᠠᠶᠠᠷ ᠤᠨ ᠨᠠᠶᠢᠷ ᠲᠤ ᠵᠢᠷᠭᠤᠳᠤᠭᠠᠷ ᠲᠤ᠂ ᠵᠢᠷᠠᠨᠪᠤᠯᠠᠭ ᠭᠠᠴᠠᠭᠠᠨ ᠤ ᠲᠦᠮᠡᠨᠭᠡᠷᠡᠯ ᠨᠠᠰᠤᠲᠠᠨ ᠤ ᠨᠠᠰᠤᠨ ᠪᠠᠶᠠᠷ ᠤᠨ ᠨᠠᠶᠢᠷ ᠲᠤ ᠭᠤᠷᠪᠠᠳᠤᠭᠠᠷ ᠲᠤ ᠬᠤᠷᠳᠤᠯᠠᠪᠠ︔ 1995 ᠣᠨ ᠳᠤ ᠤᠤᠯ ᠤᠨ ᠪᠠᠶᠠᠨᠬᠦ᠋ᠭᠡᠪᠦᠷ ᠰᠤᠮᠤᠨ ᠤ 512 ᠪᠦᠬᠡ ᠲᠠᠢ ᠠᠷᠠᠳ ᠤᠨ ᠶᠡᠭᠡ ᠨᠠᠶᠢᠷ ᠲᠤ ᠲᠡᠷᠢᠭᠦᠯᠡᠪᠡ᠃ ᠬᠦᠷᠡᠩ ᠮᠣᠷᠢ ᠨᠢ 1995 ᠣᠨ ᠳᠤ ᠤᠤᠯ ᠤᠨ ᠪᠠᠶᠠᠨᠬᠦ᠋ᠭᠡᠪᠦᠷ ᠰᠤᠮᠤᠨ ᠤ 512 ᠪᠦᠬᠡ ᠲᠠᠢ ᠠᠷᠠᠳ ᠤᠨ ᠶᠡᠭᠡ ᠨᠠᠶᠢᠷ ᠤᠨ ᠲᠠᠭ᠎ᠠ ᠶᠢᠨ ᠤᠷᠤᠯᠲᠤᠭᠠᠡ ᠳᠤ ᠳᠥᠷᠪᠡᠳᠦᠭᠡᠷ ᠲᠤ ᠬᠤᠷᠳᠤᠯᠠᠪᠠ︔ 2000 ᠣᠨ ᠳᠤ ᠥᠩᠲᠦ ᠶᠢᠨ ᠣᠪᠣᠭᠠᠨ ᠤ ᠲᠠᠬᠢᠯᠭ᠎ᠠ ᠶᠢᠨ ᠨᠠᠶᠢᠷ ᠲᠤ ᠭᠤᠷᠪᠠᠳᠤᠭᠠᠷ ᠲᠤ ᠬᠤᠷᠳᠤᠯᠠᠪᠠ᠃ ᠬᠠᠯᠲᠠᠷ ᠮᠣᠷᠢ ᠨᠢ 2007 ᠣᠨ ᠳᠤ ᠤᠤᠯ ᠤᠨ ᠡᠷᠢᠶᠡᠨᠭᠤᠪᠢ ᠰᠤᠮᠤᠨ ᠤ ᠬᠠᠷᠠᠭᠤᠯ ᠣᠪᠣᠭᠠᠨ ᠤ ᠲᠠᠬᠢᠯᠭ᠎ᠠ ᠶᠢᠨ ᠨᠠᠶᠢᠷ ᠲᠤ ᠳᠡᠳ᠋ᠯᠡᠵᠦ᠂ ᠵᠡᠭᠦᠨ ᠦᠵᠦᠮᠦᠴᠢᠨ ᠬᠤᠰᠢᠭᠤᠨ ᠤ ᠰᠢᠨ᠎ᠡ ᠣᠨ ᠢᠶᠠᠨ ᠤᠭᠲᠤᠬᠤ ᠮᠣᠷᠢᠨ ᠤ ᠤᠷᠤᠯᠳᠤᠭᠠᠨ ᠳᠤ ᠭᠤᠷᠪᠠᠳᠤᠭᠠᠷ ᠲᠤ᠂ ᠤᠤᠯ ᠤᠨ ᠪᠠᠶᠠᠨᠬᠦ᠋ᠭᠡᠪᠦᠷ ᠰᠤᠮᠤᠨ ᠤ ᠳᠤᠪᠤᠭᠵᠠᠪ ᠨᠠᠰᠤᠲᠠᠨ ᠤ ᠨᠠᠰᠤᠨ ᠪᠠᠶᠠᠷ ᠤᠨ ᠨᠠᠶᠢᠷ ᠲᠤ ᠳᠣᠯᠣᠳᠤᠭᠠᠷ ᠲᠤ᠂ ᠲᠦᠭᠦᠷᠡᠩᠵᠠᠭᠠᠨ ᠣᠪᠣᠭᠠᠨ ᠤ ᠲᠠᠬᠢᠯᠭ᠎ᠠ ᠶᠢᠨ ᠨᠠᠶᠢᠷ ᠲᠤ ᠨᠠᠢᠮᠠᠳᠤᠭᠠᠷ ᠲᠤ᠂ ᠳᠠᠭᠤᠲᠤᠨᠠᠭᠤᠷ ᠪᠠᠯᠭᠠᠰᠤᠨ ᠤ ᠰᠠᠭᠯᠠᠢ ᠣᠪᠣᠭᠠᠨ ᠤ ᠲᠠᠬᠢᠯᠭ᠎ᠠ ᠶᠢᠨ ᠨᠠᠶᠢᠷ ᠲᠤ ᠳᠥᠷᠪᠡᠳᠦᠭᠡᠷ ᠲᠤ᠂ ᠤᠤᠯ ᠤᠨ ᠡᠷᠢᠶᠡᠨᠭᠤᠪᠢ ᠶᠢᠨ ᠶᠡᠬᠡᠠ᠋ᠭᠤᠯᠠ ᠣᠪᠣᠭᠠᠨ ᠤ ᠲᠠᠬᠢᠯᠭ᠎ᠠ ᠶᠢᠨ ᠨᠠᠶᠢᠷ ᠲᠤ ᠨᠠᠢᠮᠠᠳᠤᠭᠠᠷ ᠲᠤ᠂ ᠳᠠᠭᠤᠲᠤᠨᠠᠭᠤᠷ ᠪᠠᠯᠭᠠᠰᠤᠨ ᠤ ᠨᠢᠭᠡ ᠨᠠᠰᠤᠲᠠᠨ ᠤ ᠨᠠᠰᠤᠨ ᠪᠠᠶᠠᠷ ᠤᠨ ᠨᠠᠶᠢᠷ ᠲᠤ ᠵᠢᠷᠭᠤᠳᠤᠭᠠᠷ ᠲᠤ ᠬᠤᠷᠳᠤᠯᠠᠵᠤ ᠪᠠᠶᠢᠪᠠ᠃ ᠬᠡᠭᠡᠷ ᠮᠣᠷᠢ ᠨᠢ ᠳᠠᠭᠤᠲᠤᠨᠠᠭᠤᠷ ᠪᠠᠯᠭᠠᠰᠤᠨ ᠤ ᠵᠢᠰᠠ ᠶᠢᠨ ᠣᠪᠣᠭᠠᠨ ᠤ ᠲᠠᠬᠢᠯᠭ᠎ᠠ ᠶᠢᠨ ᠨᠠᠶᠢᠷ ᠲᠤ ᠲᠠᠪᠤᠳᠤᠭᠠᠷ ᠲᠤ᠂ ᠤᠤᠯ ᠤᠨ ᠪᠠᠶᠠᠨᠬᠦ᠋ᠭᠡᠪᠦᠷ ᠰᠤᠮᠤᠨ ᠤ ᠵᠢᠷᠠᠨᠪᠤᠯᠠᠭ ᠭᠠᠴᠠᠭᠠᠨ ᠤ ᠳᠤᠩᠷᠤᠪ ᠨᠠᠰᠤᠲᠠᠨ ᠤ ᠨᠠᠶᠢᠷ ᠲᠤ ᠨᠠᠢᠮᠠᠳᠤᠭᠠᠷ ᠲᠤ᠂ ᠬᠦᠷᠢᠶᠡᠲᠦᠨᠠᠭᠤᠷ ᠰᠤᠮᠤᠨ ᠤ ᠨᠢᠭᠡ ᠨᠠᠰᠤᠲᠠᠨ ᠤ ᠨᠠᠰᠤᠨ ᠪᠠᠶᠠᠷ ᠤᠨ ᠨᠠᠶᠢᠷ ᠲᠤ ᠳᠣᠯᠣᠳᠤᠭᠠᠷ ᠲᠤ᠂ ᠮᠠᠨᠳᠤᠬᠤᠪᠤᠯᠠᠭ ᠪᠠᠯᠭᠠᠰᠤᠨ ᠤ ᠨᠢᠭᠡ ᠨᠠᠰᠤᠲᠠᠨ ᠤ ᠨᠠᠰᠤᠨ ᠪᠠᠶᠠᠷ ᠤᠨ ᠨᠠᠶᠢᠷ ᠲᠤ ᠵᠢᠷᠭᠤᠳᠤᠭᠠᠷ ᠲᠤ ᠬᠤᠷᠳᠤᠯᠠᠪᠠ᠃ ᠬᠠᠯᠲᠠᠷ ᠦᠷᠢᠶ᠎ᠡ ᠨᠢ 2019 ᠣᠨ ᠳᠤ ᠵᠡᠭᠦᠨ ᠦᠵᠦᠮᠦᠴᠢᠨ ᠬᠤᠰᠢᠭᠤᠨ ᠤ ᠥᠩᠲᠦ ᠶᠢᠨ ᠣᠪᠣᠭᠠᠨ ᠤ ᠲᠠᠬᠢᠯᠭ᠎ᠠ ᠶᠢᠨ ᠨᠠᠶᠢᠷ ᠲᠤ ᠳᠣᠯᠣᠳᠤᠭᠠᠷ ᠲᠤ᠂ ᠰᠡᠷᠲᠡᠡ ᠣᠪᠣᠭᠠᠨ ᠤ ᠲᠠᠬᠢᠯᠭ᠎ᠠ ᠶᠢᠨ ᠨᠠᠶᠢᠷ ᠲᠤ ᠠᠷᠪᠠᠳᠤᠭᠠᠷ ᠲᠤ ᠬᠤᠷᠳᠤᠯᠠᠪᠠ᠃ ᠬᠡᠭᠡᠷ ᠰᠢᠳᠦᠯᠡᠩ ᠦᠷᠢᠶ᠎ᠡ ᠨᠢ 2019 ᠣᠨ ᠳᠤ ᠥᠩᠲᠦ ᠶᠢᠨ ᠣᠪᠣᠭᠠᠨ ᠤ ᠲᠠᠬᠢᠯᠭ᠎ᠠ ᠶᠢᠨ ᠨᠠᠶᠢᠷ ᠲᠤ ᠳᠣᠯᠣᠳᠤᠭᠠᠷ ᠲᠤ ᠬᠤᠷᠳᠤᠯᠠᠪᠠ︔ 2020 ᠣᠨ ᠳᠤ ᠡᠵᠢᠨᠠᠭᠤᠷ ᠪᠠᠯᠭᠠᠰᠤᠨ ᠤ ᠨᠠᠶᠢᠷ ᠲᠤ ᠠᠷᠪᠠᠳᠤᠭᠠᠷ ᠲᠤ ᠬᠤᠷᠳᠤᠯᠠᠪᠠ︔ 2014 ᠣᠨ ᠠᠴᠠ ᠭᠤᠷᠪᠠᠨ ᠬᠦᠷᠡᠩ ᠲᠠᠭ᠎ᠠ᠂ ᠬᠡᠭᠡᠷ ᠲᠠᠭ᠎ᠠ ᠵᠡᠷᠭᠡ ᠬᠡᠳᠦᠨ ᠲᠠᠭ᠎ᠠ ᠤᠶᠠᠵᠤ ᠬᠤᠷᠳᠤᠯᠠᠭᠤᠯᠪᠠ︔ 2014 ᠣᠨ ᠳᠤ ᠶᠡᠭᠡ ᠬᠦᠷᠡᠩ ᠳᠠᠭ᠎ᠠ ᠨᠢ ᠥᠩᠲᠦ ᠶᠢᠨ ᠣᠪᠣᠭᠠᠨ ᠤ ᠲᠠᠬᠢᠯᠭ᠎ᠠ ᠶᠢᠨ ᠨᠠᠶᠢᠷ ᠲᠤ ᠨᠠᠢᠮᠠᠳᠤᠭᠠᠷ ᠲᠤ ᠬᠤᠷᠳᠤᠯᠠᠪᠠ︔ 2015 ᠣᠨ ᠳᠤ ᠳᠤᠮᠳᠠ ᠬᠦᠷᠡᠩ ᠳᠠᠭ᠎ᠠ ᠨᠢ ᠰᠢᠨ᠎ᠡ ᠰᠦᠮ᠎ᠡ ᠶᠢᠨ ᠲᠠᠯᠠᠯᠭᠠᠨ ᠨᠠᠶᠢᠷ ᠲᠤ ᠳᠣᠯᠣᠳᠤᠭᠠᠷ ᠲᠤ ᠬᠤᠷᠳᠤᠯᠠᠪᠠ︔ 2016 ᠣᠨ ᠳᠤ ᠪᠠᠭ᠎ᠠ ᠬᠦᠷᠡᠩ ᠳᠠᠭ᠎ᠠ ᠎ ᠨᠢ ᠰᠢᠨ᠎ᠡ ᠰᠦᠮ᠎ᠡ ᠶᠢᠨ ᠲᠠᠯᠠᠯᠭᠠᠨ ᠨᠠᠶᠢᠷ ᠲᠤ ᠵᠢᠷᠭᠤᠳᠤᠭᠠᠷ ᠲᠤ᠂ ᠬᠡᠭᠡᠷ ᠳᠠᠭ᠎ᠠ ᠨᠢ ᠨᠠᠢᠮᠠᠳᠤᠭᠠᠷ ᠲᠤ ᠬᠤᠷᠳᠤᠯᠠᠪᠠ᠃          ᠴᠣᠯᠮᠣᠨ ᠰᠠᠶᠢᠨ ᠪᠦᠬᠡ ᠰᠠᠶᠢᠨ ᠤᠶᠠᠭᠠᠴᠢ ᠮᠥᠷᠲᠡᠭᠡᠨ ᠰᠠᠶᠢᠨ ᠤᠷᠭᠠᠴᠢᠨ ᠶᠤᠮ᠃ ᠲᠡᠷᠡ ᠨᠤᠲᠤᠭ ᠤᠰᠤᠡ ᠤ ᠪᠠᠨ ᠰᠠᠶᠢᠨ ᠲᠠᠭᠠᠷᠢᠲᠠᠭ 60 ᠭᠠᠷᠤᠢ ᠠᠵᠢᠷᠭ᠎ᠠ ᠶᠢ ᠬᠠᠶᠠᠵᠠᠢ᠃ 2018 ᠣᠨ ᠳᠤ 59 ᠨᠠᠰᠤᠨ ᠳᠤ ᠪᠠᠨ ᠰᠤ · ᠵᠢᠷᠭᠠᠯ ᠤᠨ ᠰᠠᠶᠢᠨ ᠲᠠᠭᠠᠷᠢᠲᠠᠭ ᠬᠠᠷ᠎ᠠ ᠠᠵᠢᠷᠭ᠎ᠠ᠂ ᠥᠪᠡᠷ ᠤᠨ ᠬᠡᠭᠡᠷ ᠵᠡᠷᠭᠡ ᠭᠤᠷᠪᠠᠨ ᠠᠵᠢᠷᠭ᠎ᠠ ᠶᠢ ᠤᠷᠭᠠᠯᠠᠨ ᠬᠠᠶᠠᠵᠠᠢ᠃ 2019 ᠣᠨ ᠳᠤ ᠵᠢᠷᠠᠨ ᠨᠠᠰᠤᠨ ᠳᠤ ᠪᠠᠨ ᠬᠤᠳᠠᠯᠠᠳᠡᠭᠦᠰ ᠤᠨ ᠰᠠᠶᠢᠨ ᠲᠠᠭᠠᠷᠢᠲᠠᠭ ᠰᠢᠷᠭ᠎ᠠ ᠠᠵᠢᠷᠭ᠎ᠠ ᠶᠢ ᠤᠷᠭᠠᠯᠠᠨ ᠬᠠᠶᠠᠵᠤ ᠵᠠᠯᠠᠭᠤᠴᠤᠳ ᠤᠨ ᠠᠲᠠᠭ᠎ᠠ ᠶᠢ ᠬᠦᠷᠭᠡᠵᠦ ᠶᠠᠪᠤᠭᠰᠠᠨ ᠶᠤᠮ᠃ ᠡᠨᠡ ᠵᠢᠯ ᠨᠤᠲᠤᠭ ᠤᠨ ᠬᠢᠨᠢ ᠳᠡᠭᠦᠦ ᠨᠠᠷ ᠠᠵᠢᠷᠭ᠎ᠠ ᠤᠷᠭᠠᠯᠠᠬᠤ ᠳᠤ ᠪᠠᠨ ᠴᠣᠯᠮᠣᠨ ᠭᠤᠸᠠᠢ ᠶᠢᠨ ᠬᠡᠭᠡᠷ ᠠᠵᠢᠷᠭ᠎ᠠ ᠪᠣᠯᠣᠨ ᠬᠤᠸᠠ ᠠᠵᠢᠷᠭᠠᠨ ᠳᠤ ᠤᠷᠭ᠎ᠠ ᠠᠯᠳᠠᠭᠠᠳ ᠪᠠᠶᠢᠬᠤ ᠦᠶ᠎ᠡ ᠳᠤ᠂ ᠵᠢᠷᠠ ᠬᠦᠷᠦᠭᠰᠡᠨ ᠴᠣᠯᠮᠣᠨ ᠭᠤᠸᠠᠢ ᠤᠷᠭ᠎ᠠ ᠰᠢᠭᠦᠷᠴᠦ ᠬᠤᠶᠠᠷ ᠠᠵᠢᠷᠭ᠎ᠠ ᠪᠠᠨ ᠴᠤᠪᠤᠭᠤᠯᠵᠤ ᠬᠠᠶᠠᠭᠠᠳ᠂ ᠬᠡᠦᠬᠡᠳ ᠳᠡᠭᠦᠦ ᠨᠠᠷ ᠲᠤ ᠪᠠᠨ ᠤᠷᠭᠠᠴᠢᠨ ᠬᠥᠮᠥᠨ ᠤ ᠤᠷ᠎ᠠ ᠤᠬᠠᠭᠠᠨ ᠤᠷᠠᠨ ᠲᠡᠮ ᠶᠠᠮᠠᠷᠬᠠᠨ ᠪᠠᠶᠢᠳᠠᠭ ᠭᠡᠲᠡᠭ ᠢ ᠭᠠᠶᠢᠬᠠᠭᠤᠯᠵᠤ ᠪᠢᠯᠡ᠃  
 
ᠢᠷᠡᠯᠲᠡ᠄ ᠰᠢᠯᠢ ᠶᠢᠨ ᠭᠣᠣᠯ ᠠᠢᠮᠠᠭ ᠤᠨ ᠵᠠᠬᠢᠷᠭ᠎ᠠ ᠶᠢᠨ ᠮᠣᠩᠭᠣᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号