ᠮᠢᠩᠭᠠᠨ ᠲᠤᠰᠤᠯ ᠢᠶᠠᠷ | ᠲᠣᠪᠰᠢᠯᠠᠨ ᠰᠢᠪᠡᠷᠡᠵᠦ ᠭᠱᠠᠨ ᠵᠠᠭᠤᠷ᠎ᠠ | ᠥᠨᠢ ᠮᠥᠩᠬᠡ ᠶᠢᠨ ᠳᠥᠯᠭᠡᠬᠡᠨ ᠬᠠᠷᠠᠴᠠ ᠪᠠᠷ | ᠠᠷᠢᠭᠤᠨ ᠰᠠᠴᠤᠯᠢ ᠪᠠᠨ ᠢᠳᠠᠮᠯᠠᠵᠤ | ᠵᠤᠨ ᠣᠯᠠᠨ ᠳᠠᠭᠠᠨ ᠲᠤᠤᠯᠢᠶᠠᠳᠣᠬᠰᠠᠨ | ᠨᠤᠲᠤᠭ ᠬᠥᠮᠥᠨ ᠬᠤᠶᠠᠷ ᠢ ᠳᠠᠭᠠᠵᠤ | ᠡᠬᠡ ᠭᠠᠵᠠᠷ ᠤᠨ ᠤᠮᠳᠠᠯᠠᠭᠰᠠᠨ ᠤᠰᠤ ᠨᠢ ᠭᠦᠷᠲᠡᠯ᠎ᠡ | ᠡᠬᠡ ᠣᠷᠣᠨ ᠤ ᠲᠤᠤᠯᠢ ᠪᠣᠯᠬᠤᠷ | ᠮᠥᠩᠭᠦᠨ ᠰᠠᠶᠢᠬᠠᠨ ᠰᠡᠳᠬᠢᠯ ᠨᠢ | ᠬᠤᠯᠠ ᠳᠤ ᠠᠰᠠᠬᠤ ᠡᠭᠦᠷᠢᠳᠡ ᠠᠮᠤᠭᠤᠯᠠᠩ ᠵᠠᠶᠠᠭ᠎ᠠ ᠲᠦᠰᠢᠬᠦᠢ | ᠡᠬᠡ ᠣᠷᠣᠨ ᠢᠶᠠᠨ ᠳᠠᠭᠤᠯᠠᠨ᠎ᠠ | ᠡᠵᠢ ᠶᠢᠨ ᠮᠢᠨᠢ ᠪᠦᠪᠡᠢ ᠶᠢᠨ ᠳᠠᠭᠤᠤ ᠳᠤ | ᠨᠠᠷᠠ ᠥᠨᠵᠢᠵᠦ ᠡᠪᠡᠰᠦᠨ ᠤ ᠭᠦᠨ ᠳᠤ ᠭᠤᠯᠢᠶ᠎ᠠ ᠴᠠᠷᠭᠢᠨ | ᠬᠥᠬᠡ ᠠᠯᠠᠭ ᠴᠢᠯᠠᠭᠤᠳ ᠪᠢᠳᠠᠨ ᠢ ᠳᠠᠯᠠᠯᠵᠤ | ᠬᠤᠨᠢᠨ ᠡᠭᠦᠯᠡᠰ ᠬᠠᠭᠤᠴᠢᠨ ᠪᠠᠭᠤᠷᠢ ᠳᠤᠨᠢ | ᠮᠢᠩᠭ᠎ᠠ ᠮᠢᠩᠭᠠᠨ ᠴᠡᠴᠡᠭ ᠪᠠᠳᠮᠠᠯᠠᠨ᠎ᠠ | ᠡᠬᠡ ᠣᠷᠣᠨ ᠭᠡᠳᠡᠭ | ᠵᠢᠷᠦᠬᠡᠨ ᠳᠤ ᠤᠶᠠᠭᠠᠲᠠᠢ ᠲᠠᠯ᠎ᠠ ᠳᠤᠨᠢ | ᠪᠤᠳᠤᠯ ᠮᠢᠨᠢ ᠨᠠᠮᠤᠷᠵᠢᠨ ᠴᠠᠯᠠᠶᠢᠵᠤ | ᠮᠥᠩᠬᠡ ᠶᠢᠨ ᠣᠷᠣᠨ ᠬᠢᠵᠠᠭᠠᠷ ᠦᠭᠡᠢ ᠳᠤ | ᠦᠨᠡᠨ ᠤ ᠵᠥᠩᠴᠢ ᠰᠢᠳᠢ ᠪᠠᠷ | ᠣᠩᠭᠤᠳ ᠢ ᠰᠤᠪᠢᠳᠠᠭ ᠠᠮᠢᠳᠤ ᠵᠢᠷᠤᠬᠠᠢ | ᠲᠠᠭᠠᠨ᠎ᠠ ᠶᠢᠨ ᠴᠡᠴᠡᠭ ᠲᠤ ᠮᠥᠷ ᠢᠶᠠᠨ ᠲᠠᠮᠠᠭᠠᠯᠠᠵᠤ ᠦᠯᠡᠳᠡᠭᠡᠨ | ᠠᠭᠠᠷᠤ ᠽᠠᠨᠳᠠᠨ ᠤᠶᠠᠭᠠᠨ ᠳᠡᠭᠡᠷ᠎ᠡ ᠪᠠᠭᠤᠴᠠᠯᠠᠬᠰᠠᠨ ᠶᠤᠮ | ᠡᠬᠡ ᠣᠷᠣᠨ ᠭᠡᠳᠡᠭ | ᠨ᠊ᠠᠮ ᠬᠥᠮ ᠤᠨ ᠴᠢᠯᠦᠭᠡ ᠪᠠᠷ ᠡᠭᠡᠳᠡᠷᠡᠭᠡ ᠪᠠᠨ ᠲᠡᠪᠴᠢᠵᠦ | ᠨᠠᠨᠳᠢᠨ ᠵᠠᠶᠠᠭᠠᠨ ᠤ ᠡᠵᠡᠨ ᠪᠣᠯᠤᠭᠰᠠᠨ | ᠲᠡᠷᠡ ᠪᠣᠯ ᠪᠣᠯᠵᠤᠭ᠎ᠠ ᠪᠤᠶᠤ ᠮᠥᠷᠥᠭᠡᠳᠦᠯ | ᠤᠯᠠᠷᠢᠯ ᠤᠨ ᠠᠷᠢᠭᠤᠨ ᠠᠮᠢᠰᠬᠤᠯ ᠢ | ᠠᠮᠢᠰᠬᠤᠬᠤ ᠲᠣᠳᠣᠮ ᠳᠣᠮ ᠪᠠᠶᠢᠵᠤ | ᠤᠯᠠᠷᠢᠭᠰᠠᠨ ᠰᠣᠶᠣᠯ ᠤᠨ ᠲᠡᠮᠳᠡᠭ ᠪᠣᠯᠬᠤᠢ | ᠠᠶᠠᠨ ᠤ ᠵᠢᠯᠣᠭᠤ ᠤᠷᠲᠤᠰᠤᠨ ᠮᠥᠩᠬᠡᠵᠢᠨ᠎ᠡ | ᠡᠬᠡ ᠣᠷᠣᠨ ᠭᠡᠳᠡᠭ | |