ᠪᠥᠬᠡᠴᠢᠨ ᠬᠦᠷᠡᠯ 100 ᠭᠠᠷᠤᠢ ᠡᠮᠡᠭᠡᠯ ᠰᠤᠷᠯᠠᠵᠤ ᠵᠠᠰᠠᠪᠠ
ᠨᠡᠶᠢᠲᠡᠯᠡᠭᠰᠡᠨ ᠴᠠᠭ᠄
2024/3/11
   ᠰᠥᠨᠢᠳ ᠵᠡᠭᠦᠨ ᠬᠤᠰᠢᠭᠤᠨ ᠤ ᠪᠠᠶᠠᠨᠨᠠᠭᠤᠷ ᠪᠠᠯᠭᠠᠰᠤᠨ ᠤ ᠪᠠᠶᠠᠨᠰᠢᠭᠤᠢ ᠭᠠᠴᠠᠭᠠᠨ ᠤ ᠠᠳᠤᠭᠤᠨ ᠰᠢᠷ᠎ᠠ ᠶᠢᠨ ᠡᠯᠢᠭᠡᠨ ᠳᠤ ᠲᠠᠪᠤᠨ ᠬᠤᠰᠢᠭᠤ ᠮᠠᠯ ᠤᠨ ᠬᠡᠰᠢᠭ ᠬᠤᠷᠤᠶᠢᠯᠠᠵᠤ ᠲᠠᠩᠰᠤᠭ ᠠᠮᠢᠳᠤᠷᠠᠯ ᠴᠣᠭᠴᠠᠯᠠᠵᠤ ᠶᠠᠪᠤᠭ᠎ᠠ ᠮᠠᠯᠴᠢᠨ ᠬᠦᠷᠡᠯ ᠪᠣᠯ ᠤᠳᠤᠮ ᠳᠠᠮᠵᠢᠭᠰᠠᠨ ᠵᠠᠩᠬᠢᠶᠠᠳᠦ ᠪᠥᠬᠡᠴᠢᠨ᠂ ᠤᠷ᠎ᠠ ᠤᠬᠠᠭᠠᠨ ᠥᠪᠯᠡᠭᠰᠡᠨ ᠤᠷᠠᠨ ᠰᠤᠷᠴᠢᠨ ᠪᠢᠯᠡ᠃          ᠬᠦᠷᠡᠯ ᠤᠨ ᠡᠪᠦᠭᠡ ᠠᠪᠤ ᠲᠠᠷᠬᠠᠨ ᠪᠥᠬᠡᠴᠢᠨ ᠪᠤᠶ᠋ᠬᠠᠠᠷᠪᠢᠵᠢᠬᠤ ᠰᠥᠨᠢᠳ ᠴᠠᠬᠠᠷ ᠲᠤ ᠨᠡᠷ᠎ᠡ ᠠᠯᠳᠠᠷᠰᠢᠭᠰᠠᠨ ᠪᠣᠰᠤᠭ᠎ᠠ ᠠᠪᠤᠷᠭᠤ ᠶᠠᠪᠤᠭᠰᠠᠨ ᠲᠡᠳᠦᠢ ᠦᠭᠡᠢ ᠮᠣᠳᠣᠴᠢᠨ᠂ ᠰᠤᠷᠴᠢᠨ᠂ ᠮᠥᠩᠭᠦᠨ ᠲᠠᠷᠬᠠᠨ ᠵᠡᠷᠭᠡ ᠤᠯᠠᠨ ᠵᠦᠢᠯ ᠤᠨ ᠠᠪᠢᠶᠠᠰ ᠲᠠᠢ ᠬᠥᠮᠥᠨ ᠪᠠᠶᠢᠯ᠎ᠠ ᠭᠡᠳᠡᠭ᠃ ᠬᠦᠷᠡᠯ ᠬᠠᠷᠠᠬᠠᠨ ᠪᠠᠭ᠎ᠠ ᠠᠴᠠ ᠪᠠᠨ ᠠᠵᠢᠭᠴᠢ ᠭᠢᠷᠠᠬᠠᠢ ᠠᠪᠬᠠᠯᠵᠢ ᠰᠡᠷᠭᠦᠯᠡᠩ ᠬᠡᠦᠬᠡᠳ ᠪᠠᠶᠢᠵᠠᠢ᠃ ᠡᠪᠦᠭᠡ ᠪᠣᠯᠣᠨ ᠠᠪᠤ ᠶᠢᠨ ᠢᠶᠠᠨ ᠨᠥᠯᠥᠭᠡ ᠪᠠᠷ ᠪᠦᠬᠡ ᠮᠣᠷᠢᠨ ᠳᠤ ᠬᠤᠷᠣᠬᠠᠶᠢᠲᠠᠢ ᠪᠣᠯᠵᠠᠢ᠃ ᠨᠤᠲᠤᠭ ᠤᠰᠤᠨ ᠤ ᠪᠠᠨ ᠣᠪᠣᠭ᠎ᠠ ᠪᠤᠯᠠᠭ᠂ ᠵᠠᠯᠠᠭᠤᠴᠤᠳ ᠤᠨ ᠨᠠᠶᠢᠷ ᠨᠠᠭᠠᠳᠤᠮ ᠢᠶᠠᠷ ᠵᠣᠳᠣᠭᠯᠠᠵᠤ᠂ 128 ᠪᠤᠶᠤ 64 ᠪᠦᠬᠡ ᠲᠠᠢ ᠨᠠᠶᠢᠷ ᠲᠤ ᠠᠷᠪᠠ ᠭᠠᠷᠤᠢ ᠤᠳᠠᠭ᠎ᠠ ᠲᠡᠷᠢᠭᠦᠯᠡᠵᠦ ᠳᠡᠳ᠋ᠯᠡᠵᠦ ᠪᠠᠶᠢᠭᠰᠠᠨ ᠪᠥᠭᠡᠳ ᠤᠶᠠᠭᠰᠠᠨ ᠮᠣᠷᠢ ᠨᠢ ᠴᠤ ᠠᠶᠢᠷᠠᠭ ᠤᠨ ᠲᠠᠪᠤ ᠳᠤ ᠣᠯᠠᠨᠲᠠ ᠬᠤᠷᠳᠤᠯᠠᠭᠰᠠᠨ ᠲᠡᠦᠬᠡ ᠲᠠᠢ ᠶᠤᠮᠰᠠᠨ᠃          ᠣᠶᠢᠷ᠎ᠠ ᠶᠢᠨ ᠬᠡᠳᠦᠨ ᠵᠢᠯ ᠬᠦᠷᠡᠯ ᠪᠤᠰᠤᠳ ᠤᠨ ᠵᠠᠬᠢᠶᠠᠯᠠᠭ᠎ᠠ ᠪᠠᠷ 100 ᠭᠠᠷᠤᠢ ᠡᠮᠡᠭᠡᠯ ᠰᠤᠷᠯᠠᠵᠤ ᠵᠠᠰᠠᠭᠰᠠᠨ ᠪᠠᠶᠢᠨ᠎ᠠ᠃ ᠳᠡᠷᠡ ᠴᠤᠯ ᠮᠥᠩᠭᠦᠨ ᠡᠮᠡᠭᠡᠯ ᠢᠶᠠᠨ ᠲᠦᠮᠡᠨ ᠲᠥᠭᠦᠷᠢᠭ ᠢᠶᠠᠷ ᠵᠠᠷᠤᠵᠤ᠂ ᠶᠠᠩ ᠪᠠᠢ ᠲᠦᠡᠭ ᠡᠮᠡᠭᠡᠯ ᠢᠶᠠᠨ 4000 - 5000 ᠣᠷᠴᠢᠮ ᠤᠨ ᠦᠨ᠎ᠡ ᠪᠠᠷ ᠬᠤᠳᠠᠯᠳᠤᠵᠤ᠂ ᠮᠠᠯᠵᠢᠯ ᠤᠨ ᠪᠤᠰᠤ ᠤᠷᠤᠯᠭ᠎ᠠ ᠣᠯᠵᠤ ᠶᠠᠪᠤᠨ᠎ᠠ᠃ ᠬᠦᠷᠡᠯ ᠤᠨ ᠵᠠᠩᠭᠢᠳᠤᠭᠰᠠᠨ ᠨᠣᠭᠲᠣ ᠬᠠᠵᠠᠭᠠᠷ᠂ ᠵᠢᠷᠢᠮ᠂ ᠴᠢᠳᠦᠷ ᠨᠢ ᠪᠤᠰᠤᠳ ᠠᠴᠠ ᠣᠨᠴᠠᠯᠢᠭ ᠲᠠᠢ ᠭᠤᠶᠣᠮᠰᠤᠭ ᠰᠠᠶᠢᠬᠠᠨ ᠪᠠᠶᠢᠳᠠᠭ ᠢᠶᠠᠷ ᠢᠶᠠᠨ ᠵᠠᠬᠢᠶᠠᠯᠠᠭᠴᠢᠳ ᠤᠨ ᠬᠠᠯᠠᠭᠤᠨ ᠬᠦᠷᠢᠶᠡᠯᠡᠯ ᠢ ᠣᠯᠵᠠᠢ᠃  
 
ᠢᠷᠡᠯᠲᠡ᠄ ᠰᠢᠯᠢ ᠶᠢᠨ ᠭᠤᠣᠯ ᠤᠨ ᠮᠣᠩᠭᠤᠯ ᠰᠣᠨᠢᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号