ᠨᠢᠭᠡ᠂ ᠪᠤᠭᠤ ᠲᠣᠭᠯᠠᠭᠠᠮ ᠤᠨ ᠬᠥᠯᠭᠡ ᠪᠣᠯᠤᠨ ᠳᠦᠷᠰᠦ | ᠪᠤᠭᠤ ᠲᠣᠭᠯᠠᠭᠠᠮ ᠤᠨ ᠬᠥᠯᠭᠡ ᠪᠣᠯ ᠶᠡᠭᠡ ᠠᠭᠤᠯᠠ᠂ ᠪᠠᠭ᠎ᠠ ᠠᠭᠤᠯᠠ ᠪᠣᠯᠤᠨ ᠲᠠᠯ᠎ᠠ ᠭᠡᠳᠡᠭ ᠭᠤᠷᠪᠠᠨ | ᠬᠡᠰᠡᠭ ᠠᠴᠠ ᠪᠦᠷᠢᠯᠳᠦᠵᠦ᠂ ᠲᠡᠷᠡ ᠨᠢ ᠨᠠᠢᠮᠠᠨ ᠬᠡᠪᠲᠡᠭᠡ ᠱᠤᠭᠤᠮ᠂ ᠲᠠᠪᠤᠨ ᠪᠣᠰᠤᠭ᠎ᠠ ᠱᠤᠭᠤᠮ᠂ ᠨᠠᠢᠮᠠᠨ | ᠲᠠᠰᠢᠭᠤ ᠱᠤᠭᠤᠮ ᠳᠡᠭᠡᠷ᠎ᠡ ᠡᠭᠦᠰᠦᠭᠰᠡᠨ ᠭᠤᠴᠢᠨ ᠲᠠᠪᠤᠨ ᠴᠡᠭ ᠠᠴᠠ ᠪᠦᠷᠢᠯᠳᠦᠳᠡᠭ ᠶᠤᠮ᠃ | ᠬᠤᠶᠠᠷ᠂ ᠪᠤᠭᠤ ᠪᠠ ᠬᠤᠷᠢᠨ ᠳᠦᠷᠪᠡᠨ ᠨᠤᠬᠠᠢ ᠠᠴᠠ ᠪᠦᠷᠢᠯᠳᠦᠭᠰᠡᠨ ᠨᠠᠶᠢᠲᠡ ᠬᠤᠷᠢᠨ ᠵᠢᠷᠭᠤᠭᠠᠨ | ᠲᠦᠷᠰᠦ ᠲᠠᠢ᠃ ᠪᠤᠭᠤ ᠠᠪᠤᠭᠰᠠᠨ ᠲᠣᠭᠯᠠᠭᠴᠢ ᠨᠢ ᠶᠡᠭᠡ ᠠᠭᠤᠯᠠ ᠶᠢᠨ ᠲᠠᠯ᠎ᠠ ᠳᠤ ᠰᠠᠭᠤᠵᠦ᠂ ᠨᠤᠬᠠᠢ ᠠᠪᠤᠭᠰᠠᠨ | ᠨᠢ ᠶᠡᠭᠡ ᠠᠭᠤᠯᠠ ᠶᠢᠨ ᠲᠠᠯ᠎ᠠ ᠳᠤ ᠰᠠᠭᠤᠵᠦ᠂ ᠨᠤᠬᠠᠢ ᠠᠪᠤᠭᠰᠠᠨ ᠲᠣᠭᠯᠠᠭᠴᠢ ᠨᠢ ᠪᠠᠭ᠎ᠠ ᠠᠭᠤᠯᠠ ᠶᠢᠨ ᠲᠠᠯ᠎ᠠ ᠳᠤ | ᠰᠠᠭᠤᠨ᠎ᠠ᠃ | ᠬᠤᠶᠠᠷ ᠪᠤᠭᠤ ᠪᠣᠯᠤᠨ ᠨᠣᠬᠠᠶ ᠶᠢᠨ ᠨᠡᠭᠦᠳᠡᠯ ᠪᠠ ᠢᠳᠡᠯᠲᠡ | ᠪᠤᠭᠤ ᠶᠢᠨ ᠲᠠᠯ᠎ᠠ ᠡᠬᠢᠯᠡᠵᠦ ᠨᠡᠭᠦᠬᠦ ᠪᠥᠭᠡᠳ ᠳᠠᠷᠠᠭ᠎ᠠ ᠨᠢ ᠨᠣᠬᠠᠶ ᠶᠢᠨ ᠲᠠᠯ᠎ᠠ ᠠᠴᠠ ᠬᠥᠯᠭᠡ ᠳᠡᠭᠡᠷ᠎ᠡ | ᠨᠣᠬᠠᠶ ᠪᠠᠨ ᠲᠠᠯᠪᠢᠨ᠎ᠠ᠃ ᠨᠣᠬᠠᠶ ᠶᠢᠨ ᠲᠠᠯ᠎ᠠ ᠨᠢ ᠨᠣᠬᠠᠶ ᠪᠠᠨ ᠲᠠᠯᠪᠢᠵᠤ ᠪᠠᠷᠠᠭᠰᠠᠨ ᠤ ᠳᠠᠷᠠᠭ᠎ᠠ ᠰᠠᠶ᠋ᠢ ᠬᠥᠯᠭᠡ | ᠳᠡᠭᠡᠷᠡᠬᠢ ᠨᠣᠬᠠᠶ ᠪᠠᠨ ᠨᠡᠭᠦᠯᠭᠡᠵᠦ ᠲᠣᠭᠯᠠᠨ᠎ᠠ᠃ | ᠪᠤᠭᠤ ᠶᠢᠨ ᠨᠡᠭᠦᠳᠡᠯ ᠨᠢ ᠨᠡᠭᠦᠬᠦ ᠡᠭᠡᠯᠵᠢᠨ ᠳᠤ ᠪᠠᠨ ᠳᠤᠷ᠎ᠠ ᠶᠢᠨ ᠨᠢᠭᠡᠨ ᠪᠣᠰᠤᠭ᠎ᠠ᠂ ᠬᠡᠪᠲᠡᠭᠡ᠂ ᠲᠠᠰᠢᠭᠤ | ᠱᠤᠭᠤᠮ ᠤᠨ ᠳᠠᠭᠠᠤ ᠬᠤᠭᠤᠰᠣᠨ ᠪᠠᠭᠤᠳᠠᠯ ᠤᠷᠤᠭᠤ ᠨᠢᠭᠡ ᠠᠯᠬᠤᠮ ᠨᠡᠭᠦᠨ᠎ᠡ᠃ ᠪᠤᠭᠤ ᠪᠣᠯᠤᠨ ᠨᠣᠬᠠᠶ ᠶᠢᠨ | ᠨᠡᠭᠦᠳᠡᠯ ᠨᠢ ᠠᠳᠠᠯᠢᠬᠠᠨ ᠪᠠᠶᠢᠳᠠᠭ᠃ | ᠪᠤᠭᠤ ᠶᠢᠨ ᠢᠳᠡᠯᠲᠡ ᠨᠢ ᠨᠡᠭᠦᠬᠦ ᠡᠭᠡᠯᠵᠢᠨ ᠳᠤ ᠪᠠᠨ ᠳᠤᠷ᠎ᠠ ᠶᠢᠨ ᠨᠢᠭᠡᠨ ᠪᠣᠰᠤᠭ᠎ᠠ᠂ ᠬᠡᠪᠲᠡᠭᠡ᠂ ᠲᠠᠰᠢᠭᠤ | ᠱᠤᠭᠤᠮ ᠤᠨ ᠳᠠᠭᠠᠤ ᠵᠡᠷᠭᠡᠴᠡᠵᠦ ᠪᠠᠶᠢᠭ᠎ᠠ ᠠᠷᠤ ᠳᠤ ᠪᠠᠨ ᠬᠤᠭᠤᠰᠣᠨ ᠪᠠᠭᠤᠳᠠᠯ ᠲᠠᠢ ᠨᠣᠬᠠᠶ ᠶᠢ ᠬᠠᠷᠠᠶᠢᠵᠦ | ᠢᠳᠡᠭᠡᠳ ᠬᠤᠭᠤᠰᠣᠨ ᠪᠠᠭᠤᠳᠠᠯ ᠳᠡᠭᠡᠷ᠎ᠡ ᠨᠢ ᠰᠠᠭᠤᠨ᠎ᠠ᠃ ᠢᠳᠡᠯᠲᠡ ᠲᠠᠢ ᠦᠶ᠎ᠡ ᠳᠤ ᠰᠤᠯᠠ ᠨᠡᠭᠦᠵᠦ ᠪᠣᠯᠬᠤ | ᠦᠭᠡᠢ᠂ ᠭᠡᠬᠦ ᠳᠤ ᠪᠠᠨ ᠨᠢᠭᠡ ᠨᠡᠭᠦᠳᠡᠯ ᠳᠤ ᠨᠢᠭᠡ ᠯᠡ ᠬᠠᠷᠠᠶᠢᠵᠤ ᠨᠢᠭᠡ ᠯᠡ ᠨᠣᠬᠠᠶ ᠢᠳᠡᠨ᠎ᠡ᠃ ᠨᠣᠬᠠᠶ ᠳᠤ | ᠢᠳᠡᠯᠲᠡ ᠪᠠᠶᠢᠬᠤ ᠦᠭᠡᠢ᠃ | ᠭᠤᠷᠪᠠ ᠬᠤᠵᠢᠬᠤ ᠪᠠ ᠬᠤᠵᠢᠭᠳᠠᠬᠤ | ⑴ ᠪᠤᠭᠤ ᠨᠢ ᠨᠣᠬᠠᠶ ᠨᠤᠭᠤᠳ ᠢ ᠢᠳᠡᠵᠦ ᠪᠠᠷᠠᠪᠠᠯ᠂ ᠪᠤᠭᠤ ᠶᠢᠨ ᠲᠠᠯ᠎ᠠ ᠬᠤᠵᠢᠨ᠎ᠠ᠃ | ⑵ᠬᠤᠶᠠᠷ ᠪᠤᠭᠤ ᠬᠤᠷᠢᠭᠳᠠᠵᠤ ᠵᠢᠳ ᠲᠤ ᠣᠷᠣᠪᠠᠯ᠂ ᠨᠣᠬᠠᠶ ᠶᠢᠨ ᠲᠠᠯ᠎ᠠ ᠬᠤᠵᠢᠨ᠎ᠠ᠃ | ⑶ᠨᠣᠬᠠᠶ ᠶᠢᠨ ᠲᠠᠯ᠎ᠠ ᠨᠢ ᠬᠤᠷᠢᠭ᠎ᠠ ᠲᠠᠢ ᠨᠡᠭᠦᠳᠡᠯ ᠨᠡᠭᠦᠪᠡᠯ ᠬᠤᠵᠢᠭᠳᠠᠨ᠎ᠠ᠃ | ⑷ ᠪᠤᠭᠤ ᠶᠢᠨ ᠲᠠᠯ᠎ᠠ ᠨᠢ ᠬᠤᠷᠢᠭ᠎ᠠ ᠦᠭᠡᠢ ᠨᠡᠭᠦᠳᠡᠯ ᠣᠯᠵᠤ ᠴᠢᠳᠠᠪᠠᠯ ᠬᠤᠵᠢᠨ᠎ᠠ᠃ | ⑸ ᠠᠯᠢ ᠨᠢᠭᠡᠨ ᠲᠠᠯ᠎ᠠ ᠨᠢ ᠬᠤᠵᠢᠭᠳᠠᠭᠰᠠᠨ ᠢᠶᠠᠨ ᠮᠡᠳᠡᠷᠡᠪᠡᠯ ᠨᠥᠭᠦᠭᠡ ᠲᠠᠯ᠎ᠠ ᠨᠢ ᠬᠤᠵᠢᠨ᠎ᠠ᠃ | ᠳᠦᠷᠪᠡ᠂ ᠬᠤᠷᠢᠭ᠎ᠠ ᠲᠠᠢ ᠨᠡᠭᠦᠳᠡᠯ | ᠨᠣᠬᠠᠶ ᠶᠢᠨ ᠲᠠᠯ᠎ᠠ ᠨᠢ ᠬᠤᠯᠭᠢᠶ᠎ᠠ ᠨᠡᠭᠦᠳᠡᠯ ᠨᠡᠭᠦᠵᠦ ᠪᠣᠯᠬᠤ ᠦᠭᠡᠢ᠃ ᠬᠡᠷᠪᠡ ᠬᠤᠯᠭᠢᠶ᠎ᠠ ᠨᠡᠭᠦᠳᠡᠯ ᠢᠶᠠᠨ | ᠭᠤᠷᠪᠠ ᠪᠤᠶᠤ ᠭᠤᠷᠪᠠ ᠠᠴᠡ ᠳᠡᠭᠡᠭᠰᠢ ᠤᠳᠠᠭ᠎ᠠ ᠳᠠᠪᠲᠠᠪᠠᠯ᠂ ᠨᠣᠬᠠᠶ ᠶᠢᠨ ᠲᠠᠯ᠎ᠠ ᠶᠢ ᠬᠤᠵᠢᠭᠳᠠᠭᠰᠠᠨ ᠳᠤ | ᠲᠣᠭᠠᠴᠠᠨ᠎ᠠ᠃ | ᠲᠠᠪᠤ ᠬᠤᠷᠢᠭ᠎ᠠ ᠦᠭᠡᠢ ᠨᠡᠭᠦᠳᠡᠯ | ᠪᠤᠭᠤ ᠶᠢᠨ ᠲᠠᠯ᠎ᠠ ᠨᠢ ᠶᠠᠮᠠᠷ ᠨᠢᠭᠡᠨ ᠨᠡᠭᠦᠳᠡᠯ ᠢ ᠳᠠᠪᠲᠠᠨ ᠨᠡᠭᠦᠵᠦ ᠲᠡᠭᠦᠨ ᠢᠶᠠᠷ ᠢᠶᠠᠨ ᠬᠠᠮᠠᠭᠠᠯᠠᠯᠲᠠ ᠬᠢᠵᠦ | ᠪᠣᠯᠤᠨ᠎ᠠ᠃ ᠨᠣᠬᠠᠶ ᠶᠢᠨ ᠲᠠᠯ᠎ᠠ ᠨᠢ ᠡᠭᠦᠰᠦᠭᠰᠡᠨ ᠪᠠᠶᠢᠷᠢᠯᠠᠯ ᠢ ᠥᠭᠡᠷᠡᠴᠢᠯᠡᠵᠦ ᠴᠢᠳᠠᠬᠤ ᠦᠭᠡᠢ ᠪᠣᠯ ᠨᠣᠬᠠᠶ ᠶᠢᠨ | ᠲᠠᠯ᠎ᠠ ᠶᠢ ᠬᠤᠵᠢᠭᠳᠠᠭᠰᠠᠨ ᠳᠤ ᠲᠣᠭᠠᠴᠠᠨ᠎ᠠ᠃ |