ᠬᠤᠷᠠᠭ᠎ᠠ ᠲᠣᠭᠤᠯ ᠰᠢᠭ᠋ ᠲᠣᠭᠯᠠᠵᠦ ᠦᠰᠦᠭᠰᠡᠨ ᠬᠡᠣᠭᠡᠳ ᠨᠠᠰᠦ
ᠨᠡᠶᠢᠲᠡᠯᠡᠭᠰᠡᠨ ᠴᠠᠭ᠄
2024/12/25
    ᠬᠦᠳᠡᠭᠡ ᠶᠢᠨ ᠬᠡᠣᠬᠡᠳ ᠪᠢᠳᠡᠨᠠᠷ ᠲᠤ ᠬᠦᠮᠦᠨ ᠪᠦᠷᠢ ᠦᠪᠡᠷ ᠤᠨ ᠬᠢᠨᠢ ᠪᠠᠶᠠᠷ ᠪᠠᠶᠠᠰᠣᠯ᠂ ᠬᠦᠰᠡᠯ ᠵᠡᠬᠦᠳᠦ ᠪᠠᠶᠢᠳᠠᠭ᠃         ᠮᠢᠨᠦ ᠦᠯᠦᠭᠡᠢ ᠨᠣᠲᠤᠭ ᠪᠣᠯ ᠬᠤᠷᠴᠢᠨ ᠤ ᠲᠠᠯ᠎ᠠ ᠨᠣᠲᠤᠭ ᠲᠤ ᠣᠷᠣᠩᠨᠠᠭᠰᠠᠨ ᠨᠢᠭᠡᠨ ᠪᠦᠢᠳᠡ ᠪᠦᠭᠯᠡᠭᠦᠦ ᠵᠢᠵᠢᠭᠬᠡᠨ ᠭᠠᠴᠠᠭ᠎ᠠ ᠶᠤᠮ᠃ ᠲᠡᠷᠡ ᠦᠶ᠎ᠡ ᠳᠤ ᠬᠦᠳᠡᠭᠡ ᠶᠢᠨ ᠬᠡᠣᠬᠡᠳ ᠪᠣᠯᠣᠭᠰᠠᠨ ᠪᠢᠳᠡᠨᠠᠷ ᠨᠠᠰᠦ ᠬᠤᠷᠠᠭᠴᠣᠳ  ᠲᠠᠢ ᠪᠠᠨ ᠬᠠᠮᠳᠣᠪᠡᠷ ᠪᠦᠳᠦᠭᠦᠯᠢᠭ ᠠᠮᠦ ᠬᠠᠷᠠᠰᠦ ᠨᠣᠭᠤᠭ᠎ᠠ ᠪᠠᠷ ᠦᠯ ᠪᠣᠯᠭᠠᠵᠦ ᠨᠦᠬᠦᠭᠡᠰᠦ ᠲᠠᠢ ᠲᠡᠪᠡᠯ ᠴᠣᠭᠤᠷᠬᠠᠢ ᠭᠤᠲᠣᠯ ᠢᠰᠭᠦᠯᠵᠦ ᠶᠠᠳᠠᠭᠤ ᠬᠦᠴᠢᠷᠳᠡᠯ ᠲᠠᠢ ᠦᠰᠦᠨ ᠪᠣᠶᠢᠵᠢᠭᠰᠠᠨ ᠪᠢᠯᠡ᠃         ᠲᠡᠷᠡ ᠦᠶ᠎ᠡ ᠳᠤ ᠪᠢᠳᠡ ᠬᠢᠴᠢᠶᠡᠯ ᠢᠶᠠᠨ ᠪᠠᠭᠤᠭᠰᠠᠭᠠᠷ ᠪᠠᠷᠠᠰᠢ ᠦᠭᠡᠢ ᠠᠷᠪᠢᠨ ᠭᠡᠷ ᠤᠨ ᠲᠠᠰᠬᠠᠯ ᠲᠠᠭᠠᠭᠠᠯᠭᠠᠪᠣᠷᠢ ᠭᠡᠵᠦ ᠪᠠᠶᠢᠳᠠᠭ ᠦᠭᠡᠢ ᠲᠣᠯᠠ ᠭᠤᠣᠯᠳᠠᠭᠤ ᠡᠷᠭᠡ ᠲᠠᠪᠠ ᠪᠠᠷ ᠲᠣᠭᠯᠠᠨ ᠨᠠᠭᠠᠳᠴᠦ ᠭᠤᠨᠢᠭ ᠪᠣᠬᠢᠨᠢᠳᠣᠯ ᠭᠡᠳᠡᠭ ᠢ ᠮᠡᠳᠡᠭᠦ ᠦᠭᠡᠢ ᠪᠠᠶᠢᠪᠠ᠃ ᠮᠠᠨ ᠢ ᠪᠠᠭ᠎ᠠ ᠳᠤ ᠬᠦᠳᠡᠭᠡ ᠶᠢᠨ ᠬᠡᠣᠬᠡᠳ ᠲᠤ ᠣᠳᠦ ᠶᠢᠨ ᠬᠡᠣᠬᠡᠳ ᠲᠠᠢ ᠠᠳᠠᠯᠢ ᠣᠳᠣᠬᠢᠴᠢᠯᠠᠭᠰᠠᠨ ᠰᠢᠨ᠎ᠡ ᠮᠠᠶ᠋ᠢᠭ ᠤᠨ ᠨᠠᠭᠠᠳᠣᠮ ᠲᠣᠭᠯᠠᠭᠠᠮ ᠪᠠᠶᠢᠳᠠᠭ ᠦᠭᠡᠢ ᠪᠣᠯᠪᠠᠴᠦ ᠣᠨᠠᠭᠠᠨ ᠨᠠᠰᠦ ᠶᠢ ᠮᠢᠨᠢ ᠪᠦᠪᠠᠶᠢᠯᠠᠨ ᠠᠷᠭᠠᠳᠠᠵᠦ ᠪᠠᠯᠴᠢᠷ ᠦᠶ᠎ᠡ ᠶᠢᠨ ᠰᠢᠵᠢᠷ ᠠᠯᠲᠠᠨ ᠴᠠᠭ ᠮᠦᠴᠠ ᠶᠢ ᠰᠡᠶᠢᠯᠦᠨ ᠲᠡᠮᠳᠡᠭᠯᠡᠭᠰᠡᠨ ᠣᠷᠮ᠎ᠠ ᠪᠠᠭ᠋ᠠᠲᠠᠢ ᠰᠠᠶᠢᠬᠠᠨ ᠨᠠᠭᠠᠳᠣᠮ ᠲᠣᠭᠯᠠᠭᠠᠮ ᠢᠶᠠᠷ ᠲᠣᠳᠠᠭᠳᠠᠵᠦ ᠦᠵᠡᠭᠡ ᠦᠭᠡᠢ᠃ ᠪᠢᠳᠡ ᠦᠪᠡᠷ ᠢᠶᠠᠨ ᠨᠠᠭᠠᠳᠣᠮ ᠡᠷᠢᠵᠦ᠂ ᠦᠪᠡᠷ ᠢᠶᠠᠨ ᠨᠠᠭᠠᠳᠣᠮ ᠤᠨ ᠪᠠᠭᠠᠵᠢ ᠪᠠᠨ ᠵᠣᠬᠢᠶᠠᠳᠠᠭ᠃ ᠠᠶᠢᠯ ᠤᠨ ᠠᠷᠦ ᠦᠪᠦᠷ᠂ ᠵᠡᠭᠡᠯᠢ ᠭᠤᠲᠣᠮᠵᠢ᠂ ᠭᠤᠣ ᠭᠠᠩᠭ᠎ᠠ᠂ ᠮᠣᠳᠦ ᠰᠢᠭᠤᠢ᠂ ᠣᠰᠦ ᠭᠤᠣᠯ ᠬᠦᠷᠲᠡᠯ᠎ᠡ ᠴᠢᠨᠠᠭᠰᠢᠯᠠᠨ ᠬᠡᠷᠡᠮ  ᠤᠨ ᠣᠷᠣᠢ᠂ ᠡᠪᠡᠰᠦᠨ ᠣᠪᠣᠭ᠎ᠠ᠂ ᠢᠩ ᠤᠨ ᠭᠡᠷ ︵ᠲᠡᠭᠡᠷᠮ᠎ᠡ ᠶᠢᠨ ᠭᠡᠷ︶᠂ ᠠᠳᠣᠭᠤᠨ ᠬᠠᠰᠢᠶ᠎ᠠ᠂ ᠬᠤᠨᠢᠨ ᠰᠠᠷᠠᠪᠴᠢ᠂ ᠨᠦᠬᠡᠮ ᠵᠠᠮ᠂ ᠦᠨᠡᠰᠦᠨ ᠣᠪᠣᠭ᠎ᠠ ᠬᠦᠷᠳᠡᠯ᠎ᠡ ᠬᠠᠮᠢᠭ᠎ᠠ ᠪᠣᠯᠪᠠᠴᠦ ᠪᠢᠳᠡᠨ ᠳᠤ ᠰᠦᠢᠳᠭᠡᠯ ᠵᠠᠷᠣᠬᠤ ᠦᠭᠡᠢ ᠨᠠᠭᠠᠳᠣᠮ ᠤᠨ ᠲᠠᠯᠠᠪᠣᠷ ᠪᠣᠯᠳᠠᠭ᠃         ᠲᠡᠷᠡ ᠦᠶ᠎ᠡ ᠳᠤ ᠬᠦᠳᠡᠭᠡ ᠶᠢᠨ ᠬᠡᠣᠬᠡᠳ ᠬᠦᠯ ᠳᠤ ᠣᠷᠣᠮᠠᠭᠴᠠ ᠪᠣᠷᠭᠠᠰᠦᠨ ᠮᠣᠷᠢ ᠵᠠᠶᠢᠳᠠᠯᠠᠨ᠂ ᠬᠤᠷᠠᠭ᠎ᠠ ᠢᠰᠢᠭᠡ ᠲᠠᠢ ᠲᠣᠭᠯᠠᠨ᠎ᠠ᠃ ᠪᠠᠭ᠋ᠠᠨ ᠦᠭᠡᠯᠠᠢ ᠪᠣᠯᠪᠠᠯ ᠰᠢᠯᠪᠢᠭᠦᠷ ᠡᠷᠬᠢᠬᠦᠯᠦᠨ ᠨᠣᠬᠠᠢ ᠳᠠᠭᠠᠭᠤᠯᠵᠦ ᠪᠢᠷᠠᠭᠤ ᠲᠣᠭᠤᠯ ᠡᠷᠬᠢᠬᠦᠯᠦᠨ᠎ᠡ᠃ ᠨᠡᠩ ᠴᠦ ᠰᠣᠷᠭᠠᠭᠤᠯᠢ ᠳᠤ ᠣᠷᠣᠭᠰᠠᠨ ᠤ ᠲᠠᠷᠠᠭ᠎ᠠ ᠨᠠᠭᠠᠳᠣᠮ ᠤᠨ ᠲᠦᠷᠦᠯ ᠵᠦᠢᠯ ᠪᠠ ᠠᠭᠤᠯᠭ᠎ᠠ ᠣᠯᠠᠰᠢᠷᠠᠵᠦ ᠵᠢᠯ ᠤᠨ ᠳᠦᠷᠪᠡᠨ ᠣᠯᠠᠷᠢᠯ ᠳᠤ ᠪᠦᠷ ᠠᠳᠠᠯᠢ ᠪᠣᠰᠦ ᠶᠢᠨ ᠨᠠᠭᠠᠳᠣᠮ ᠪᠠᠶᠢᠳᠠᠭ᠃ ᠬᠠᠪᠣᠷ ᠪᠣᠯ ᠴᠠᠭᠠᠰᠣᠨ ᠰᠢᠪᠠᠭᠤ ᠨᠢᠰᠭᠡᠬᠦ᠂ ᠠᠯᠴᠢᠭᠤᠷ ᠬᠠᠶᠠᠬᠤ᠂ ᠨᠢᠭᠤᠯᠴᠠᠭ᠎ᠠ ᠬᠢᠬᠦ᠂ ᠬᠡᠬᠡᠷ᠎ᠡ ᠲᠣᠭᠤᠷᠢᠬᠤ ᠮᠡᠳᠦ ᠪᠠᠶᠢᠳᠠᠭ᠃ ᠬᠠᠩᠰᠢᠨ ᠡᠳᠦᠷ ᠡᠪᠦᠭᠡ ᠳᠡᠭᠡᠳᠦᠰ ᠤᠨ ᠣᠩᠭᠤᠨ ᠳᠤ ᠰᠢᠷᠣᠢ ᠨᠡᠮᠡᠬᠦ ᠪᠠ ᠦᠷᠡᠭᠳᠡᠭᠰᠡᠨ ᠪᠠᠭᠠᠲᠦᠷ ᠤᠨ ᠣᠩᠭᠤᠨ ᠳᠤ ᠣᠴᠢᠵᠦ ᠭᠠᠰᠢᠭᠤᠳᠠᠬᠤ ᠶᠣᠰᠣᠯᠠᠯ ᠳᠤ ᠣᠴᠢᠵᠦ ᠪᠠᠷᠠᠪᠡᠯ ᠬᠠᠮᠳᠦ ᠰᠣᠷᠣᠭᠴᠢ ᠬᠡᠳᠦᠭᠦᠯᠡ ᠨᠠᠶᠢᠯᠡᠨ ᠬᠠᠷᠢᠬᠤ ᠳᠠᠭᠠᠨ ᠮᠠᠩᠬᠠᠨ ᠳᠤ ᠮᠠᠨᠵᠣᠣᠬᠠᠢ ᠮᠠᠯᠲᠠᠨ ᠢᠳᠡᠵᠦ ᠲᠣᠭᠯᠠᠳᠠᠭ᠃ ᠵᠣᠨ ᠪᠣᠯ ᠳ᠋ᠠᠩᠭᠦᠨ ᠬᠠᠷᠪᠣᠬᠤ᠂ ᠲᠡᠮᠦᠷ ᠴᠠᠭᠠᠷᠢᠭ ᠡᠷᠬᠢᠭᠦᠯᠬᠦ᠂ ᠪᠦᠬᠡ ᠪᠠᠷᠢᠯᠳᠣᠬᠤ᠂ ᠣᠰᠦᠨ ᠳᠤ ᠣᠮᠪᠠᠭ᠋ᠣ᠂ ᠵᠢᠭᠠᠰᠦ ᠱᠦᠭᠦᠬᠦ᠂ ᠮᠣᠳᠣᠨ ᠳᠤ ᠠᠪᠠᠷᠢᠬᠤ᠂ ᠰᠢᠪᠠᠭᠤᠨ ᠦᠨᠳᠡᠭᠡ ᠠᠭᠤᠳᠠᠯᠠᠬᠤ᠂ ᠪᠠᠭᠠᠯ ᠡᠪᠡᠰᠦ ᠬᠡᠷᠡᠭᠦᠯᠳᠦᠬᠦᠯᠬᠦ᠂ ᠵᠢᠷᠬᠢᠷ᠎ᠠ ᠪᠠᠷᠢᠳᠠᠭ᠃ ᠪᠠᠰᠠ ᠢᠮᠠᠭᠠᠨ ᠡᠪᠡᠷ᠂ ᠲᠡᠮᠡᠭᠡᠨ ᠬᠦᠬᠦ᠂ ᠶᠠᠯᠢᠮ᠎ᠠ ᠵᠡᠷᠭᠡ ᠬᠡᠭᠡᠷ᠎ᠡ ᠶᠢᠨ ᠵᠢᠮᠢᠰ ᠢᠶᠠᠷ ᠬᠤᠳᠣᠭᠤᠳᠦ ᠭᠡᠳᠡᠰᠦ ᠪᠠᠨ ᠳᠦᠭᠦᠷᠭᠡᠵᠦ ᠪᠠᠶᠠᠰᠬᠠᠳᠠᠭ᠃ ᠠᠯᠠᠭᠳᠠᠭ᠎ᠠ ᠮᠠᠯᠳᠠᠵᠦ ᠬᠦᠬᠡᠬᠡᠬᠦ᠂ ᠲᠠᠶᠢᠰᠣᠨ ᠴᠡᠷᠢᠭ ᠪᠣᠯᠵᠦ ᠨᠠᠭᠠᠳᠬᠤ ᠦᠶ᠎ᠡ ᠳᠤ ᠪᠢᠳᠡ ᠭᠠᠩ ᠬᠠᠯᠠᠭᠤᠨ ᠨᠠᠷᠠᠨ ᠳᠤ ᠰᠢᠷᠠᠭᠳᠠᠬᠤ ᠠᠴᠠ ᠠᠶᠣᠬᠤ ᠦᠭᠡᠢ᠂ ᠦᠯᠦᠰᠴᠦ ᠣᠮᠳᠠᠭᠠᠰᠬᠤ ᠠᠴᠠ ᠬᠠᠯᠰᠢᠷᠠᠬᠤ ᠦᠭᠡᠢ ᠮᠠᠩᠬ᠎ᠠ ᠵᠣ ᠶᠢ ᠪᠠᠷᠠᠲᠠᠯ᠎ᠠ ᠬᠦᠶᠦᠯᠳᠦᠳᠡᠭ᠃ ᠵᠠᠷᠢᠮ ᠨᠢᠭᠡ ᠨᠢ ᠵᠦᠭᠡᠢ ᠶᠢᠨ ᠡᠭᠦᠷ ᠲᠠᠢ ᠬᠠᠯᠳᠠᠵᠦ ᠬᠠᠴᠠᠷ ᠨᠢᠭᠤᠷ ᠢᠶᠠᠨ ᠬᠠᠪᠣᠳᠳᠠᠯ᠎ᠠ ᠬᠠᠳᠬᠤᠭᠳᠠᠳᠠᠭ᠃ ᠨᠠᠮᠣᠷ ᠪᠣᠯ ᠰᠢᠯᠦᠨ ᠪᠦᠮᠪᠦᠭᠡ ᠨᠢᠰᠠᠯᠬᠤ᠂ ᠫᠢᠶᠠᠵᠢ ᠴᠣᠬᠢᠬᠤ᠂ ᠭᠦᠢᠯᠡᠰᠦ ᠲᠡᠭᠦᠬᠦ᠂ ᠳ᠋ᠠᠭᠤᠸᠠ ᠢᠳᠡᠬᠦ ᠮᠡᠳᠦ ᠪᠠᠶᠢᠳᠠᠭ᠃ ᠡᠪᠦᠯ ᠪᠣᠯ ᠲᠦᠸᠧᠽᠢ ᠴᠣᠬᠢᠬᠤ᠂ ᠱᠠᠭ᠎ᠠ ᠴᠣᠬᠢᠬᠤ᠂ ᠡᠪᠦᠳᠦᠭ ᠮᠦᠷᠭᠦᠯᠬᠦ᠂ ᠭᠠᠭᠠᠷ ᠡᠷᠭᠢᠭᠦᠯᠬᠦ᠂ ᠴᠠᠰᠣᠨ ᠳᠤ ᠭᠤᠯᠭᠤᠬᠤ᠂ ᠮᠦᠰᠦᠨ ᠳᠤ ᠲᠠᠰᠢᠬᠤ ᠂ ᠮᠦᠰᠦᠨ ᠲᠡᠷᠭᠡ ᠬᠦᠶᠦᠯᠭᠡᠬᠦ᠂ ᠫᠣᠣᠵᠢᠩ ᠲᠠᠯᠪᠢᠬᠤ ᠮᠡᠳᠦ ᠪᠠᠶᠢᠳᠠᠭ᠃ ᠡᠭᠦᠨ ᠠᠴᠠ ᠭᠠᠳᠠᠨ᠎ᠠ ᠪᠠᠰᠠ ᠲᠣᠣᠷ ᠠᠪᠬᠤ᠂ ᠱᠠᠭ᠎ᠠ ᠠᠪᠬᠤ᠂ ᠪᠣᠭᠤᠨ ᠵᠢᠷᠭᠢᠭᠡ ᠲᠣᠭᠯᠠᠬᠤ᠂ ᠠᠷᠪᠠᠨ ᠬᠤᠶᠠᠷ ᠵᠢᠷᠭᠢᠭᠡ ᠲᠣᠭᠯᠠᠬᠤ ᠁᠃ ᠮᠡᠳᠦ ᠴᠠᠭ ᠣᠯᠠᠷᠢᠯ ᠳᠤ ᠬᠢᠵᠠᠭᠠᠷᠯᠠᠭᠳᠠᠬᠤ ᠦᠭᠡᠢ ᠣᠯᠠᠨ ᠨᠠᠭᠠᠳᠣᠮ ᠨᠠᠭᠠᠳᠳᠠᠭ᠃         ᠬᠦᠳᠡᠭᠡ ᠶᠢᠨ ᠬᠡᠣᠬᠡᠳ ᠠᠰᠪᠣᠷᠢ ᠴᠠᠭᠠᠪᠣᠷᠢ᠂ ᠠᠵᠢᠯᠴᠢ ᠪᠣᠷᠣᠭᠵᠢᠭᠤᠨ ᠮᠦᠷᠳᠡᠭᠡᠨ ᠬᠦᠴᠢᠷ ᠵᠣᠪᠠᠯ ᠠᠴᠠ ᠠᠶᠣᠬᠤ ᠦᠭᠡᠢ ᠪᠠᠶᠢᠳᠠᠭ᠃ ᠰᠣᠷᠭᠠᠭᠤᠯᠢ ᠳᠠᠭᠠᠨ ᠪᠣᠯ ᠰᠢᠮᠳᠠᠨ ᠰᠣᠷᠣᠯᠴᠠᠵᠦ᠂ ᠭᠡᠷ ᠲᠡᠭᠡᠨ ᠪᠣᠯ ᠠᠪᠦ ᠡᠵᠢ ᠶᠢᠨ  ᠢᠶᠠᠨ ᠰᠠᠶᠢᠨ ᠬᠠᠪᠰᠣᠷᠣᠭᠴᠢ ᠪᠣᠯᠵᠦ᠂ ᠲᠣᠭᠤᠯ ᠪᠢᠷᠠᠭᠤ ᠬᠠᠷᠢᠭᠤᠯᠬᠤ ᠠᠴᠠ ᠠᠪᠣᠭᠠᠳ ᠡᠯ᠎ᠡ ᠵᠦᠢᠯ ᠤᠨ ᠠᠵᠢᠯ ᠬᠦᠳᠡᠯᠮᠦᠷᠢ ᠳᠤ ᠣᠷᠣᠯᠴᠠᠳᠠᠭ᠃ ᠶᠠᠳᠠᠭᠤ ᠭᠠᠰᠢᠭ ᠴᠠᠭ ᠲᠤ ᠦᠰᠦᠭᠰᠡᠨ ᠪᠢᠳᠡᠨᠠᠷ ᠬᠠᠷᠠᠬᠠᠨ ᠪᠠᠭ᠎ᠠ ᠠᠴᠠ ᠪᠠᠨ ᠠᠵᠢᠯ ᠬᠦᠳᠡᠯᠮᠦᠷᠢ ᠳᠤ ᠪᠣᠯᠪᠠᠰᠣᠷᠠᠨ ᠬᠠᠪᠣᠷ ᠤᠨ ᠣᠯᠠᠷᠢᠯ ᠳᠤ ᠢᠳᠠᠷ ᠨᠣᠭᠤᠭ᠎ᠠ ︵ᠭᠠᠰᠢᠭᠤᠨ ᠨᠣᠭᠤᠭ᠎ᠠ︶᠂ ᠰᠠᠨᠳᠦᠦ ᠶᠢᠨ ᠨᠣᠭᠤᠭ᠎ᠠ ᠲᠡᠭᠦᠵᠦ ᠭᠡᠷ ᠤᠨ ᠢᠶᠠᠨ ᠴᠠᠭ ᠤᠨ ᠨᠣᠭᠤᠭ᠎ᠠ ᠵᠠᠭᠤᠴᠢ ᠶᠢ ᠣᠯᠳᠠᠭ᠃ ᠵᠣᠨ ᠤ ᠣᠯᠠᠷᠢᠯ  ᠳᠤ ᠲᠣᠭᠤᠯ ᠪᠢᠷᠠᠭᠤ ᠡᠷᠬᠢᠬᠦᠯᠬᠦ᠂ ᠦᠨᠢᠶ᠎ᠡ ᠲᠣᠭᠤᠯ ᠭᠠᠷᠭᠠᠵᠦ ᠲᠣᠰᠬᠤ᠂ ᠡᠪᠡᠰᠦ ᠪᠣᠷᠳᠤᠭ᠎ᠠ ᠬᠠᠳᠣᠬᠤ᠂ ᠭᠠᠭ᠋ᠠᠢ  ᠶᠢᠨ ᠨᠣᠭᠤᠭ᠎ᠠ ᠲᠡᠭᠦᠬᠦ ᠮᠡᠳᠦ ᠪᠠᠶᠢᠳᠠᠭ᠃ ᠨᠠᠮᠣᠷ ᠤᠨ ᠣᠯᠠᠷᠢᠯ ᠳᠤ ᠮᠢᠯᠠᠩ ᠬᠠᠳᠣᠬᠤ᠂ ᠵᠡᠭᠡᠷᠭᠡᠨ᠎ᠡ ᠬᠠᠳᠣᠬᠤ ᠮᠡᠳᠦ ᠠᠵᠢᠯ ᠬᠢᠵᠦ ᠬᠤᠷᠰᠢᠶᠠᠨ ᠳᠤ ᠬᠤᠳᠠᠯᠳᠣᠨ ᠭᠡᠷ ᠤᠨ ᠢᠶᠠᠨ ᠪᠡᠯᠡᠨ ᠵᠣᠭᠤᠰ ᠤᠨ ᠨᠡᠮᠡᠷᠢ ᠪᠣᠯᠭᠠᠳᠠᠭ᠃ ᠨᠠᠮᠣᠷ  ᠤᠨ ᠲᠠᠷᠢᠶᠠᠯᠠᠩ ᠤᠨ ᠶᠠᠭᠠᠷᠠᠣ ᠡᠷᠡᠨ ᠳᠤ ᠪᠠᠰᠠᠨ ᠰᠣᠷᠭᠠᠭᠤᠯᠢ ᠶᠢᠨ ᠲᠣᠬᠢᠷᠠᠭᠤᠯᠣᠯ ᠢᠶᠠᠷ ᠠᠩᠬᠢ ᠨᠢᠭᠡᠴᠡ ᠪᠠᠷ  ᠢᠶᠠᠨ ᠬᠦᠳᠡᠭᠡ ᠭᠠᠴᠠᠭᠠᠨ ᠳᠤ ᠪᠠᠭᠤᠨ ᠡᠷᠳᠡᠨᠢ ᠰᠢᠰᠢ ᠬᠤᠭᠤᠯᠬᠤ᠂ ᠡᠷᠳᠡᠨᠢ ᠰᠢᠰᠢ ᠶᠢᠨ ᠬᠠᠯᠢᠰᠦ ᠴᠠᠭᠠᠯᠠᠳᠠᠭ᠃ ᠡᠪᠦᠯ ᠤᠨ ᠣᠯᠠᠷᠢᠯ ᠳᠤ ᠠᠷᠭᠠᠯ ᠲᠡᠭᠦᠭᠦ᠂ ᠪᠣᠷᠭᠠᠰᠦ ᠬᠠᠳᠣᠬᠤ᠂ ᠲᠦᠯᠡᠰᠢ ᠬᠢᠬᠦ ᠡᠪᠡᠰᠦ ᠮᠠᠯᠲᠠᠬᠤ ᠮᠡᠳᠦ ᠪᠠᠶᠢᠳᠠᠭ ᠃ ᠡᠭᠦᠨ ᠠᠴᠠ ᠭᠠᠳᠠᠨ᠎ᠠ ᠶᠠᠮᠠᠷ ᠣᠯᠠᠷᠢᠯ ᠭᠡᠵᠦ ᠢᠯᠭᠠᠯ ᠦᠭᠡᠢ ᠬᠠᠶᠠᠭᠳᠠᠮᠡᠯ ᠲᠡᠮᠣᠷ ᠲᠡᠭᠦᠭᠦ᠂ ᠬᠠᠶᠠᠭᠳᠠᠮᠠᠯ ᠵᠠᠰ ᠭᠠᠣᠯᠢ ᠲᠡᠭᠦᠬᠦ᠂ ᠬᠠᠶᠠᠭᠳᠠᠮᠠᠯ ᠶᠠᠰᠦ ᠲᠡᠭᠡᠰᠦ ᠲᠡᠭᠦᠬᠦ ᠁᠃ ᠮᠡᠳᠦ ᠶᠢᠨ ᠠᠵᠢᠯ ᠬᠢᠵᠦ ᠬᠤᠳᠠᠯᠳᠣᠨ ᠪᠢᠷ ᠴᠠᠭᠠᠰᠣᠨ ᠤ ᠵᠣᠭᠤᠰ ᠢᠶᠠᠨ ᠴᠦ ᠡᠪᠯᠡᠭᠦᠯᠵᠦ ᠭᠡᠷ ᠤᠨ ᠳᠠᠷᠣᠭᠠᠰᠦ ᠪᠠᠨ ᠬᠦᠩᠭᠡᠯᠡᠵᠦ ᠦᠭᠳᠡᠭ᠃         ᠬᠤᠷᠠᠭ᠎ᠠ ᠲᠣᠭᠤᠯ ᠰᠢᠭ᠋ ᠬᠦᠳᠡᠭᠡ ᠬᠡᠬᠡᠷ᠎ᠡ ᠡᠷᠬᠡ ᠳᠣᠷᠠᠪᠡᠷ ᠠᠯᠢᠶᠠᠷᠬᠠᠨ ᠲᠣᠭᠯᠠᠳᠠᠭ ᠭᠡᠨᠡᠨ ᠴᠠᠶᠢᠯᠭᠠᠨ ᠬᠡᠣᠬᠡᠳ ᠨᠠᠰᠦ᠂ ᠳᠠᠭᠤᠣ ᠵᠢᠷᠤᠭ ᠰᠢᠭ᠋ ᠰᠢᠯᠦᠭ ᠳᠠᠭᠤᠯᠠᠯ ᠰᠢᠭ᠋ ᠢᠷᠠᠭᠤᠬᠠᠨ ᠬᠤᠩᠭᠤᠷ ᠬᠡᠣᠬᠡᠳ ᠨᠠᠰᠦ ᠮᠢᠨᠢ ᠳᠣᠷᠠᠰᠣᠯ ᠲᠠᠢ ᠡ︕   ︵2019᠂07᠂01︶      
 
ᠢᠷᠡᠯᠲᠡ᠄ ᠬᠤᠯᠪᠤᠭ᠎ᠠ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号